︽ᠬᠤᠶᠠᠷ ᠬᠡᠮᠵᠢᠯᠲᠦ ᠺᠣᠳ᠋ ᠡᠭᠦᠳᠡᠨ ᠫᠠᠶᠢᠰᠠ︾ ᠶᠢ ᠬᠡᠷᠡᠭᠯᠡᠬᠦ ᠳᠤ ᠰᠠᠶᠢᠨ ᠪᠥᠭᠡᠳ ᠠᠮᠤᠷ ᠲᠦᠪᠰᠢᠨ ᠢ ᠪᠠᠲᠤᠯᠠᠨ᠎ᠠ
ᠨᠡᠶᠢᠲᠡᠯᠡᠭᠰᠡᠨ ᠴᠠᠭ᠄
2024/7/11
   ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾ ᠪᠣᠯ ᠤᠯᠠᠮᠵᠢᠯᠠᠯᠲᠤ ᠡᠭᠦᠳᠡᠨ ᠫᠠᠶᠢᠰᠠ ᠶᠢᠨ ᠰᠠᠭᠤᠷᠢᠨ ᠳᠡᠭᠡᠷ᠎ᠡ ᠬᠤᠶᠠᠷ ᠬᠡᠮᠵᠢᠯᠲᠦ ᠺᠣᠳ᠋  ᠤᠨ ᠮᠡᠷᠭᠡᠵᠢᠯ ᠢ ᠬᠡᠷᠡᠭᠯᠡᠵᠦ᠂ ᠡᠭᠦᠳᠡᠨ ᠫᠠᠶᠢᠰᠠ ᠶᠢ ᠲᠡᠮᠳᠡᠭ ᠫᠠᠶᠢᠰᠠ ᠶᠢᠨ ᠴᠢᠳᠠᠪᠤᠷᠢ ᠲᠠᠢ ᠪᠣᠯᠭᠠᠬᠤ ᠪᠠᠷ ᠪᠠᠷᠠᠬᠤ ᠦᠭᠡᠢ ᠪᠠᠰᠠ ᠮᠡᠳᠡᠭᠡ ᠵᠠᠩᠭᠢ ᠳᠠᠮᠵᠢᠭᠤᠯᠬᠤ᠂ ᠲᠤᠭ᠎ᠠ ᠪᠠᠷᠢᠮᠲᠠ ᠶᠢ ᠰᠣᠯᠢᠯᠴᠠᠬᠤ ᠴᠢᠳᠠᠪᠤᠷᠢ ᠲᠠᠢ ᠪᠣᠯᠭᠠᠪᠠ᠃ ᠣᠶᠢᠷ᠎ᠠ ᠶᠢᠨ ᠵᠢᠯ ᠠᠴᠠ ᠡᠨᠡᠬᠦ ᠰᠢᠨ᠎ᠡ ᠶᠢ ᠡᠭᠦᠳᠬᠦ ᠠᠷᠭ᠎ᠠ ᠬᠡᠮᠵᠢᠶ᠎ᠡ ᠶᠢ ᠨᠢᠭᠡᠨᠲᠡ ᠤᠯᠠᠨ ᠭᠠᠵᠠᠷ ᠲᠤ ᠬᠡᠷᠡᠭᠯᠡᠵᠦ᠂ ᠣᠶᠤᠨᠲᠤ ᠬᠤᠳᠠ ᠶᠢᠨ ᠪᠦᠲᠦᠭᠡᠨ ᠪᠠᠶᠢᠭᠤᠯᠤᠯᠲᠠ ᠳᠤ ᠬᠦᠴᠦᠨ ᠨᠡᠮᠡᠷᠢᠯᠡᠵᠦ᠂ ︽ᠲᠤᠭ᠎ᠠ ᠪᠠᠷᠢᠮᠲᠠ ᠶᠢ ᠢᠯᠡᠭᠦᠬᠡᠨ ᠳᠠᠮᠵᠢᠭᠤᠯᠵᠤ᠂ ᠤᠯᠠᠨ ᠲᠦᠮᠡᠨ ᠳᠤ ᠲᠦᠭᠦᠮ ᠦᠵᠡᠭᠦᠯᠬᠦ︾ ᠶᠢ ᠠᠬᠢᠭᠤᠯᠪᠠ᠃       ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾ ᠨᠢ ᠬᠤᠲᠠ ᠶᠢᠨ ᠬᠠᠮᠢᠶᠠᠷᠤᠯᠲᠠ ᠶᠢᠨ ᠦᠷ᠎ᠡ ᠪᠦᠲᠦᠮᠵᠢ ᠶᠢ ᠳᠡᠭᠡᠭᠰᠢᠯᠡᠭᠦᠯᠪᠡ᠃ ᠲᠣᠭᠠᠴᠢᠯᠠᠭᠰᠠᠨ ᠠᠷᠭ᠎ᠠ ᠪᠠᠷᠢᠯ ᠢᠶᠠᠷ ᠳᠠᠮᠵᠢᠭᠤᠯᠤᠨ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ᠂ ᠳᠣᠲᠣᠭᠠᠳᠤ ᠶᠢ ᠬᠠᠮᠠᠭᠠᠯᠠᠬᠤ᠂ ᠠᠷᠠᠳ ᠤᠨ ᠶᠠᠪᠤᠳᠠᠯ ᠵᠡᠷᠭᠡ ᠡᠯ᠎ᠡ ᠰᠠᠯᠠᠭ᠎ᠠ ᠮᠥᠴᠢᠷ ᠤᠳ ᠤᠨ ᠲᠠᠷᠠᠬᠠᠢ ᠪᠤᠲᠠᠷᠬᠠᠢ ᠮᠡᠳᠡᠭᠡ ᠵᠠᠩᠭᠢ ᠶᠢ ᠡᠮᠬᠢᠯᠡᠨ ᠨᠡᠶᠢᠯᠡᠭᠦᠯᠵᠦ᠂ ᠰᠠᠯᠠᠭ᠎ᠠ ᠮᠥᠴᠢᠷ ᠤᠨ ᠬᠤᠭᠤᠷᠣᠨᠳᠣᠬᠢ ᠮᠡᠳᠡᠭᠡ ᠵᠠᠩᠭᠢ ᠶᠢᠨ  ᠰᠠᠭᠠᠳ ᠶᠢ ᠡᠪᠳᠡᠵᠦ᠂ ᠮᠡᠳᠡᠭᠡ ᠵᠠᠩᠭᠢ ᠶᠢ ᠬᠠᠷᠢᠯᠴᠠᠨ ᠨᠠᠪᠲᠠᠷᠡᠭᠦᠯᠵᠦ ᠬᠠᠮᠲᠤ ᠪᠠᠷ  ᠬᠤᠪᠢᠶᠠᠯᠴᠠᠨ ᠡᠳ᠋ᠯᠡᠬᠦ ᠶᠢ ᠪᠡᠶᠡᠯᠡᠭᠦᠯᠵᠦ ᠴᠢᠳᠠᠨ᠎ᠠ᠃ ᠮᠡᠳᠡᠭᠡ ᠵᠠᠩᠭᠢ ᠶᠢ ᠬᠠᠮᠲᠤ ᠳᠠᠭᠠᠨ ᠡᠳ᠋ᠯᠡᠬᠦ ᠲᠣᠭᠲᠠᠴᠠ ᠨᠢ ᠬᠤᠲᠠ ᠶᠢᠨ ᠬᠠᠮᠢᠶᠠᠷᠤᠭᠴᠢᠳ ᠤᠨ ᠬᠤᠲᠠ ᠶᠢᠨ ᠠᠵᠢᠯᠯᠠᠭᠠᠨ ᠤ ᠪᠠᠶᠢᠳᠠᠯ ᠢ ᠨᠡᠩ ᠪᠦᠬᠦ ᠲᠠᠯ᠎ᠠ ᠪᠠᠷ ᠣᠶᠢᠯᠠᠭᠠᠵᠤ᠂ ᠰᠢᠢᠳᠪᠦᠷᠢᠲᠦ ᠪᠣᠳᠣᠯᠭ᠎ᠠ ᠲᠣᠭᠲᠠᠭᠠᠬᠤ ᠳᠤ ᠰᠢᠨᠵᠢᠯᠡᠬᠦ ᠤᠬᠠᠭᠠᠨᠴᠢ ᠦᠨᠳᠦᠰᠦᠯᠡᠯ ᠬᠠᠩᠭᠠᠬᠤ ᠳᠤ ᠠᠰᠢᠭ ᠲᠠᠢ ᠶᠤᠮ᠃            ︽ᠬᠤᠶᠠᠷ ᠬᠡᠮᠵᠢᠯᠲᠦ ᠺᠣᠳ᠋ ᠡᠭᠦᠳᠡᠨ ᠫᠠᠶᠢᠰᠠ︾ ᠨᠢ ᠰᠠᠭᠤᠭᠠᠯᠢ ᠠᠷᠠᠳ ᠤᠨ ᠠᠮᠢᠳᠤᠷᠠᠯ ᠳᠤ ᠳᠥᠭᠦᠮ ᠦᠵᠡᠭᠦᠯᠪᠡ᠃ ᠰᠠᠭᠤᠭᠠᠯᠢ ᠠᠷᠠᠳ ᠲᠤ ᠠᠪᠴᠤ ᠬᠡᠯᠡᠪᠡᠯ᠂ ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾   ᠨᠢ ᠭᠡᠷ ᠤᠨ ᠲᠡᠮᠳᠡᠭ ᠪᠣᠯᠬᠤ ᠪᠠᠷ ᠪᠠᠷᠠᠬᠤ ᠦᠭᠡᠢ᠂ ᠨᠠᠩ ᠴᠤ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡ   ᠬᠠᠩᠭᠠᠬᠤ ᠴᠣᠩᠬᠤ ᠪᠣᠯᠣᠨ᠎ᠠ᠃ ᠬᠤᠶᠠᠷ ᠬᠡᠮᠵᠢᠯᠲᠦ ᠺᠣᠳ᠋ ᠢ ᠰᠢᠷᠪᠢᠬᠦ ᠪᠠᠷ ᠳᠠᠮᠵᠢᠭᠤᠯᠤᠨ᠂ ᠰᠠᠭᠤᠭᠠᠯᠢ ᠠᠷᠠᠳ ᠨᠡᠶᠢᠭᠡᠮ ᠲᠣᠭᠤᠷᠢᠭ ᠤᠨ ᠠᠯᠪᠠᠨ ᠵᠠᠷ᠂ ᠠᠳᠠᠯ ᠠᠬᠤᠢ ᠶᠢᠨ ᠦᠢᠯᠡᠴᠢᠯᠡᠭᠡ᠂ ᠡᠷᠬᠢᠨ ᠲᠣᠭᠤᠷᠢᠨ ᠤ ᠬᠤᠳᠠᠯᠳᠤᠭᠠᠴᠢᠨ ᠤ ᠬᠠᠷᠠᠭᠠᠯᠵᠠᠯᠠᠯ ᠵᠡᠷᠭᠡ ᠮᠡᠳᠡᠭᠡ ᠵᠠᠩᠭᠢ ᠶᠢ ᠣᠯᠵᠤ ᠪᠣᠯᠣᠨ᠎ᠠ᠂ ᠪᠠᠰᠠ ᠰᠦᠯᠵᠢᠶᠡᠨ ᠳᠡᠭᠡᠷ᠎ᠡ ᠵᠠᠰᠠᠨ ᠰᠡᠯᠪᠢᠯᠲᠡ ᠭᠤᠶᠤᠴᠢᠯᠠᠬᠤ᠂  ᠵᠠᠭᠠᠯᠳᠤᠯᠭ᠎ᠠ ᠬᠢᠬᠦ ᠪᠤᠶᠤ ᠦᠢᠯᠡᠴᠢᠯᠡᠭᠡ ᠪᠣᠯᠵᠣᠬᠤ ᠵᠡᠷᠭᠡ  ᠬᠠᠷᠠᠭᠠᠯᠵᠠᠯᠠᠯ ᠢ ᠭᠥᠷᠳᠡᠵᠦ᠂ ᠴᠠᠭ ᠪᠠ ᠣᠶᠤᠨ ᠤ ᠴᠢᠳᠠᠯ ᠢ ᠠᠷᠪᠢᠯᠠᠵᠤ ᠴᠢᠳᠠᠨ᠎ᠠ᠃            ᠨᠠᠩ ᠴᠢᠬᠤᠯᠠ ᠨᠢ ︽ᠬᠤᠶᠠᠷ ᠬᠡᠮᠵᠢᠯᠲᠦ ᠺᠣᠳ᠋︾ ᠣᠶᠤᠨᠴᠢ ᠬᠤᠲᠠ ᠶᠢᠨ ᠪᠦᠲᠦᠭᠡᠨ ᠪᠠᠶᠢᠭᠤᠯᠤᠯᠲᠠ ᠳᠤ ᠮᠡᠳᠡᠭᠡ ᠵᠠᠩᠭᠢ ᠶᠢ ᠬᠠᠮᠲᠤ ᠪᠠᠷ ᠬᠤᠪᠢᠶᠠᠯᠴᠠᠨ ᠡᠳ᠋ᠯᠡᠬᠦ ᠶᠢ ᠠᠬᠢᠭᠤᠯᠬᠤ ᠴᠢᠬᠤᠯᠠ ᠦᠢᠯᠡᠳᠦᠯ ᠲᠠᠢ ᠪᠠᠶᠢᠵᠤ᠂ ᠵᠠᠰᠠᠭ ᠤᠨ ᠣᠷᠳᠣᠨ᠂ ᠠᠵᠤ ᠠᠬᠤᠶᠢᠯᠠᠯ᠂ ᠰᠠᠭᠤᠭᠠᠯᠢ ᠠᠷᠠᠳ ᠤᠨ ᠬᠤᠭᠤᠷᠣᠨᠳᠣᠬᠢ ᠮᠡᠳᠡᠭᠡ ᠵᠠᠩᠭᠢ ᠶᠢᠨ ᠬᠤᠯᠪᠣᠯᠳᠤᠨ ᠨᠡᠪᠲᠡᠷᠡᠯᠴᠡᠬᠦ ᠶᠢ ᠪᠡᠶᠡᠯᠡᠭᠦᠯᠬᠦ ᠳᠤ ᠬᠦᠴᠦᠨ ᠨᠡᠮᠡᠷᠢᠯᠡᠨ᠎ᠡ᠃ ᠵᠢᠱᠢᠶᠡᠯᠡᠪᠡᠯ᠂ ᠵᠠᠰᠠᠭ ᠤᠨ ᠣᠷᠳᠣᠨ ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾ ᠪᠠᠷ ᠳᠠᠮᠵᠢᠭᠤᠯᠤᠨ ᠠᠷᠠᠳ ᠤᠨ ᠪᠠᠶᠢᠳᠠᠯ ᠠᠷᠠᠳ ᠤᠨ ᠰᠠᠨᠠᠯ ᠶᠢ ᠴᠤᠭᠯᠠᠭᠤᠯᠵᠤ ᠪᠣᠯᠣᠨ᠎ᠠ︔ ᠰᠠᠭᠤᠭᠠᠯᠢ ᠠᠷᠠᠳ ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾ ᠪᠠᠷ ᠳᠠᠮᠵᠢᠭᠤᠯᠤᠨ ᠨᠡᠶᠢᠭᠡᠮ ᠲᠣᠭᠤᠷᠢᠭ ᠤᠨ ᠵᠠᠰᠠᠨ ᠴᠡᠭᠴᠡᠯᠡᠯᠲᠡ ᠳᠤ ᠣᠷᠣᠯᠴᠠᠵᠤ᠂ ᠡᠶ᠎ᠡ ᠵᠣᠬᠢᠴᠠᠯ ᠲᠠᠢ ᠣᠷᠣᠰᠢᠨ ᠰᠠᠭᠤᠬᠤ ᠣᠷᠴᠢᠨ ᠲᠣᠭᠤᠷᠢᠨ ᠢ ᠬᠠᠮᠲᠤ ᠪᠠᠷ ᠪᠠᠶᠢᠭᠤᠯᠵᠤ ᠴᠢᠳᠠᠨ᠎ᠠ  ᠃   ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾ ᠶᠢ ᠬᠡᠷᠡᠭᠯᠡᠬᠦ ᠳᠤ ᠰᠠᠶᠢᠨ  ᠲᠠᠯ᠎ᠠ ᠤᠯᠠᠨ ᠪᠥᠭᠡᠳ ᠠᠮᠤᠷ ᠲᠦᠪᠰᠢᠨ ᠪᠠᠶᠢᠳᠠᠭ᠂ ᠲᠡᠭᠦᠨ ᠢ ᠳᠡᠯᠭᠡᠷᠡᠭᠦᠯᠦᠨ ᠬᠡᠷᠡᠭᠯᠡᠬᠦ ᠶᠠᠪᠤᠴᠠ ᠳᠤ ᠬᠡᠳᠦᠨ ᠵᠦᠢᠯ ᠢ ᠠᠩᠬᠠᠷᠬᠤ ᠬᠡᠷᠡᠭᠲᠡᠢ᠄ ᠨᠢᠭᠡ ᠳᠤ᠂  ᠡᠷᠬᠡ ᠶᠢᠨ ᠬᠢᠵᠠᠭᠠᠷᠯᠠᠯ ᠢ ᠴᠢᠩᠭ᠎ᠠ ᠬᠠᠮᠢᠶᠠᠷᠬᠤ ᠳᠦᠷᠢᠮ ᠢ ᠪᠠᠶᠢᠭᠤᠯᠵᠤ᠂ ᠡᠷᠬᠡ ᠣᠯᠭᠤᠭᠰᠠᠨ ᠬᠠᠮᠢᠶᠠᠷᠤᠯᠲᠠ ᠶᠢᠨ ᠰᠠᠯᠠᠭ᠎ᠠ ᠮᠥᠴᠢᠷ ᠰᠠᠶ᠋ᠢ ᠬᠤᠯᠪᠣᠭᠳᠠᠯ ᠪᠦᠬᠦᠢ ᠮᠡᠳᠡᠭᠡ ᠵᠠᠩᠭᠢ ᠶᠢ ᠰᠤᠷᠪᠤᠯᠵᠢᠯᠠᠵᠤ᠂ ᠰᠠᠭᠤᠭᠠᠯᠢ ᠠᠷᠠᠳ ᠤᠨ ᠬᠤᠪᠢ ᠶᠢᠨ ᠨᠢᠭᠤᠴᠠ ᠶᠢᠨ ᠡᠷᠬᠡ ᠶᠢ ᠬᠠᠮᠠᠭᠠᠯᠠᠵᠤ ᠴᠢᠳᠠᠨ᠎ᠠ︔ ᠬᠤᠶᠠᠷ ᠲᠤ᠂ ᠰᠠᠨᠠᠯ ᠢ ᠴᠤᠭᠯᠠᠭᠤᠯᠬᠤ ᠪᠠ ᠬᠠᠷᠢᠭᠤ ᠲᠤᠰᠬᠠᠬᠤ ᠲᠣᠭᠲᠠᠴᠠ ᠶᠢ ᠲᠡᠭᠦᠯᠳᠡᠷᠵᠢᠭᠦᠯᠵᠦ᠂ ᠡᠯ᠎ᠡ ᠲᠠᠯ᠎ᠠ ᠶᠢᠨ ︽ᠬᠤᠶᠠᠷ ᠬᠡᠮᠵᠢᠯᠲᠦ ᠺᠣᠳ᠋ ᠤᠨ ᠡᠭᠦᠳᠡᠨ ᠫᠠᠶᠢᠰᠠ︾ ᠶᠢᠨ ᠬᠡᠷᠡᠭᠯᠡᠯᠲᠡ ᠳᠤᠮᠳᠠ ᠲᠤᠯᠭᠠᠷᠠᠭᠰᠠᠨ ᠠᠰᠠᠭᠤᠳᠠᠯ ᠢ ᠴᠠᠭ ᠲᠤᠬᠠᠢ ᠳᠤᠨᠢ ᠣᠶᠢᠯᠠᠭᠠᠵᠤ᠂ ᠰᠢᠰᠲ᠋ᠧᠮ ᠢ ᠲᠠᠰᠤᠷᠠᠯᠲᠠ ᠦᠭᠡᠢ ᠰᠢᠯᠢᠳᠡᠭᠵᠢᠭᠦᠯᠦᠨ ᠰᠠᠶᠢᠵᠢᠷᠠᠭᠤᠯᠤᠨ᠎ᠠ᠃            ᠡᠯ᠎ᠡ ᠭᠠᠵᠠᠷ ᠤᠨ ᠬᠢᠨ ︽ᠬᠤᠶᠠᠷ ᠬᠡᠮᠵᠢᠯᠲᠦ ᠺᠣᠳ᠋︾ ᠤᠨ ᠬᠡᠷᠡᠭᠯᠡᠭᠡᠨ ᠤ ᠲᠣᠭᠲᠠᠴᠠ ᠪᠠᠨ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠣᠶᠤᠨᠲᠤ ᠬᠤᠲᠠ ᠶᠢᠨ ᠦᠷᠭᠦᠯᠵᠢᠯᠡᠬᠦ ᠬᠥᠭᠵᠢᠯᠲᠡ ᠳᠤ ᠬᠥᠳᠡᠯᠭᠡᠬᠦ ᠬᠦᠴᠦᠨ ᠬᠠᠩᠭᠠᠬᠤ ᠬᠡᠷᠡᠭᠲᠡᠢ᠃         ᠢᠷᠡᠯᠲᠡ᠄ ᠳᠤᠮᠳᠠᠳᠤ ᠤᠯᠤᠰ ᠤᠨ ᠪᠦᠲᠦᠭᠡᠨ ᠪᠠᠶᠢᠭᠤᠯᠤᠯᠲᠠ ᠶᠢᠨ ᠰᠣᠨᠢᠨ  
 
ᠢᠷᠡᠯᠲᠡ᠄ ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号