ᠬᠡᠦᠬᠡᠳ ᠲᠤ ᠡᠬᠡ ᠶᠢᠨ ᠨᠥᠯᠥᠭᠡ ᠬᠠᠮᠤᠭ ᠠᠴᠠ ᠢᠯᠡᠭᠦᠦ
ᠨᠡᠶᠢᠲᠡᠯᠡᠭᠰᠡᠨ ᠴᠠᠭ᠄
2024/9/28
     ᠬᠡᠦᠬᠡᠳ ᠶᠡᠷᠦ ᠠᠴᠠ ᠡᠴᠢᠭᠡ ᠡᠬᠡ ᠪᠠᠨ ᠳᠠᠭᠤᠷᠢᠶᠠᠵᠤ ᠶᠠᠭᠤᠮ᠎ᠠ ᠰᠤᠷᠴᠤ᠂ ᠡᠴᠢᠭᠡ ᠡᠬᠡ ᠪᠠᠨ ᠳᠠᠭᠤᠷᠢᠶᠠᠵᠤ ᠬᠥᠮᠥᠨ ᠪᠤᠯᠳᠠᠭ᠃ ᠠᠷᠠᠳ ᠤᠨ ᠰᠡᠴᠡᠨ ᠦᠭᠡᠨ ᠳᠤ ︽ᠬᠡᠭᠡᠷ ᠠᠯᠠᠭ ᠠᠴᠠ ᠰᠢᠭᠢᠷ᠎ᠡ ᠠᠯᠠᠭ︾ ᠭᠡᠳᠡᠭ ᠦᠭᠡ ᠨᠢ ᠶᠠᠭ ᠡᠭᠦᠨ ᠢ ᠲᠣᠳᠣᠷᠬᠠᠶᠢᠯᠠᠵᠤ ᠬᠡᠯᠡᠵᠡᠢ᠃ ᠡᠴᠢᠭᠡ ᠡᠬᠡ ᠨᠢ ᠶᠠᠮᠠᠷ ᠬᠥᠮᠥᠨ ᠪᠣᠯ ᠬᠡᠦᠬᠡᠳ ᠠᠴᠢᠷ ᠨᠢ ᠲᠡᠶᠢᠮᠥ ᠬᠥᠮᠥᠨ ᠪᠤᠯᠳᠠᠭ᠂ ᠡᠶᠢᠮᠦ ᠠᠴᠠ ᠦᠷ᠎ᠡ ᠬᠡᠦᠬᠡᠳ ᠢᠶᠠᠨ ᠶᠠᠮᠠᠷ ᠬᠥᠮᠥᠨ ᠪᠣᠯᠭᠠᠨ ᠬᠥᠮᠥᠵᠢᠭᠦᠯᠦᠨ ᠪᠣᠶᠢᠵᠢᠭᠤᠯᠬᠤ ᠪᠤᠢ ᠭᠡᠳᠡᠭ ᠠᠰᠠᠭᠤᠯᠲᠠ ᠶᠢᠨ ᠬᠠᠷᠢᠭᠤᠯᠲᠠ ᠳᠤ ᠡᠴᠢᠭᠡ ᠡᠬᠡ ᠪᠣᠯᠣᠭᠰᠠᠳ ᠵᠤᠨᠬᠭᠢᠯᠠᠬᠤ ᠬᠠᠷᠢᠴᠠᠯ ᠢ ᠡᠵᠡᠯᠡᠨ᠎ᠡ᠃ ᠥᠭᠡᠷ᠎ᠡ ᠪᠠᠷ ᠬᠡᠯᠡᠪᠡᠯ ᠠᠶᠢᠯ ᠭᠡᠷ ᠤᠨ ᠡᠳᠦᠷ ᠲᠤᠳᠤᠮ ᠤᠨ ᠠᠳᠠᠯ ᠠᠮᠢᠳᠤᠷᠠᠯ᠂ ᠠᠵᠢᠯ ᠭᠦᠳᠡᠯᠮᠥᠷᠢ᠂ ᠦᠭᠡ ᠶᠠᠷᠢᠶ᠎ᠠ᠂ ᠤᠶᠢᠯᠡ ᠬᠥᠳᠡᠯᠦᠯ᠂ ᠵᠠᠩ ᠠᠷᠠᠨᠰᠢᠨ᠂ ᠡᠪ ᠨᠠᠶᠢᠷ᠂ ᠢᠳᠡᠬᠦ ᠤᠤᠭᠤᠬᠤ᠂ ᠡᠮᠦᠰᠴᠦ ᠵᠡᠭᠦᠬᠦ᠂ ᠰᠠᠭᠤᠵᠤ ᠬᠡᠪᠲᠡᠬᠦ ᠮᠡᠲᠦ ᠶᠢᠨ ᠠᠯᠢᠪᠠ ᠪᠦᠭᠦᠨ ᠪᠦᠷ ᠬᠡᠦᠬᠡᠳ ᠢ ᠰᠢᠭᠤᠳ ᠪᠤᠶᠤ ᠳᠠᠮ ᠢᠶᠠᠷ ᠨᠥᠯᠥᠭᠡᠯᠡᠳᠡᠭ᠃ ᠳᠠᠭᠤᠷᠢᠶᠠᠯ ᠤᠨ ᠬᠦᠴᠦᠨ ᠬᠢᠵᠠᠭᠠᠷ ᠦᠭᠡᠢ ᠶᠡᠭᠡ ᠭᠡᠳᠡᠭ ᠢᠶᠠᠷ ᠡᠴᠢᠭᠡ ᠡᠬᠡ ᠪᠣᠯᠣᠭᠰᠠᠳ ᠠᠯᠢᠪᠠ ᠵᠦᠢᠯ ᠬᠡᠦᠬᠡᠳ ᠤᠨ ᠥᠰᠦᠯᠲᠡ ᠪᠤᠶᠢᠵᠢᠯᠲᠠ᠂ ᠰᠤᠷᠭᠠᠨ ᠬᠥᠮᠦᠵᠢᠯ ᠳᠤ ᠦᠯᠦ ᠮᠡᠳᠡᠭ ᠨᠡᠪᠴᠢᠨ ᠣᠷᠣᠳᠠᠭ ᠠᠵᠤᠭᠤ᠃      ᠬᠡᠦᠬᠡᠳ ᠤᠨ ᠥᠰᠦᠯᠲᠡ ᠪᠤᠶᠢᠵᠢᠯᠲᠠ᠂ ᠬᠥᠮᠥᠨ ᠪᠤᠯᠬᠤ ᠪᠦᠭᠦ ᠶᠠᠪᠤᠴᠠ ᠳᠤ ᠡᠬᠡ ᠡᠴᠢᠭᠡ ᠶᠢᠨ ᠨᠥᠯᠥᠭᠡ ᠲᠤᠰᠬᠠᠯ ᠬᠠᠮᠤᠭ ᠤᠨ ᠶᠡᠭᠡ ᠪᠠᠶᠢᠳᠠᠭ ᠴᠦ ᠡᠭᠦᠨ ᠤ ᠳᠣᠲᠣᠷ᠎ᠠ ᠡᠬᠡ ᠬᠥᠮᠥᠨ ᠤ ᠨᠥᠯᠥᠭᠡ ᠲᠤᠰᠬᠠᠯ ᠨᠢ ᠬᠠᠷᠢᠴᠠᠩᠭᠤᠢ ᠪᠠᠷ ᠡᠴᠢᠭᠡ ᠶᠢᠨ ᠨᠥᠯᠥᠭᠡ ᠲᠤᠰᠬᠠᠯ ᠠᠴᠠ ᠶᠡᠭᠡ ᠪᠠᠶᠢᠳᠠᠭ᠃ ᠤᠴᠢᠷ ᠨᠢ ᠡᠬᠡ ᠬᠥᠮᠥᠨ ᠬᠡᠦᠬᠡᠳ ᠢᠶᠠᠨ ᠲᠦᠷᠦᠭᠦ ᠠᠴᠠ ᠡᠬᠢᠯᠡᠭᠡᠳ ᠥᠰᠬᠡᠵᠦ ᠪᠣᠶᠢᠵᠢᠭᠤᠯᠬᠤ ᠬᠦᠨᠳᠦ ᠶᠡᠭᠡ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠵᠦ ᠪᠠᠶᠢᠳᠠᠭ ᠲᠤ ᠣᠷᠣᠰᠢᠨ᠎ᠠ᠃ ᠡᠬᠡ ᠬᠥᠮᠥᠨ ᠤ ᠡᠨᠡ ᠬᠦ ᠠᠴᠢ ᠭᠠᠪᠢᠶ᠎ᠠ ᠶᠢ ᠥᠨᠢᠳᠡ ᠪᠠᠲᠤ ᠴᠡᠭᠡᠵᠢᠯᠡᠬᠦ ᠡᠭᠦᠳᠡᠨ ᠠᠴᠠ ᠬᠥᠮᠥᠨ ᠲᠥᠷᠥᠯᠬᠢᠲᠡᠨ ᠪᠦᠭᠦᠳᠡᠭᠡᠷ ᠢᠶᠠᠨ ᠡᠬᠡ ᠬᠥᠮᠥᠰ ᠢ ᠭᠦᠨᠳᠥᠤᠨᠭᠡᠵᠤ᠂ ᠬᠠᠶᠢᠷᠠᠯᠠᠵᠤ ᠶᠠᠪᠤᠬᠤ ᠴᠢᠬᠤᠯᠠᠲᠠᠢ ᠶᠤᠮ᠃      ᠡᠬᠡ ᠬᠥᠮᠥᠨ ᠡᠩᠬᠦᠷᠡᠢ ᠦᠷ᠎ᠡ ᠪᠠᠨ ᠠᠷᠪᠠᠨ ᠰᠠᠷ᠎ᠠ ᠬᠡᠪᠡᠯᠢ ᠳᠡᠭᠡᠨ ᠲᠡᠭᠡᠭᠡᠵᠦ᠂ ᠠᠯᠢ ᠪᠠᠶᠢᠳᠠᠭ ᠰᠢᠮ᠎ᠡ ᠲᠡᠵᠢᠭᠡᠯ᠂ ᠴᠢᠰᠤ ᠮᠢᠬ᠎ᠠ᠂ ᠬᠦᠴᠦ ᠴᠢᠳᠠᠯ ᠢᠶᠠᠨ ᠦᠷ᠎ᠡ ᠳᠡᠭᠡᠨ ᠶᠡᠭᠦᠯᠡᠵᠦ ᠬᠥᠮᠥᠨ ᠪᠣᠯᠭᠠᠳᠠᠭ᠃ ᠡᠨᠡ ᠲᠤᠬᠠᠢ ᠲᠤᠰᠬᠠᠢ ᠮᠡᠷᠭᠡᠵᠢᠯᠲᠡᠳ ᠤᠨ ᠲᠠᠶᠢᠯᠪᠤᠷᠢᠯᠠᠬᠤ ᠪᠠᠷ᠂ ᠬᠡᠦᠬᠡᠳ ᠡᠬᠡ ᠶᠢᠨ ᠢᠶᠠᠨ ᠬᠡᠪᠡᠯᠢ ᠳᠤ ᠬᠥᠮᠥᠨ ᠪᠣᠯᠵᠤ ᠪᠣᠶᠢᠵᠢᠬᠤ ᠶᠠᠪᠤᠴᠠ ᠳᠠᠭᠠᠨ ᠴᠠᠭ ᠢᠮᠠᠭᠲᠠ ᠡᠬᠡ ᠶᠢᠨ ᠢᠶᠠᠨ ᠳᠠᠭᠤ ᠠᠪᠢᠶ᠎ᠠ᠂ ᠵᠠᠩ ᠠᠷᠠᠨᠰᠢᠨ᠂ ᠬᠥᠳᠡᠯᠦᠯ ᠪᠠᠶᠢᠳᠠᠯ ᠢ  ᠨᠢ ᠴᠢᠩᠨᠠᠵᠤ᠂ ᠰᠣᠨᠣᠰᠴᠤ ᠰᠢᠩᠭᠡᠬᠡᠨ ᠠᠪᠳᠠᠭ ᠭᠡᠨ᠎ᠡ᠃ ᠡᠨᠡ ᠨᠢ ᠬᠡᠦᠬᠡᠳ ᠬᠥᠮᠥᠨ ᠪᠣᠯᠵᠤ ᠪᠣᠶᠢᠵᠢᠬᠤ ᠲᠠᠷᠠ ᠴᠠᠭ ᠮᠥᠴᠡ ᠠᠴᠠ ᠡᠬᠢᠯᠡᠵᠦ᠂ ᠡᠬᠡ ᠪᠠᠨ ᠲᠠᠨᠢᠵᠤ᠂ ᠡᠬᠡ ᠶᠢᠨ ᠢᠶᠠᠨ ᠨᠥᠯᠥᠭᠡ ᠲᠤᠰᠬᠠᠯ ᠢ ᠭᠦᠷᠲᠡᠳᠡᠭ ᠭᠡᠰᠡᠨ ᠢ ᠮᠠᠰᠢ ᠲᠣᠳᠣᠷᠬᠠᠢ ᠨᠤᠲᠠᠯᠠᠵᠤ ᠥᠭᠴᠡᠢ᠃ ᠡᠬᠡ ᠬᠥᠮᠥᠨ ᠬᠡᠦᠬᠡᠳ ᠢᠶᠠᠨ ᠲᠦᠷᠦᠭᠰᠡᠨ ᠠᠴᠠ ᠬᠤᠶᠢᠰᠢ ᠴᠦ ᠬᠡᠦᠬᠡᠳ ᠢᠶᠠᠨ ᠪᠣᠶᠢᠵᠢᠭᠤᠯᠵᠤ ᠲᠣᠷᠨᠢᠭᠤᠯᠤᠨ᠎ᠠ ᠭᠡᠵᠦ ᠪᠤᠢ ᠪᠦᠬᠦᠢ ᠤᠭᠤᠷᠠᠭ ᠰᠢᠮ᠎ᠡ᠂ ᠤᠶᠤᠨ ᠤᠬᠠᠭᠠᠨ᠂ ᠬᠦᠴᠦᠨ ᠴᠢᠳᠠᠯ ᠢᠶᠠᠨ ᠰᠢᠪᠬᠠᠵᠤ ᠠᠷᠠᠴᠢᠯᠠᠵᠤ ᠳᠣᠳᠣᠮᠳᠠᠳᠠᠭ᠃ ᠪᠦᠪᠡᠢ ᠶᠢᠨ ᠳᠠᠭᠤᠤ ᠪᠠᠨ ᠠᠶᠠᠯᠠᠨ᠂ ᠬᠥᠬᠦᠨ ᠰᠦ ᠪᠠᠨ ᠢᠪᠢᠯᠳᠡᠭ᠂ ᠬᠥᠷᠪᠡᠵᠦ ᠤᠷᠪᠠᠭ᠋ᠤ ᠳᠤᠨᠢ ᠤᠨᠠᠬᠤ ᠲᠤᠰᠬᠤ᠂ ᠮᠥᠷᠭᠦᠬᠦ ᠠᠴᠠ ᠠᠶᠤᠵᠤ ᠬᠢᠴᠢᠶᠡᠳᠡᠭ᠂ ᠶᠤᠭᠤᠵᠤ ᠮᠥᠯᠬᠦᠬᠦ ᠦᠶ᠎ᠡ  ᠳᠤᠨᠢ ᠭᠠᠷ ᠬᠥᠯ ᠠᠴᠠ ᠨᠢ ᠳᠠᠮᠨᠠᠵᠤ ᠬᠦᠴᠦᠯᠡᠵᠦ ᠵᠣᠷᠢᠭᠵᠢᠭᠤᠯᠳᠠᠭ᠂ ᠲᠡᠨᠲᠦᠷ ᠮᠥᠨᠳᠥᠷ ᠠᠯᠬᠤᠵᠤ ᠰᠤᠷᠬᠤ ᠳᠤᠨᠢ ᠤᠷᠮ᠎ᠠ ᠬᠠᠶᠢᠷᠠᠯᠠᠵᠤ᠂ ᠵᠣᠷᠢᠭ ᠬᠦᠴᠦ ᠥᠭᠴᠦ ᠤᠷᠤᠭᠰᠢ ᠨᠢ ᠬᠥᠲᠥᠯᠳᠡᠭ᠃ ᠡᠨᠡ ᠪᠣᠯ ᠡᠬᠡ ᠬᠥᠮᠥᠨ ᠤ ᠠᠭᠤᠤ ᠶᠡᠭᠡ ᠬᠠᠶᠢᠷ᠎ᠠ᠂ ᠥᠭᠡᠷ᠎ᠡ ᠶᠠᠮᠠᠷ ᠴᠤ ᠶᠠᠭᠤᠮ᠎ᠠ ᠪᠠᠷ ᠣᠷᠤᠯᠠᠭᠳᠠᠰᠢ ᠦᠭᠡᠢ ᠠᠴᠢ ᠢᠪᠡᠭᠡᠯ ᠪᠠᠶᠢᠭ᠎ᠠ ᠶᠤᠮ᠃ ᠬᠡᠦᠬᠡᠳ ᠦᠭᠡ ᠭᠡᠯᠡ ᠰᠤᠷᠴᠤ᠂ ᠬᠥᠯ ᠳᠤ ᠣᠷᠣᠮᠠᠭᠴᠠ ᠡᠬᠡ ᠪᠠᠨ ᠬᠤᠷᠮᠣᠶᠢᠳᠠᠵᠤ ᠳᠠᠭᠠᠭᠠᠤᠨ ᠬᠡᠯᠡᠬᠦ ᠦᠭᠡ᠂ ᠬᠢᠬᠦ ᠠᠵᠢᠯ ᠪᠦᠭᠦᠳᠡ ᠶᠢ ᠨᠢ ᠦ ᠰᠡᠪ ᠦᠭᠡᠢ ᠳᠠᠭᠤᠷᠢᠶᠠᠵᠤ ᠭᠦᠢᠴᠡᠳᠬᠡᠳᠡᠭ᠃ ᠳᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠳᠤ ᠨᠢᠭᠡᠨ ᠮᠠᠯᠴᠢᠨ ᠠᠶᠢᠯ ᠳᠤ ᠡᠶᠢᠮᠦ ᠨᠢᠭᠡᠨ ᠥᠯᠢᠭᠡᠷ ᠡᠭᠦᠰᠴᠡᠢ᠄ ᠨᠢᠭᠡᠨ ᠪᠦᠰᠡᠭᠦᠢ 2 ᠨᠠᠰᠤᠲᠠᠢ ᠬᠦᠦ ᠪᠠᠨ ᠬᠥᠬᠦᠭᠦᠯᠦᠭᠡᠳ ᠰᠠᠭᠤᠵᠤ ᠪᠠᠶᠢᠲᠠᠯ᠎ᠠ ᠭᠡᠨᠡᠳᠲᠡ ᠦᠨᠢᠶ᠎ᠡ ᠲᠤᠭᠤᠯ ᠤᠨ ᠮᠥᠭᠡᠷᠡᠯᠳᠦᠬᠦ ᠳᠠᠭᠤᠨ ᠭᠠᠷᠤᠭᠰᠠᠨ ᠳᠤ᠂ ᠪᠦᠰᠡᠭᠦᠢ ᠬᠦᠦ ᠪᠠᠨ ᠲᠦᠯᠬᠢᠵᠦ ᠲᠠᠯᠪᠢᠮᠠᠭᠴᠠ ᠶᠠᠭᠠᠷᠠᠤ ᠰᠠᠨᠳᠤᠷᠤᠤ ᠭᠦᠶᠦᠵᠦ ᠭᠠᠷᠬᠤ ᠳᠠᠭᠠᠨ ᠬᠠᠲᠠᠪᠴᠢᠨ ᠳᠠᠭᠠᠨ ᠪᠦᠳᠦᠷᠢᠵᠦ ᠰᠠᠨᠠᠭᠠᠨ ᠳᠤ ᠦᠭᠡᠢ ︽ᠢᠯᠡᠢ ᠬᠠᠯᠠᠭ︾ ᠬᠡᠮᠡᠨ ᠶᠡᠬᠡᠳᠡ ᠤᠤᠯᠭ᠎ᠠ ᠠᠯᠳᠠᠵᠠᠢ᠃ ᠲᠦᠯᠬᠢᠭᠳᠡᠵᠦ ᠬᠤᠴᠣᠷᠤᠭᠰᠠᠨ ᠬᠦᠦ ᠡᠭᠦᠨ ᠢ ᠨᠢ ᠰᠣᠨᠣᠰᠤᠭᠰᠠᠨ ᠠᠴᠠ ᠬᠤᠶᠢᠰᠢ᠂ ᠶᠠᠭᠤᠮ᠎ᠠ ᠪᠦᠭᠦᠨ ᠳᠤ ︽ᠢᠯᠡᠢ ᠬᠠᠯᠠᠭ︾ ᠭᠡᠳᠡᠭ ᠪᠣᠯᠤᠭᠰᠠᠨ ᠭᠡᠨ᠎ᠡ᠃ ᠬᠡᠨ ᠴᠢᠮ᠎ᠠ ᠳᠤ ᠵᠢᠭᠠᠵᠤ ᠥᠭᠭᠦᠭᠰᠡᠨ ᠶᠤᠮ ᠪᠤᠢ ᠭᠡᠵᠦ ᠠᠰᠠᠭᠤᠭᠰᠠᠨ ᠳᠤ᠂ ᠪᠢ ᠡᠵᠢ ᠠᠴᠠ ᠪᠠᠨ ᠰᠤᠷᠤᠬᠰᠠᠨ ᠭᠡᠵᠦ ᠬᠡᠯᠡᠭᠡᠳ ᠢᠨᠢᠶᠡᠳᠦᠮ ᠱᠤᠭ ᠪᠣᠯᠵᠤ ᠪᠠᠶᠢᠭᠰᠠᠨ ᠭᠡᠳᠡᠭ᠃      ᠡᠨᠡ ᠶᠠᠭᠤ ᠶᠢ ᠬᠠᠷᠠᠭᠤᠯᠵᠤ ᠪᠠᠶᠢᠬᠤ ᠪᠤᠢ ᠭᠡᠪᠡᠯ ᠳᠠᠷᠤᠢ ᠬᠡᠦᠬᠡᠳ ᠤᠨ ᠳᠠᠭᠤᠷᠢᠶᠠᠬᠤ ᠠᠪᠢᠶᠠᠰ ᠮᠥᠨ᠃ ᠬᠡᠦᠬᠡᠳ ᠤᠨ ᠳᠠᠭᠤᠷᠢᠶᠠᠬᠤ ᠴᠢᠳᠠᠪᠤᠷᠢ ᠣᠨᠴᠠ ᠰᠠᠶᠢᠨ᠂ ᠡᠨᠡ ᠬᠦ ᠴᠢᠳᠠᠪᠤᠷᠢ ᠪᠠᠷ ᠢᠶᠠᠨ ᠲᠣᠮᠣᠴᠤᠤᠯ ᠠᠴᠠ ᠪᠠᠨ ᠶᠠᠭᠤᠮ᠎ᠠ ᠰᠤᠷᠤᠨ᠎ᠠ᠂ ᠦᠭᠡ ᠶᠠᠷᠢᠶ᠎ᠠ᠂ ᠤᠶᠢᠯᠡ ᠬᠥᠳᠡᠯᠦᠯ᠂ ᠠᠵᠢᠯ ᠭᠦᠳᠡᠯᠮᠥᠷᠢ᠂ ᠠᠮᠢᠳᠤᠷᠠᠯ ᠠᠬᠤᠢ ᠨᠠᠭᠠᠳᠤᠮ ᠲᠣᠭᠯᠠᠭᠠᠮ ᠭᠡᠳ ᠥᠷᠲᠥᠭᠰᠡᠨ ᠪᠦᠭᠦᠨ ᠠᠴᠠ ᠢᠯᠭᠠᠯ ᠦᠭᠡᠢ ᠰᠤᠷᠴᠤ ᠠᠪᠳᠠᠭ᠃ ᠡᠨᠡ ᠪᠣᠯ ᠬᠡᠦᠬᠡᠳ ᠤᠨ ᠥᠪᠡᠷᠮᠢᠴᠡ ᠣᠨᠴᠠᠯᠢᠭ ᠤᠨ ᠨᠢᠭᠡ ᠪᠣᠯᠣᠨ᠎ᠠ᠃ ᠲᠡᠭᠡᠭᠦ ᠳᠤ ᠴᠠᠭ ᠢᠮᠠᠭᠲᠠ ᠳᠡᠷᠭᠡᠳᠡ ᠠᠴᠠ ᠨᠢ ᠰᠠᠯᠳᠠᠭ ᠦᠭᠡᠢ ᠡᠬᠡ ᠶᠢᠨ ᠨᠥᠯᠥᠭᠡ ᠲᠤᠰᠬᠠᠯ ᠬᠠᠮᠤᠭ ᠠᠴᠠ ᠶᠡᠭᠡ᠂ ᠳᠠᠭᠠᠵᠤ ᠳᠠᠭᠤᠷᠢᠶᠠᠬᠤ ᠵᠦᠢᠯᠡᠰ ᠨᠢ ᠴᠦ ᠵᠠᠶᠢᠯᠠᠰᠢ ᠦᠭᠡᠢ ᠬᠠᠮᠤᠭ ᠤᠨ ᠠᠷᠪᠢᠨ ᠪᠠᠶᠢᠳᠠᠭ ᠤᠴᠢᠷᠲᠠᠢ᠃ ᠡᠶᠢᠮᠦ ᠠᠴᠠ ᠬᠡᠦᠬᠡᠳ ᠠᠩᠭ᠎ᠠ ᠪᠠᠭ᠎ᠠ ᠨᠠᠰᠤᠨ ᠳᠠᠭᠠᠨ ᠡᠬᠡ ᠪᠠᠨ ᠳᠠᠭᠤᠷᠢᠶᠠᠵᠤ ᠪᠣᠶᠢᠵᠢᠵᠤ ᠲᠣᠷᠨᠢᠳᠠᠭ ᠭᠡᠬᠦ ᠳᠤ ᠢᠯᠡᠭᠦᠳᠡᠬᠦ ᠵᠦᠢᠯ ᠠᠯᠠᠭ᠎ᠠ᠃  ᠬᠡᠦᠬᠡᠳ ᠤᠨ ᠳᠠᠭᠤᠷᠢᠶᠠᠬᠤ ᠤᠨᠴᠠᠭᠠᠢ ᠠᠪᠢᠶᠠᠰ ᠴᠢᠳᠠᠪᠤᠷᠢ ᠶᠢᠨ ᠡᠮᠦᠨ᠎ᠡ᠂ ᠡᠬᠡ ᠪᠣᠯᠣᠭᠰᠠᠳ ᠪᠡᠶ᠎ᠡ ᠳᠡᠭᠡᠨ ᠡᠷᠬᠡᠪᠰᠢ ᠴᠢᠩᠭ᠎ᠠ ᠱᠠᠭᠠᠷᠳᠠᠯᠭ᠎ᠠ ᠲᠠᠯᠪᠢᠵᠤ᠂ ᠠᠯᠢᠪᠠ ᠰᠠᠶᠢᠨ ᠰᠠᠶᠢᠬᠠᠨ ᠤ ᠥᠯᠢᠭᠡᠷ ᠵᠢᠱᠢᠶ᠎ᠡ᠂ ᠬᠡᠪ ᠳᠠᠭᠤᠷᠢᠶᠠᠯ ᠪᠤᠯᠬᠤ ᠴᠢᠬᠤᠯᠠᠲᠠᠢ᠃ ᠵᠢᠱᠢᠶᠡᠯᠡᠬᠦ ᠳᠤ᠂ ᠦᠭᠡ ᠶᠠᠷᠢᠶ᠎ᠠ ᠪᠣᠯᠪᠠᠰᠤᠨ ᠶᠣᠰᠣᠷᠬᠠᠭ᠂ ᠤᠶᠢᠯᠡ ᠠᠵᠢᠯᠯᠠᠭ᠎ᠠ ᠤᠶᠠᠨ ᠬᠠᠳᠠᠨ᠂ ᠨᠠᠷᠢᠨ ᠬᠢᠨᠠᠮᠠᠭᠠᠢ ᠮᠥᠷᠲᠡᠭᠡᠨ ᠳᠠᠭᠠᠭᠠᠮᠠᠭᠠᠢ᠂ ᠠᠵᠢᠯᠴᠢ ᠭᠦᠳᠡᠯᠮᠥᠷᠢᠴᠢ᠂ ᠠᠷᠪᠢᠴᠢ ᠪᠣᠷᠣᠭᠵᠢᠭᠤᠨ᠂ ᠭᠡᠷ ᠵᠠᠭᠤᠷ᠎ᠠ ᠪᠠᠨ ᠡᠶᠡᠯᠰᠡᠭ ᠳᠣᠲᠣᠨᠣ᠂ ᠨᠠᠰᠤᠲᠠᠨ ᠲᠣᠮᠣᠭᠠᠲᠠᠨ ᠢᠶᠠᠨ ᠬᠠᠶᠢᠷᠠᠯᠠᠨ ᠬᠦᠨᠳᠦᠯᠡᠳᠡᠭ᠂ ᠠᠶᠢᠯ ᠰᠠᠭᠠᠬᠠᠯᠲᠠ ᠲᠠᠢ ᠪᠠᠨ ᠡᠪᠲᠡᠢ ᠨᠠᠶᠢᠷᠲᠠᠢ᠂ ᠥᠪᠡᠷ ᠤᠨ ᠪᠡᠶ᠎ᠡ ᠳᠡᠭᠡᠨ ᠴᠢᠩᠭ᠎ᠠ ᠱᠠᠭᠠᠷᠳᠠᠯᠭ᠎ᠠ ᠲᠠᠢ᠂ ᠴᠠᠭ ᠢᠮᠠᠭᠲᠠ ᠴᠢᠷᠮᠠᠶᠢᠨ ᠰᠤᠷᠤᠯᠴᠠᠳᠠᠭ᠂ ᠤᠷᠤᠭᠰᠢ ᠲᠠᠪᠰᠢᠬᠤ ᠬᠦᠰᠡᠯ ᠵᠣᠷᠢᠯᠲᠠ ᠲᠠᠢ ᠪᠠᠶᠢᠬᠤ ᠵᠡᠷᠭᠡ ᠤᠯᠠᠨ ᠲᠠᠯ᠎ᠠ ᠪᠠᠷ ᠬᠡᠪ ᠳᠠᠭᠤᠷᠢᠶᠠᠯ ᠪᠤᠯᠬᠤ ᠶᠢ ᠬᠢᠴᠢᠶᠡᠬᠦ ᠬᠡᠷᠡᠭᠲᠡᠢ᠃ ᠢᠩᠭᠢᠪᠡᠯ ᠰᠠᠶ᠋ᠢ ᠬᠡᠦᠬᠡᠳ ᠡᠴᠢᠭᠡ ᠡᠬᠡ ᠪᠠᠨ ᠬᠥᠰᠡᠷᠳᠡᠭᠦᠯᠬᠦ ᠦᠭᠡᠢ᠂ ᠡᠯᠪᠡᠷᠢᠯ ᠵᠢᠷᠤᠮ ᠲᠠᠢ᠂ ᠨᠡᠶᠢᠭᠡᠮ ᠨᠡᠶᠢᠲᠡ᠂ ᠤᠯᠤᠰ ᠣᠷᠣᠨ ᠳᠠᠭᠠᠨ ᠬᠡᠷᠡᠭᠴᠡᠭᠡ ᠲᠠᠢ ᠬᠥᠮᠥᠨ ᠪᠣᠯᠵᠤ ᠴᠢᠳᠠᠨ᠎ᠠ︕
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号