ᠡᠨᠡ ᠵᠢᠯ ᠮᠠᠨ ᠤ ᠣᠷᠣᠨ 100 ᠲᠦᠮᠡᠨ ᠮᠦ ᠬᠢᠶᠠᠭ ᠡᠪᠡᠰᠦ ᠳᠠᠷᠢᠵᠠᠢ
ᠨᠡᠶᠢᠲᠡᠯᠡᠭᠰᠡᠨ ᠴᠠᠭ᠄
2024/7/9
      ᠰᠤᠷᠪᠤᠯᠵᠢᠯᠠᠬᠴᠢ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ ᠤ ᠲᠢᠩᠬᠢᠮ ᠠᠴᠠ ᠣᠶᠢᠯᠠᠭᠠᠭᠰᠠᠨ ᠢᠶᠠᠷ᠂ ᠮᠠᠨ ᠤ ᠣᠷᠣᠨ ᠭᠠᠵᠠᠷ ᠣᠷᠣᠨ ᠤ ᠪᠣᠳᠠᠲᠤ ᠪᠠᠶᠢᠳᠠᠯ ᠳᠠᠭᠠᠨ ᠲᠣᠬᠢᠷᠠᠭᠤᠯᠤᠨ ᠬᠢᠶᠠᠭ ᠡᠪᠡᠰᠦ ᠳᠠᠷᠢᠬᠤ ᠶᠢ ᠬᠦᠴᠦᠯᠡᠨ ᠬᠥᠭᠵᠢᠭᠦᠯᠵᠦ᠂ ᠨᠢᠳᠤᠨᠤᠨ ᠪᠦᠭᠦ ᠣᠷᠣᠨ ᠳᠤ 50 ᠲᠦᠮᠡᠨ ᠮᠦ ᠬᠢᠶᠠᠭ ᠡᠪᠡᠰᠦ ᠲᠠᠷᠢᠵᠤ᠂ ᠡᠨᠡ ᠵᠢᠯ ᠪᠠᠰᠠ 100 ᠲᠦᠮᠡᠨ  ᠮᠦ ᠬᠢᠶᠠᠭ ᠡᠪᠡᠰᠦ ᠳᠠᠷᠢᠪᠠ᠃      ᠲᠦᠩᠯᠢᠶᠣᠣ ᠬᠤᠲᠠ ᠶᠢᠨ ᠺᠠᠶᠢᠯᠤ ᠰᠢᠶᠠᠨ ᠤ ᠰᠢᠶᠣᠣ ᠵᠢᠶᠧ ᠵᠢᠢ ᠪᠠᠯᠭᠠᠰᠤ ᠶᠢᠨ ᠳᠠᠷᠢᠭᠰᠠᠨ ᠬᠢᠶᠠᠭ ᠡᠪᠡᠰᠦ ᠤᠳᠤ ᠶᠠᠭ ᠬᠠᠳᠤᠵᠤ ᠬᠤᠷᠢᠶᠠᠬᠤ ᠱᠠᠲᠤᠨ ᠳᠤ ᠣᠷᠣᠵᠤ᠂ ᠵᠢᠱᠢᠯᠲᠡ ᠪᠠᠷ 2 ᠲᠦᠮᠡᠨ ᠲᠣᠨ ᠬᠢᠶᠠᠭ ᠡᠪᠡᠰᠦ ᠬᠠᠳᠤᠵᠤ ᠬᠤᠷᠢᠶᠠᠬᠤ ᠪᠣᠯᠣᠨ᠎ᠠ᠃ ᠬᠥᠯᠥᠨ ᠪᠤᠶᠢᠷ ᠬᠤᠳᠠ ᠶᠢᠨ 40 ᠲᠦᠮᠡᠨ ᠮᠦ ᠶᠢᠨ ᠲᠠᠷᠢᠮᠠᠯ ᠬᠢᠶᠠᠭ ᠡᠪᠡᠰᠦ  ᠶᠢᠨ ᠤᠷᠭᠤᠴᠠ ᠶᠢᠨ ᠪᠠᠶᠢᠳᠠᠯ ᠮᠠᠰᠢ ᠰᠠᠶᠢᠨ ᠪᠠᠶᠢᠵᠤ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ 3 ᠲᠦᠮᠡᠨ ᠮᠦ᠂ ᠵᠠᠯᠠᠶᠢᠳ ᠬᠤᠰᠢᠭᠤᠨ ᠤ 12 ᠲᠦᠮᠡᠨ ᠮᠦ ᠡᠪᠡᠰᠦᠨ ᠲᠠᠷᠢᠶᠠᠨ ᠳᠤ ᠬᠢᠶᠠᠭ ᠡᠪᠡᠰᠦ ᠨᠥᠬᠦᠨ ᠲᠠᠷᠢᠵᠤ᠂ ᠥᠨᠳᠥᠷ ᠤᠨᠠᠯᠲᠠᠲᠤ ᠲᠠᠷᠢᠮᠠᠯ ᠡᠪᠡᠰᠦ ᠶᠢᠨ ᠰᠠᠭᠤᠷᠢᠨ ᠢ ᠪᠠᠶᠢᠭᠤᠯᠪᠠ᠃ ᠡᠨᠡ  ᠨᠢ ᠮᠠᠯ ᠤᠨᠤᠭ᠎ᠠ ᠶᠢ ᠬᠠᠰᠢᠶᠠᠯᠠᠨ ᠲᠡᠵᠢᠭᠡᠬᠦ ᠲᠡᠵᠢᠭᠡᠯ ᠡᠪᠡᠰᠦᠨ ᠤ ᠬᠠᠩᠭᠠᠯᠭ᠎ᠠ ᠶᠢ ᠪᠠᠲᠤᠯᠠᠬᠤ᠂ ᠡᠪᠡᠰᠦ ᠲᠠᠷᠢᠵᠤ ᠣᠷᠣᠯᠭ᠎ᠠ ᠪᠠᠨ ᠨᠡᠮᠡᠭᠳᠡᠭᠦᠯᠬᠦ‍ ᠨᠢᠭᠡ ᠵᠦᠢᠯ ᠤᠨ ᠰᠢᠨ᠎ᠡ ᠶᠢ ᠡᠭᠦᠳᠦᠭᠰᠡᠨ ᠠᠷᠭ᠎ᠠ ᠬᠡᠮᠵᠢᠶ᠎ᠡ ᠪᠣᠯᠤᠭᠰᠠᠨ ᠪᠠᠶᠢᠨ᠎ᠠ᠃      ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠶᠠᠭ ᠡᠪᠡᠰᠦᠨ ᠤ ᠠᠵᠤ ᠦᠢᠯᠡᠰ ᠤᠨ ᠬᠥᠭᠵᠢᠯᠲᠡ ᠶᠢᠨ ᠲᠥᠯᠥᠪᠯᠡᠭᠡ︵2023 - 2030︶︾ ᠳᠤ ᠲᠣᠳᠣᠷᠬᠠᠶᠢᠯᠠᠭᠰᠠᠨ ᠢᠶᠠᠷ᠂ ᠮᠠᠨ ᠤ ᠣᠷᠣᠨ 2030 ᠣᠨ ᠪᠤᠯᠳᠠᠯ᠎ᠠ 30 ᠲᠦᠮᠡᠨ ᠮᠦ ᠶᠢᠨ ᠬᠢᠶᠠᠭ ᠡᠪᠡᠰᠦᠨ ᠤ ᠦᠷ᠎ᠡ ᠶᠢ ᠥᠷᠭᠡᠳᠬᠡᠨ ᠪᠣᠶᠢᠵᠢᠭᠤᠯᠬᠤ ᠰᠠᠭᠤᠷᠢᠨ ᠤ ᠲᠣᠭᠲᠠᠭᠤᠨ ᠬᠠᠩᠭᠠᠯᠭ᠎ᠠ ᠶᠢ ᠪᠡᠶᠡᠯᠡᠭᠦᠯᠵᠦ᠂ 500 ᠲᠦᠮᠡᠨ ᠮᠦ ᠬᠢᠶᠠᠭ ᠡᠪᠡᠰᠦ ᠲᠠᠷᠢᠵᠤ᠂ ᠬᠢᠶᠠᠭ ᠡᠪᠡᠰᠦ ᠶᠢ ᠣᠨᠳᠣᠣᠰᠢᠭᠤᠯᠤᠨ ᠠᠰᠢᠭᠯᠠᠬᠤ ᠰᠤᠳᠤᠯᠭᠠᠨ ᠢ ᠭᠦᠨᠵᠡᠭᠡᠢ ᠥᠷᠨᠢᠭᠦᠯᠦᠨ᠂ ᠨᠢᠭᠡ ᠪᠦᠯᠦᠭ︽ᠪᠣᠶᠢᠵᠢᠭᠤᠯᠵᠤ ᠳᠡᠯᠭᠡᠷᠡᠭᠦᠯᠬᠦ᠂ ᠦᠢᠯᠡᠳᠪᠦᠷᠢᠯᠡᠵᠦ ᠪᠣᠷᠣᠯᠠᠭᠤᠯᠬᠤ︾ ᠶᠢ ᠨᠢᠭᠡ ᠴᠣᠭᠴᠠᠵᠢᠭᠤᠯᠤᠭᠰᠠᠨ ᠡᠵᠡᠩᠨᠡᠯᠲᠡ ᠶᠢᠨ ᠣᠳᠣᠬᠢᠴᠢᠯᠠᠭᠰᠠᠨ ᠳᠠᠭᠠᠭᠤᠯᠤᠭᠴᠢ ᠠᠵᠤ ᠠᠬᠤᠶᠢᠯᠠᠯ ᠢ ᠪᠠᠶᠢᠭᠤᠯᠵᠤ᠂ ᠬᠢᠶᠠᠭ ᠡᠪᠡᠰᠦᠨ ᠤ ᠪᠦᠭᠦ ᠠᠵᠤ ᠦᠢᠯᠡᠰ  ᠤᠨ ᠬᠡᠯᠬᠢᠶ᠎ᠡ ᠶᠢᠨ ᠬᠥᠭᠵᠢᠯᠲᠡ ᠶᠢᠨ ᠵᠠᠭᠪᠤᠷ ᠢ ᠦᠨᠳᠦᠰᠦᠨ ᠳᠡᠭᠡᠨ ᠪᠦᠷᠢᠯᠳᠦᠭᠦᠯᠦᠨ᠎ᠡ᠃ ᠪᠠᠰᠠ ᠬᠢᠶᠠᠭ ᠡᠪᠡᠰᠦ  ᠪᠠᠷ ᠲᠠᠮᠵᠢᠨ ᠠᠮᠢ ᠠᠬᠤᠢ ᠶᠢ ᠰᠡᠷᠭᠦᠭᠡᠨ ᠵᠠᠰᠠᠬᠤ ᠶᠢ ᠤᠯᠠᠮ ᠨᠢᠭᠡ ᠠᠯᠬᠤᠮ ᠴᠢᠩᠭᠠᠳᠬᠠᠵᠤ᠂ ᠪᠠᠶᠢᠭᠠᠯᠢ ᠶᠢᠨ ᠨᠤᠲᠤᠭ ᠪᠡᠯᠴᠢᠭᠡᠷ ᠤᠨ ᠲᠡᠵᠢᠭᠡᠯ ᠡᠪᠡᠰᠦ ᠶᠢᠨ ᠶᠠᠰᠤ ᠴᠢᠨᠠᠷ ᠢ ᠢᠯᠡᠳᠲᠡ ᠳᠡᠭᠡᠭᠰᠢᠯᠡᠭᠦᠯᠭᠦ ᠪᠣᠯᠣᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号