ᠪᠦᠭᠦ ᠤᠯᠤᠰ ᠤᠨ ᠫᠤᠤᠳᠠᠯᠭ᠎ᠠ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ︵ᠭᠠᠷ ᠫᠤᠤ ᠶᠢᠨ ᠲᠥᠷᠥᠯ ᠵᠦᠢᠯ︶ ᠳᠤ ᠮᠠᠨ ᠤ ᠣᠷᠣᠨ ᠤ ᠲᠠᠮᠢᠷᠴᠢᠨ ᠮᠥᠩᠭᠦᠨ ᠮᠧᠳᠠᠯ ᠭᠠᠷᠳᠠᠪᠠ
ᠨᠡᠶᠢᠲᠡᠯᠡᠭᠰᠡᠨ ᠴᠠᠭ᠄
2024/9/27
     ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ ᠣᠶᠢᠷ᠎ᠠ  ᠳᠤ  ᠹᠦᠵᠢᠶᠠᠨ ᠮᠤᠵᠢ ᠳᠤ ᠶᠠᠪᠤᠭᠳᠠᠭᠰᠠᠨ 2024 ᠣᠨ ᠤ ᠪᠦᠭᠦ ᠤᠯᠤᠰ ᠤᠨ ᠫᠤᠤᠳᠠᠯᠭ᠎ᠠ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ︵ᠭᠠᠷ ᠫᠤᠤ ᠶᠢᠨ ᠲᠥᠷᠥᠯ ᠵᠦᠢᠯ︶ ᠳᠤ ᠮᠠᠨ ᠤ ᠣᠷᠣᠨ ᠤ ᠲᠠᠮᠢᠷᠴᠢᠨ ᠮᠥᠩᠭᠦᠨ ᠮᠧᠳᠠᠯ ᠭᠠᠷᠳᠠᠵᠠᠢ᠃      2024 ᠣᠨ ᠤ ᠪᠦᠭᠦ ᠤᠯᠤᠰ ᠤᠨ ᠫᠤᠤᠳᠠᠯᠭ᠎ᠠ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ︵ᠭᠠᠷ ᠫᠤᠤ ᠶᠢᠨ ᠲᠥᠷᠥᠯ ᠵᠦᠢᠯ︶ ᠳᠤ ᠪᠦᠭᠦ ᠤᠯᠤᠰ ᠤᠨ 31 ᠲᠥᠯᠥᠭᠡᠯᠡᠭᠴᠢᠳ ᠤᠨ ᠠᠩᠭᠢ ᠶᠢᠨ 415 ᠲᠠᠮᠢᠷᠴᠢᠨ ᠣᠷᠣᠯᠴᠠᠪᠠ᠃ ᠮᠠᠨ ᠤ ᠣᠷᠣᠨ ᠠᠴᠠ ᠨᠡᠶᠢᠲᠡ 13 ᠲᠠᠮᠢᠷᠴᠢᠨ ᠤᠷᠤᠯᠴᠠᠵᠤ᠂  ᠲᠠᠮᠢᠷᠴᠢᠨ ᠶᠠᠩ ᠸᠧᠢ᠂ ᠦ᠋ ᠷᠦᠢ 10 ᠮᠧᠲᠷ ᠤᠨ ᠬᠡᠶᠢᠲᠦ ᠭᠠᠷ ᠫᠤᠤ ᠶᠢᠨ ᠡᠷᠡᠭᠲᠡᠢ ᠡᠮᠡᠭᠲᠡᠢ ᠬᠠᠮᠲᠤᠷᠠᠭᠰᠠᠨ ᠪᠦᠯᠭᠦᠮ ᠤᠨ ᠰᠢᠢᠳᠪᠦᠷᠢᠲᠦ ᠤᠷᠤᠯᠳᠤᠭᠠᠨ ᠤ ᠮᠥᠩᠭᠦᠨ ᠮᠧᠳᠠᠯ ᠢ ᠭᠠᠷᠲᠠᠭᠰᠠᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号