| | ᠬᠠᠮᠲᠤ ᠶᠢᠨ ᠮᠠᠯ ᠮᠠᠯᠵᠢᠵᠤ ᠪᠠᠶᠢᠭᠰᠠᠨ ᠦᠶ᠎ᠡ ᠳᠤ ᠮᠠᠨ ᠤ ᠬᠠᠷᠢᠭᠤᠯᠳᠠᠭ ᠰᠦᠷᠦᠭ ᠲᠤ ᠴᠢᠨᠳᠠᠭ᠎ᠠ ᠨᠡᠷ᠎ᠡ | ᠲᠠᠢ ᠴᠠᠭᠠᠨ ᠢᠩᠭᠡᠨ ᠠᠴᠠ ᠴᠠᠪ ᠴᠠᠭᠠᠨ ᠪᠣᠲᠣᠭᠤ ᠭᠠᠷᠪᠠ᠃ ᠭᠤᠪᠢ ᠶᠢᠨ ᠬᠢᠨ ᠬᠦᠷᠡᠩ᠂ ᠤᠯᠠᠭᠠᠨ᠂ ᠰᠢᠷ᠎ᠠ | ᠵᠢᠰᠦᠮ ᠤᠨ ᠲᠡᠮᠡᠭᠡ ᠭᠤᠣᠯᠲᠠᠢ ᠮᠠᠯᠵᠢᠵᠤ᠂ ᠴᠠᠭᠠᠨ ᠲᠡᠮᠡᠭᠡ ᠶᠢ ᠰᠣᠨᠢᠭᠤᠴᠢᠯᠠᠨ ᠪᠠᠭ᠋ᠠᠷᠬᠠᠳᠠᠭ᠃ | ᠨᠢᠭᠡ ᠡᠳᠦᠷ ᠪᠢ ᠪᠣᠲᠣᠭᠤ ᠲᠠᠢ ᠢᠩᠭᠡ ᠪᠠᠨ ᠬᠤᠷᠢᠶᠠᠨ ᠬᠤᠲᠠᠯᠠᠭᠤᠯᠵᠤ ᠶᠠᠪᠤᠲᠠᠯ᠎ᠠ ᠴᠢᠨᠳᠠᠭ᠎ᠠ | ᠪᠣᠲᠣᠭᠤ ᠲᠠᠢ ᠪᠠᠨ ᠬᠤᠶᠠᠭᠤᠯᠠ ᠪᠠᠶᠢᠨ ᠪᠠᠶᠢᠨ ᠪᠤᠶᠢᠯᠠᠭᠠᠳ ᠪᠠᠶᠢᠯ᠎ᠠ᠃ ︽ᠶᠠᠮᠠᠷᠪᠠ ᠠᠮᠢᠳᠠᠨ ᠳᠤ ᠥᠪᠡᠷ ᠥᠪᠡᠷ ᠤᠨ | ᠬᠢᠨᠢ ᠦᠭᠡ ᠭᠡᠯᠡ ᠪᠠᠶᠢᠳᠠᠭ᠃ ᠶᠢᠰᠦᠨ ᠭᠡᠯᠡ ᠮᠡᠳᠡᠳᠡᠭ ᠬᠥᠮᠥᠨ ᠰᠠᠶ᠋ᠢ ᠠᠯᠢᠪᠠ ᠠᠮᠢᠲᠠᠳ ᠤᠨ ᠦᠭᠡ ᠭᠡᠯᠡ ᠶᠢ | ᠣᠶᠢᠯᠠᠭᠠᠳᠠᠭ ᠭᠡᠨ᠎ᠡ︾ ᠭᠡᠵᠦ ᠨᠠᠰᠤᠲᠠᠶᠢᠴᠤᠳ ᠤᠨ ᠬᠠᠭᠤᠴᠢᠯᠠᠬᠤ ᠶᠢ ᠪᠢᠰᠢᠭᠦᠢ ᠠᠷᠪᠢᠨ ᠰᠣᠨᠣᠰᠤᠭᠰᠠᠨ ᠪᠢ | ︽ᠶᠢᠰᠦᠨ ᠭᠡᠯᠡ ᠮᠡᠳᠡᠳᠡᠭ ᠴᠤ ᠪᠣᠯᠣᠭᠠᠰᠠᠢ᠂ ᠡᠨᠡ ᠡᠬᠡ ᠬᠦᠦ ᠬᠤᠶᠠᠷ ᠤᠨ ᠶᠠᠭᠤ ᠶᠠᠷᠢᠵᠤ ᠶᠠᠪᠤᠭ᠎ᠠ ᠶᠢ ᠮᠡᠳᠡᠬᠦ ᠶᠤᠮ | ᠰᠠᠨ︕︾ ᠭᠡᠵᠦ ᠪᠤᠳᠤᠪᠠ᠃ ᠦᠨᠡᠰᠦᠨ ᠳᠡᠭᠡᠷ᠎ᠡ ᠣᠴᠢᠭᠠᠳ ᠨᠠᠯᠠᠬᠤ ᠳᠠᠭᠠᠨ ᠭᠦᠷᠲᠡᠯ᠎ᠡ ᠪᠤᠶᠢᠯᠠᠬᠤ ᠪᠠᠷ ᠨᠢ ᠪᠢ | ᠶᠡᠬᠡᠳᠡ ᠭᠠᠶᠢᠬᠠᠵᠤ᠄ ︽ᠡᠵᠢ ᠠ᠋᠂ ᠴᠢᠨᠳᠠᠭ᠎ᠠ ᠪᠣᠲᠣᠭᠤ ᠲᠠᠢ ᠪᠠᠨ ᠪᠠᠶᠢᠨ ᠪᠠᠶᠢᠨ ᠪᠤᠶᠢᠯᠠᠭᠠᠳ ᠪᠠᠶᠢᠨ᠎ᠠ︾ ᠭᠡᠰᠡᠨ ᠳᠤ᠂ | ︽ᠠᠲᠠᠨ ᠲᠡᠮᠡᠭᠡ ᠪᠤᠶᠢᠯᠠᠬᠤ ᠮᠠᠭᠤ ᠭᠡᠳᠡᠭ᠃ ᠪᠣᠲᠣᠭᠤ ᠲᠠᠢ ᠢᠩᠭᠡ ᠪᠤᠶᠢᠯᠠᠬᠤ ᠴᠤ ᠶᠠᠭᠠᠬᠢᠬᠤ ᠪᠤᠢ︕︾ ᠭᠡᠳ ᠡᠵᠢ | ᠡᠰᠡ ᠲᠣᠭᠤᠪᠠ᠃ | ᠮᠠᠷᠭᠠᠰᠢ ᠥᠷᠯᠥᠭᠡ ᠨᠢ ᠪᠣᠲᠣᠭᠤ ᠲᠠᠢ ᠢᠩᠭᠡ ᠪᠠᠨ ᠤᠰᠤᠯᠠᠬᠤ ᠪᠠᠷ ᠲᠠᠭᠤᠵᠤ ᠶᠠᠪᠤᠲᠠᠯ᠎ᠠ ᠴᠢᠨᠳᠠᠭ᠎ᠠ ᠪᠠᠰᠠ | ᠯᠠ ᠪᠣᠲᠣᠭᠤ ᠲᠠᠢ ᠪᠠᠨ ᠬᠤᠶᠠᠭᠤᠯᠠ ᠪᠠᠶᠢᠨ ᠰᠠᠭᠤᠨ ᠪᠤᠶᠢᠯᠠᠯᠴᠠᠨᠠ᠃ ᠡᠭᠦᠨ ᠢ ᠬᠠᠷᠠᠭᠰᠠᠨ ᠪᠢ ︽ᠴᠢᠨᠳᠠᠭ᠎ᠠ ᠯᠠᠪ | ᠬᠦᠦ ᠳᠡᠭᠡᠨ ︿ᠮᠠᠨ ᠤ ᠳᠡᠭᠡᠳᠦᠭᠦᠯᠡ ᠠᠷᠪᠠᠨ ᠰᠠᠯᠠᠭ᠎ᠠ ᠡᠪᠡᠷ ᠲᠠᠢ ᠠᠶᠢᠬᠤᠪᠲᠤᠷ ᠰᠦᠷᠯᠢᠭ ᠠᠮᠢᠳᠠᠨ ᠪᠠᠶᠢᠭᠰᠠᠨ | ᠶᠤᠮ ᠭᠡᠨ᠎ᠡ᠃ ᠨᠢᠭᠡ ᠡᠳᠦᠷ ᠤᠢ ᠶᠢᠨ ᠪᠤᠭᠤ ᠡᠪᠡᠷ ᠢ ᠨᠢ ᠵᠢᠭᠡᠯᠡᠵᠦ ᠠᠪᠤᠭᠠᠳ ᠶᠠᠪᠤᠬᠤ ᠳᠠᠭᠠᠨ ᠬᠤᠳᠳᠤᠭ ᠳᠡᠭᠡᠷ᠎ᠡ | ᠤᠰᠤ ᠤᠤᠭᠤᠬᠤ ᠳᠤ ᠴᠢᠨᠢ ᠠᠪᠴᠢᠷᠠᠵᠤ ᠥᠭᠭᠦᠶ᠎ᠡ ᠭᠡᠵᠦ ᠠᠨᠳᠠᠭᠠᠶᠢᠯᠠᠭᠰᠠᠨ ᠶᠤᠮ︕ ᠭᠡᠳᠡᠭ᠃ ᠬᠦᠦ ᠮᠢᠨᠢ ᠤᠰᠤ | ᠤᠤᠭᠤᠬᠤ ᠳᠠᠭᠠᠨ ᠲᠠᠶᠢᠪᠤᠩ ᠤᠤᠭᠤᠵᠤ᠂ ᠡᠶᠢᠰᠢ ᠲᠡᠶᠢᠰᠢ ᠰᠠᠶᠢᠨ ᠪᠠᠷᠠᠯᠠᠵᠤ ᠪᠠᠢ︕ ᠬᠠᠮᠢᠭ᠎ᠠ ᠨᠢᠭᠡᠲᠡᠢ ᠠᠴᠠ | ᠤᠢ ᠶᠢᠨ ᠪᠤᠭᠤ ᠠᠷᠪᠠᠨ ᠰᠠᠯᠠᠭ᠎ᠠ ᠡᠪᠡᠷ ᠢ ᠮᠢᠨᠢ ᠬᠦᠷᠭᠡᠵᠦ ᠢᠷᠡᠬᠦ ᠶᠠᠭᠤ ᠮᠠᠭᠠᠳ︕﹀ ᠬᠡᠮᠡᠨ ᠵᠠᠬᠢᠵᠤ ᠪᠠᠶᠢᠬᠤ ᠪᠠᠨ | ᠶᠠᠳᠠᠬᠤ ᠦᠭᠡᠢ︾ ᠭᠡᠵᠦ ᠪᠤᠳᠤᠨ ᠢᠨᠢᠶᠡᠳᠦ ᠭᠦᠷᠪᠡ᠃ | ᠦᠳᠡ ᠶᠢᠨ ᠬᠤᠶᠢᠨ᠎ᠠ ᠮᠠᠨ ᠤ ᠪᠠᠷᠢᠭᠠᠳᠠ ᠶᠢᠨ ᠳᠠᠷᠤᠭ᠎ᠠ᠂ ᠦᠯᠦ ᠲᠠᠨᠢᠬᠤ ᠬᠤᠶᠠᠷ ᠬᠥᠮᠥᠨ ᠲᠠᠢ ᠬᠠᠮᠲᠤ | ᠢᠷᠡᠭᠡᠳ᠄ ︽ᠲᠠᠨ ᠤ ᠴᠠᠭᠠᠨ ᠢᠩᠭᠡ ᠶᠢ ᠪᠣᠲᠣᠭᠤ ᠲᠠᠢ ᠨᠢ ᠬᠠᠮᠲᠤ ᠵᠢᠭᠤᠯᠴᠢᠯᠠᠯ ᠤᠨ ᠭᠠᠵᠠᠷ ᠠᠪᠠᠴᠢᠬᠤ ᠪᠠᠷ | ᠪᠣᠯᠤᠭᠰᠠᠨ︕︾ ᠭᠡᠪᠡ᠃ ︽ᠪᠢ ᠴᠢᠨᠳᠠᠭ᠎ᠠ ᠪᠠᠨ ᠥᠭᠬᠦ ᠦᠭᠡᠢ︕︾ ᠭᠡᠵᠦ ᠣᠬᠢᠯᠠᠭᠰᠠᠨ ᠳᠤ᠂ ᠪᠠᠷᠢᠭᠠᠳᠠ ᠶᠢᠨ | ᠳᠠᠷᠤᠭ᠎ᠠ᠄ ︽ᠴᠢᠨᠳᠠᠭ᠎ᠠ ᠶᠢ ᠴᠢᠨᠢ ᠶᠡᠭᠡ ᠬᠤᠲᠠ ᠶᠢᠨ ᠵᠢᠭᠤᠯᠴᠢᠯᠠᠯ ᠤᠨ ᠭᠠᠵᠠᠷ ᠠᠪᠠᠴᠢᠨ᠎ᠠ᠃ ᠤᠯᠠᠨ ᠬᠥᠮᠥᠨ | ᠴᠢᠨᠳᠠᠭ᠎ᠠ ᠶᠢ ᠴᠢᠨᠢ ᠬᠤᠯᠢᠴᠠ ᠦᠭᠡᠢ ᠴᠠᠭᠠᠨ ᠵᠢᠰᠦᠮ ᠲᠠᠢ ᠬᠤᠪᠣᠷ ᠵᠢᠰᠦᠮ ᠤᠨ ᠢᠩᠭᠡ ᠪᠠᠶᠢᠨ᠎ᠠ ᠭᠡᠵᠦ ᠮᠠᠭᠲᠠᠨ᠎ᠠ᠃ | ᠪᠣᠲᠣᠭᠤ ᠶᠢᠨ ᠬᠢᠨᠢ ᠬᠥᠭᠡᠷᠦᠬᠦᠨ ᠭᠡᠴᠢ︕ ᠬᠡᠮᠡᠨ ᠱᠠᠭᠰᠢᠨ᠎ᠠ︾ ᠭᠡᠯᠡ᠃ ᠡᠵᠢ ᠬᠠᠵᠠᠭᠤ ᠠᠴᠠ ︽ᠬᠠᠮᠲᠤ ᠶᠢᠨ | ᠮᠠᠯ ᠢ ᠬᠠᠮᠢᠭᠠᠰᠢ ᠨᠢ ᠠᠪᠠᠴᠢᠨ᠎ᠠ ᠭᠡᠪᠡᠯ ᠲᠡᠶᠢᠰᠢ ᠨᠢ ᠥᠭᠬᠦ ᠬᠡᠷᠡᠭᠲᠡᠢ᠃ ᠥᠭᠬᠦ ᠦᠭᠡᠢ ᠪᠠᠶᠢᠵᠤ ᠪᠤᠯᠳᠠᠭ ᠦᠭᠡᠢ | ᠶᠤᠮ︾ ᠭᠡᠵᠦ ᠠᠷᠭᠠᠳᠠᠪᠠ᠃ | ᠦᠯᠦ ᠲᠠᠨᠢᠬᠤ ᠬᠤᠶᠠᠷ ᠬᠥᠮᠥᠨ ᠴᠢᠨᠳᠠᠭ᠎ᠠ ᠶᠢ ᠬᠥᠲᠥᠯᠥᠨ ᠪᠣᠲᠣᠭᠤ ᠶᠢ ᠨᠢ ᠳᠠᠭᠠᠭᠤᠯᠤᠭᠰᠠᠭᠠᠷ ᠤᠷᠳᠤ | ᠨᠢᠷᠤᠭᠤᠨ ᠳᠡᠭᠡᠭᠦᠷ ᠳᠠᠪᠠᠯ᠎ᠠ᠃ ᠡᠬᠡ ᠪᠣᠲᠣᠭᠤ ᠬᠤᠶᠠᠷ ᠤᠨ ᠪᠤᠶᠢᠯᠠᠬᠤ ᠲᠠᠭᠤᠨ ᠬᠤᠯᠠᠳᠠᠨ ᠬᠤᠯᠠᠳᠠᠭᠰᠠᠭᠠᠷ ᠴᠢᠮᠡᠭᠡ | ᠲᠠᠰᠤᠷᠠᠪᠠ᠃ ᠮᠢᠨᠤ ᠨᠢᠯᠪᠤᠰᠤ ᠴᠢᠪ ᠴᠢᠮᠡᠭᠡ ᠦᠭᠡᠢ ᠲᠤᠰᠤᠯᠠᠨᠠ᠃ ᠰᠦᠷᠦᠭ ᠳᠣᠲᠣᠷ᠎ᠠ ᠪᠠᠨ ᠰᠣᠳᠣᠨ ᠵᠢᠰᠦᠮ ᠲᠠᠢ | ᠡᠬᠡ ᠪᠣᠲᠣᠭᠤ ᠬᠤᠶᠠᠷ ᠪᠠᠶᠢᠨ ᠲᠠᠭᠢᠨ ᠪᠤᠶᠢᠯᠠᠵᠤ ᠪᠠᠶᠢᠭᠰᠠᠨ ᠨᠢ ᠦᠶ᠎ᠡ ᠦᠶ᠎ᠡ ᠪᠤᠳᠤᠬᠳᠠᠨ ᠦᠭᠡᠶᠢᠯᠡᠭᠳᠡᠨ᠎ᠡ᠃ | ᠴᠢᠨᠳᠠᠭ᠎ᠠ ᠡᠬᠡ ᠪᠣᠲᠣᠭᠤ ᠬᠤᠶᠠᠷ ᠢ ᠠᠮᠢᠳᠠᠨ ᠤ ᠬᠦᠷᠢᠶᠡᠯᠡᠩ ᠳᠤ ᠣᠴᠢᠭᠠᠳ ᠪᠡᠯᠡᠨ ᠵᠡᠯᠡᠨ ᠢ ᠢᠳᠡᠨ ᠲᠠᠶᠢᠪᠤᠩ | ᠠᠮᠤᠭᠤᠯᠠᠩ ᠬᠡᠪᠢᠨ ᠵᠤᠬᠰᠤᠬᠤ ᠳᠤ᠂ ᠲᠣᠭᠤᠷᠢᠨ ᠵᠢᠭᠤᠯᠴᠢᠯᠠᠬᠰᠠᠳ ᠠᠯᠠᠭ᠎ᠠ ᠲᠠᠰᠢᠨ ᠱᠠᠭᠰᠢᠨ ᠮᠠᠭᠲᠠᠵᠤ | ᠪᠠᠶᠢᠬᠤ ᠪᠠᠷ ᠲᠥᠰᠥᠭᠡᠯᠡᠨ᠎ᠡ᠃ ᠪᠠᠰᠠ ᠵᠠᠷᠢᠮ ᠳᠠᠭᠠᠨ ᠥᠪᠡᠷ ᠢ ᠪᠠᠨ ᠳᠤᠭᠤᠷᠠᠭᠯᠠᠭᠰᠠᠨ ᠤᠯᠠᠨ ᠤ ᠡᠮᠦᠨ᠎ᠡ | ᠵᠣᠭᠰᠣᠴᠢᠬᠠᠭᠰᠠᠨ᠄ ︽ᠡᠨᠡ ᠪᠣᠯ ᠮᠠᠨ ᠤ ᠬᠤᠲᠠᠨ ᠤ ᠢᠩᠭᠡ᠂ ᠴᠢᠨᠳᠠᠭ᠎ᠠ ᠭᠡᠳᠡᠭ᠃ ᠪᠣᠲᠣᠭᠤ ᠶᠢ ᠨᠢ ᠪᠢ | ᠠᠮᠠᠳᠠᠭᠤᠯᠤᠭᠰᠠᠨ ᠶᠤᠮ︾ ᠭᠡᠳ ᠡᠪᠴᠢᠭᠦᠦ ᠪᠠᠨ ᠳᠡᠯᠡᠳᠦᠨ ᠬᠥᠭᠰᠡᠵᠦ ᠪᠠᠶᠢᠬᠤ ᠪᠠᠷ ᠵᠡᠭᠦᠳᠦᠯᠡᠵᠦ ᠴᠤ ᠭᠠᠷᠤᠭᠰᠠᠨ᠃ | ᠡᠳᠦᠷ ᠤᠨ ᠪᠤᠳᠤᠯ ᠰᠥᠨᠢ ᠶᠢᠨ ᠵᠡᠭᠦᠳᠦ ᠭᠡᠵᠦ ᠡᠭᠦᠨ ᠢ ᠬᠡᠯᠡᠳᠡᠭ ᠪᠠᠶᠢᠬᠤ᠃ | ᠨᠠᠮᠤᠷ ᠨᠢ ᠪᠢ ᠰᠤᠷᠭᠠᠭᠤᠯᠢ ᠳᠤ ᠣᠷᠣᠵᠤ ᠰᠣᠶᠣᠯ ᠤᠨ ᠮᠥᠷ ᠬᠥᠭᠡᠭᠡᠯ᠎ᠡ᠃ ᠠᠩᠭᠢ ᠲᠠᠪᠰᠢᠬᠤ ᠶᠢ | ᠳᠠᠭᠠᠯᠳᠤᠨ ᠪᠢᠴᠢᠭ ᠡᠷᠳᠡᠮ ᠰᠤᠷᠴᠤ ᠬᠤᠯᠠ ᠭᠠᠵᠠᠷ ᠶᠠᠪᠤᠨ ᠶᠡᠭᠡ ᠶᠢ ᠦᠵᠡᠬᠦ ᠪᠠᠷ ᠮᠥᠷᠥᠭᠡᠳᠳᠡᠭ ᠴᠤ ᠪᠣᠯᠪᠠ᠃ | ᠠᠩᠬ᠎ᠠ ᠲᠤᠮᠳᠠᠳᠤ ᠳᠤ ᠣᠷᠣᠭᠠᠳ ᠰᠢᠷᠡᠭᠡᠨ ᠨᠠᠶᠢᠵᠢ ᠳᠠᠭᠠᠨ ᠴᠢᠨᠳᠠᠭ᠎ᠠ ᠶᠢᠨ ᠲᠤᠬᠠᠢ ᠶᠠᠷᠢᠭᠰᠠᠨ ᠳᠤ᠂ ︽ᠴᠢᠨᠳᠠᠭ᠎ᠠ | ᠴᠢᠨᠢ ᠣᠳᠤ ᠪᠣᠲᠣᠭᠤ ᠲᠠᠢ ᠪᠠᠨ ᠭᠦᠭᠡᠬᠤᠳᠠ ᠶᠢᠨ ᠠᠮᠢᠳᠠᠨ ᠤ ᠬᠦᠷᠢᠶᠡᠯᠡᠩ ᠳᠤ ᠵᠢᠭᠤᠯᠴᠢᠯᠠᠬᠰᠠᠳ ᠤᠨ ᠨᠢᠳᠦ ᠶᠢ | ᠬᠤᠵᠢᠷᠯᠠᠵᠤ ᠪᠠᠶᠢᠭ᠎ᠠ ᠪᠠᠶᠢᠯᠭᠦᠢ︕︾ ᠭᠡᠯᠡ᠃ ᠣᠷᠣᠢ ᠨᠢ ᠪᠢ ᠴᠢᠨᠳᠠᠭ᠎ᠠ ᠶᠢ ᠠᠮᠢᠳᠠᠨ ᠤ ᠬᠦᠷᠢᠶᠡᠯᠡᠩ ᠳᠤ | ᠪᠣᠲᠣᠭᠤ ᠪᠠᠨ ᠬᠥᠬᠦᠭᠦᠯᠦᠭᠡᠳ ᠵᠣᠭᠰᠣᠵᠤ ᠪᠠᠶᠢᠬᠤ ᠪᠠᠷ ᠵᠡᠭᠦᠳᠦᠯᠡᠪᠡ᠃ ᠪᠣᠲᠣᠭᠤ ᠨᠢ ᠶᠠᠭᠠᠬᠢᠯ᠎ᠠ ᠭᠡᠵᠦ ᠬᠡᠵᠢᠶᠡᠳᠡ | ᠪᠣᠲᠣᠭᠤ ᠪᠠᠷ ᠢᠶᠠᠨ ᠪᠠᠶᠢᠭᠠᠳ ᠪᠠᠶᠢᠬᠤ ᠪᠤᠢ᠃ ᠲᠤᠷᠤᠭ ᠪᠡᠶ᠎ᠡ ᠲᠠᠢ ᠠᠳᠠ ᠪᠣᠯᠴᠢᠬᠠᠭᠠᠳ ᠵᠢᠭᠤᠯᠴᠢᠯᠠᠬᠰᠠᠳ ᠤᠨ | ᠪᠠᠭ᠋ᠠᠷᠬᠠᠯ ᠢ ᠤᠯᠠᠮ ᠢᠯᠡᠭᠦᠦ ᠲᠠᠲᠠᠵᠤ ᠪᠠᠶᠢᠭ᠎ᠠ ᠪᠠᠶᠢᠯᠭᠦᠢ︕ ᠴᠠᠭᠠᠨ ᠢᠩᠭᠡ ᠲᠠᠭᠢᠵᠤ ᠪᠣᠲᠣᠭᠤᠯᠠᠭᠰᠠᠨ ᠪᠣᠯ ᠤᠤ︖ | ᠁ ᠬᠡᠮᠡᠨ ᠵᠦᠢᠯ ᠵᠦᠢᠯ ᠢᠶᠠᠷ ᠲᠥᠰᠥᠭᠡᠯᠡᠪᠡ᠃ | ᠡᠨᠡ ᠵᠡᠭᠦᠳᠦ ᠨᠠᠳᠠ ᠭᠦᠭᠡᠬᠤᠲᠠ ᠶᠢᠨ ᠶᠠᠮᠠᠷ ᠨᠢᠭᠡᠨ ᠰᠤᠷᠭᠠᠭᠤᠯᠢ ᠳᠤ ᠰᠢᠯᠭᠠᠨ ᠣᠷᠣᠵᠤ ᠡᠬᠡ ᠪᠣᠲᠣᠭᠤ | ᠬᠤᠶᠠᠷ ᠢ ᠡᠷᠭᠢᠵᠦ ᠦᠵᠡᠬᠦ ᠬᠦᠰᠡᠯ ᠤᠷᠭᠤᠭᠤᠯᠵᠦ᠂ ᠬᠢᠴᠢᠶᠡᠯ ᠰᠤᠷᠤᠯᠭ᠎ᠠ ᠳᠠᠭᠠᠨ ᠴᠢᠷᠮᠠᠶᠢᠳᠠᠭ ᠪᠣᠯᠭᠠᠯ᠎ᠠ᠃ ᠠᠩᠬ᠎ᠠ | ᠲᠤᠮᠳᠠᠳᠤ ᠪᠠᠨ ᠲᠡᠭᠦᠰᠬᠡᠭᠡᠳ ᠭᠦᠭᠡᠬᠤᠲᠠ ᠶᠢᠨ ᠵᠢᠷ ᠤᠨ ᠨᠢᠭᠡᠨ ᠳᠤᠮᠳᠠ ᠵᠡᠷᠭᠡ ᠶᠢᠨ ᠲᠤᠰᠬᠠᠢ ᠮᠡᠷᠭᠡᠵᠢᠯ ᠤᠨ | ᠰᠤᠷᠭᠠᠭᠤᠯᠢ ᠳᠤ ᠰᠢᠯᠭᠠᠭᠳᠠᠨ ᠣᠷᠣᠵᠤ ᠬᠦᠰᠡᠯ ᠪᠣᠯᠤᠭᠰᠠᠨ ᠭᠦᠭᠡᠬᠤᠲᠠ ᠶᠢ ᠵᠣᠷᠢᠪᠠ᠃ | ᠭᠠᠷᠠᠭ ᠤᠨ ᠡᠳᠦᠷ ᠭᠦᠭᠡᠬᠤᠲᠠ ᠶᠢᠨ ᠠᠮᠢᠳᠠᠨ ᠤ ᠬᠦᠷᠢᠶᠡᠯᠡᠩ ᠳᠤ ᠣᠴᠢᠪᠠᠯ ᠲᠡᠮᠦᠷ ᠰᠠᠷᠠᠯᠵᠢᠨ ᠳᠣᠲᠣᠷ᠎ᠠ | ᠪᠠᠷᠠᠭᠠᠨ ᠵᠢᠰᠦᠮ ᠤᠨ ᠲᠦᠷᠪᠡᠨ ᠲᠡᠮᠡᠭᠡ ᠬᠠᠲᠠᠭᠰᠠᠨ ᠡᠷᠳᠡᠨᠢ ᠰᠢᠰᠢ ᠶᠢᠨ ᠰᠦᠷᠡᠯ ᠬᠡᠮᠡᠯᠢᠨ ᠵᠣᠭᠰᠣᠵᠤ ᠬᠠᠷᠠᠭᠳᠠᠯ᠎ᠠ᠃ | ᠲᠠᠷᠭᠤ ᠬᠦᠴᠦ ᠠᠪᠳᠠᠭ ᠨᠠᠮᠤᠷ ᠤᠨ ᠲᠠᠩᠰᠤᠭ ᠤᠯᠠᠷᠢᠯ ᠳᠤ ᠬᠠᠭᠤᠷᠠᠢ ᠰᠦᠷᠡᠯ ᠬᠡᠮᠡᠯᠢᠵᠦ ᠵᠤᠬᠰᠤᠬᠤ ᠨᠢ ᠲᠡᠳᠦᠢ | ᠯᠡ ᠲᠠᠭᠠᠲᠠᠢ ᠰᠠᠨᠠᠭᠳᠠᠭᠰᠠᠨ ᠦᠭᠡᠢ᠃ | ᠪᠢ ᠬᠦᠷᠢᠶᠡᠯᠡᠩ ᠤᠨ ᠬᠠᠮᠢᠶᠠᠷᠤᠭᠴᠢ ᠠᠴᠠ ᠥᠪᠥᠷ ᠮᠣᠩᠭᠤᠯ ᠤᠨ ᠲᠧᠯᠸᠢᠰ ᠬᠤᠷᠢᠶᠠᠨ ᠤ ᠥᠨᠳᠥᠷ | ᠠᠰᠠᠷ ᠤᠨ ᠡᠮᠦᠨᠡᠬᠢ ᠰᠢᠨᠬᠤᠸᠠ ᠠᠭᠤᠳᠠᠮ ᠲᠠᠯᠠᠪᠠᠢ ᠳᠤ ᠲᠡᠮᠡᠭᠡ ᠪᠠᠶᠢᠳᠠᠭ ᠢ ᠲᠤᠭᠤᠯᠤᠭᠠᠳ ᠲᠡᠶᠢᠰᠢ ᠭᠦᠷᠦᠯ᠎ᠡ᠃ | ᠭᠠᠭᠴᠠ ᠰᠢᠷ᠎ᠠ ᠠᠲᠠᠨ ᠳᠡᠭᠡᠷ᠎ᠡ ᠭᠤᠷᠪᠠᠨ ᠬᠡᠦᠬᠡᠳ ᠰᠤᠨᠳᠠᠯᠠᠨ ᠡᠵᠡᠨ ᠢᠶᠠᠷ ᠨᠢ ᠬᠥᠲᠥᠯᠥᠭᠦᠯᠦᠨ ᠰᠠᠵᠢᠯᠠᠭᠤᠯᠵᠤ | ᠪᠠᠶᠢᠨ᠎ᠠ᠃ ᠳᠡᠮᠡᠢ ᠶᠠᠪᠤᠭᠰᠠᠨ ᠦᠭᠡᠢ ᠬᠠᠲᠠᠭᠤ ᠭᠥᠯᠢᠭᠡᠷ ᠱᠦᠢᠨᠢ ᠳᠡᠭᠡᠷ᠎ᠡ ᠪᠤᠷᠠᠨᠲᠠᠭ ᠠᠴᠠ ᠨᠢ ᠳᠤᠭᠲᠤᠷᠤᠨ | ᠬᠡᠪᠲᠡᠭᠦᠯᠦᠭᠡᠳ ᠥᠨᠥ ᠭᠤᠷᠪᠠᠨ ᠬᠡᠦᠬᠡᠳ ᠢ ᠪᠠᠭᠤᠯᠭᠠᠲᠠᠯ᠎ᠠ ᠪᠠᠰᠠ ᠨᠢᠭᠡ ᠲᠠᠷᠭᠤᠨ ᠪᠦᠰᠡᠭᠦᠢ ᠤᠨᠤᠭᠠᠳ ᠵᠢᠷᠤᠭ | ᠠᠪᠤᠭᠤᠯᠪᠠ᠃ ᠬᠥᠭᠡᠷᠦᠬᠦᠢ ᠲᠡᠷᠡ ᠰᠢᠷ᠎ᠠ ᠠᠲᠠ ᠬᠤᠷᠢᠭᠠᠳᠬᠠᠨ ᠮᠢᠨᠦ᠋ᠲ ᠤᠨ ᠳᠣᠲᠣᠷ᠎ᠠ ᠬᠠᠲᠠᠭᠤ ᠱᠦᠢᠨᠢ ᠱᠠᠯᠠ | ᠳᠡᠭᠡᠷ᠎ᠡ ᠲᠤᠯᠤᠭ᠎ᠠ ᠤᠳᠠᠭ᠎ᠠ ᠬᠡᠪᠲᠡᠵᠦ ᠪᠤᠰᠬᠤ ᠨᠢ ᠳᠠᠩᠴᠤ ᠬᠥᠭᠡᠷᠦᠬᠦᠶᠢᠯᠡᠯᠲᠡᠢ ᠰᠠᠨᠠᠭᠳᠠᠪᠠ᠃ | ᠨᠢᠭᠡ ᠡᠳᠦᠷ ᠲᠤ ᠬᠡᠴᠢᠨᠡᠨ ᠴᠤ ᠤᠳᠠᠭ᠎ᠠ ᠡᠶᠢᠨ ᠬᠦ ᠬᠡᠪᠲᠡᠵᠦ ᠪᠣᠰᠳᠠᠭ ᠢ ᠲᠥᠰᠥᠭᠡᠯᠡᠬᠦ ᠶᠢᠨ ᠠᠷᠭ᠎ᠠ | ᠠᠯᠠᠭ᠎ᠠ᠃ ᠬᠠᠲᠠᠭᠤ ᠱᠦᠢᠨᠢ ᠱᠠᠯᠠ ᠳᠡᠭᠡᠷ᠎ᠡ ᠴᠠᠭ ᠦᠷᠭᠦᠯᠵᠢ ᠬᠡᠪᠲᠡᠵᠦ ᠪᠣᠰᠣᠭᠰᠠᠭᠠᠷ ᠪᠠᠶᠢᠭᠠᠳ ᠡᠪᠦᠳᠦᠭ ᠨᠢ | ᠲᠡᠮᠦᠷ ᠤᠨ ᠬᠠᠤᠷᠠᠢ ᠰᠢᠭ᠋ ᠬᠠᠲᠠᠭᠤᠷᠠᠨ ᠡᠪᠡᠷᠰᠢᠵᠡᠢ᠃ ᠭᠠᠭᠴᠠ ᠨᠢᠭᠡ ᠪᠠᠷ ᠢᠶᠠᠨ ᠤᠨᠤᠬᠤ ᠦᠭᠡᠢ᠂ ᠭᠡᠳᠦ | ᠭᠡᠳᠦ ᠪᠠᠷ ᠢᠶᠠᠨ ᠵᠥᠪ ᠪᠤᠷᠤᠭᠤ ᠦᠭᠡᠢ ᠵᠠᠶᠢᠳᠠᠯᠠᠭᠰᠠᠭᠠᠷ ᠪᠠᠶᠢᠭᠠᠳ ᠬᠤᠶᠠᠷ ᠪᠦᠭᠦ ᠨᠢ ᠬᠠᠵᠠᠭᠤ ᠲᠡᠶᠢᠰᠢ ᠪᠠᠨ | ᠪᠢᠰᠢ᠂ ᠬᠠᠷᠢᠨ ᠬᠤᠶᠢᠰᠢ ᠪᠠᠨ ᠤᠷᠤᠭᠰᠢ ᠪᠠᠨ ᠤᠨᠠᠵᠤ ᠬᠡ ᠬᠡᠪ ᠢᠶᠠᠨ ᠠᠯᠳᠠᠭᠰᠠᠨ ᠨᠢ ᠪᠦᠷ ᠴᠦ | ᠬᠥᠭᠡᠷᠦᠬᠦᠶᠢᠯᠡᠯᠲᠡᠢ ᠠᠮᠢᠳᠠᠨ ᠪᠣᠯᠭᠠᠨ ᠬᠤᠪᠢᠷᠠᠭᠠᠵᠠᠢ᠃ ᠭᠡᠳᠦ ᠭᠤᠷᠪᠠ ᠪᠠᠷ ᠢᠶᠠᠨ ᠰᠢᠪᠠᠨ ᠪᠦᠭᠦ ᠶᠢ ᠨᠢ ᠬᠤᠶᠢᠰᠢ | ᠤᠷᠤᠭᠰᠢ ᠨᠢ ᠲᠡᠯᠡᠵᠦ ᠦᠢᠯᠡ ᠲᠠᠮᠤ ᠶᠢ ᠨᠢ ᠬᠡᠴᠢᠨᠡᠨ ᠡᠳ᠋ᠯᠡᠭᠦᠯᠦᠭᠰᠡᠨ ᠢ ᠶᠠᠭᠠᠬᠢᠨ ᠲᠥᠰᠥᠭᠡᠯᠡᠬᠦ ᠪᠤᠢ ᠳ᠋ᠠ᠃ | ᠴᠢᠨᠳᠠᠭ᠎ᠠ ᠮᠢᠨᠢ ᠪᠣᠲᠣᠭᠤ ᠲᠠᠢ ᠪᠠᠨ ᠬᠤᠶᠠᠭᠤᠯᠠ ᠬᠠᠮᠢᠭ᠎ᠠ ᠡᠶᠢᠨ ᠬᠦ ᠦᠢᠯᠡ ᠲᠠᠮᠤ ᠪᠠᠨ ᠡᠳ᠋ᠯᠡᠵᠦ ᠪᠠᠶᠢᠭ᠎ᠠ | ᠪᠣᠯ︖ ᠭᠡᠵᠦ ᠪᠤᠳᠤᠬᠤ ᠠᠴᠠ ᠭᠤᠣᠯ ᠤᠷᠤᠭᠤ ᠭᠤᠷᠣᠶᠢᠨᠠ᠃ ᠪᠢ ᠰᠢᠷ᠎ᠠ ᠠᠳᠠᠨ ᠤ ᠳᠡᠷᠭᠡᠳᠡ ᠣᠴᠢᠵᠤ ᠬᠠᠮᠠᠷ ᠢ | ᠨᠢ ᠢᠯᠢᠭᠰᠡᠨ ᠳᠤ᠂ ᠲᠡᠷᠡ ᠴᠤ ᠨᠠᠮᠠᠶᠢ ᠭᠡᠳᠦ ᠦᠨᠦᠷᠯᠡᠭᠰᠡᠨ ᠢᠶᠠᠨ ᠲᠣᠮᠣ ᠲᠣᠮᠣ ᠨᠢᠯᠪᠤᠰᠤ ᠤᠨᠠᠭᠠᠪᠠ᠃ ᠪᠢ | ᠴᠢᠨᠳᠠᠭ᠎ᠠ ᠡᠬᠡ ᠪᠣᠲᠣᠭᠤ ᠬᠤᠶᠠᠷ ᠲᠤ ᠥᠭᠬᠦ ᠰᠠᠨᠠᠭ᠎ᠠ ᠲᠠᠢ ᠬᠠᠷᠮᠠᠯᠠᠵᠤ ᠶᠠᠪᠤᠭᠰᠠᠨ ᠬᠡᠳᠦᠨ ᠰᠢᠷᠬᠡᠭ ᠰᠢᠬᠢᠷ ᠢᠶᠠᠨ | ᠠᠮᠠᠨ ᠳᠤᠨᠢ ᠬᠢᠭᠡᠳ ᠡᠷᠭᠢᠵᠦ ᠴᠤ ᠬᠠᠷᠠᠯ ᠦᠭᠡᠢ ᠬᠤᠯᠠᠳᠠᠪᠠ᠃ ᠨᠠᠳᠠ ᠡᠷᠭᠢᠵᠦ ᠬᠠᠷᠠᠬᠤ ᠵᠣᠷᠢᠭ ᠳᠠᠩᠴᠤ | ᠪᠠᠶᠢᠭᠰᠠᠨ ᠦᠭᠡᠢ᠃ | ᠠᠳᠡ ᠲᠡᠨᠳᠡ ᠵᠢᠭᠤᠯᠴᠢᠯᠠᠵᠤ ᠲᠣᠭᠤᠷᠢᠵᠤ ᠦᠵᠡᠭᠡ ᠦᠭᠡᠢ ᠪᠢ ᠠᠮᠢᠳᠠᠨ ᠤ ᠬᠦᠷᠢᠶᠡᠯᠡᠩ᠂ | ᠵᠢᠭᠤᠯᠴᠢᠯᠠᠯ ᠤᠨ ᠭᠠᠵᠠᠷ ᠤᠨ ᠠᠮᠢᠲᠠᠳ ᠢ ᠡᠶᠢᠮᠦ ᠵᠣᠪᠠᠭᠤᠷᠢ ᠲᠠᠢ ᠡᠳᠦᠷ ᠬᠤᠨᠤᠭ ᠥᠩᠭᠡᠷᠡᠭᠡᠳᠡᠭ ᠢ ᠵᠡᠭᠦᠳᠦᠯᠡᠭᠡ | ᠴᠤ ᠦᠭᠡᠢ᠃ ᠠᠮᠢᠳᠠᠨ ᠤ ᠬᠦᠷᠢᠶᠡᠯᠡᠩ᠂ ᠵᠢᠭᠤᠯᠴᠢᠯᠠᠯ ᠤᠨ ᠭᠠᠵᠠᠷ ᠤᠨ ᠬᠢᠨ ᠶᠠᠮᠠᠷ ᠨᠢᠭᠡᠨ ᠠᠮᠢᠳᠠᠨ ᠢ ᠠᠪᠴᠢᠷᠠᠵᠤ᠂ | ᠵᠢᠭᠤᠯᠴᠢᠯᠠᠨ ᠲᠣᠭᠤᠷᠢᠭᠰᠠᠳ ᠢ ᠪᠠᠶᠠᠷᠯᠠᠭᠤᠯᠵᠤ ᠪᠠᠶᠠᠰᠬᠠᠬᠤ ᠳᠠᠭᠠᠨ ᠲᠡᠳᠡᠭᠡᠷ ᠠᠮᠢᠲᠠᠳ ᠤᠨ ᠠᠭᠠᠰᠢ ᠠᠷᠠᠨᠰᠢᠨ᠂ | ᠣᠷᠣᠰᠢᠯ ᠲᠣᠭᠲᠠᠨᠢᠯ ᠤᠨ ᠲᠠᠯ᠎ᠠ ᠪᠠᠷ ᠨᠠᠷᠢᠨ ᠰᠤᠳᠤᠯᠭᠠᠨ ᠬᠢᠵᠦ᠂ ᠠᠯᠢ ᠪᠤᠯᠬᠤ ᠪᠠᠷ ᠣᠨᠴᠠᠯᠢᠭ ᠲᠤᠨᠢ | ᠵᠣᠬᠢᠴᠠᠭᠤᠯᠤᠨ᠂ ᠵᠦᠢ ᠵᠣᠬᠢᠰᠲᠠᠢ ᠨᠥᠬᠦᠴᠡᠯ ᠪᠣᠯᠣᠮᠵᠢ ᠶᠢ ᠬᠠᠩᠭᠠᠵᠤ ᠥᠭᠪᠡᠯ ᠵᠦᠢᠲᠡᠢ ᠪᠤᠶᠤ᠃ ᠲᠡᠮᠡᠭᠡ ᠪᠠᠷ | ᠠᠪᠴᠤ ᠬᠡᠯᠡᠪᠡᠯ ᠶᠠᠳᠠᠵᠤ᠂ ᠬᠡᠪᠲᠡᠵᠦ ᠪᠤᠰᠬᠤ ᠳᠤᠨᠢ ᠲᠣᠬᠢᠷᠠᠮᠵᠢᠲᠠᠢ ᠬᠡᠰᠡᠭᠬᠡᠨ ᠵᠥᠭᠡᠯᠡᠨ ᠬᠥᠷᠥᠰᠥ ᠲᠣᠬᠢᠷᠠᠭᠤᠯᠪᠠᠯ | ᠶᠠᠭᠤᠲᠠᠢ ᠰᠠᠶᠢᠬᠠᠨ ᠠᠵᠢ︕ ᠵᠢᠭᠤᠯᠴᠢᠯᠠᠯ ᠤᠨ ᠭᠠᠵᠠᠷ ᠵᠦᠯᠭᠡ ᠲᠠᠷᠢᠨ ᠵᠥᠭᠡᠯᠡᠨ ᠬᠥᠷᠥᠰᠥ ᠶᠢ ᠣᠷᠣᠯᠠᠭᠤᠯᠤᠭᠰᠠᠨ | ᠴᠦ ᠪᠣᠯᠣᠨ᠎ᠠ ᠰᠢᠤ ᠳ᠋ᠠ︕ | ᠲᠡᠮᠡᠭᠡ ᠭᠡᠳᠡᠭ ᠭᠠᠶᠢᠬᠠᠯᠲᠠᠢ ᠵᠥᠩᠴᠢ ᠠᠮᠢᠳᠠᠨ ᠰᠠᠨᠵᠠᠢ᠃ ᠲᠡᠷᠡ ᠵᠢᠯ ᠤᠨ ᠬᠠᠪᠤᠷ᠂ ᠴᠢᠨᠳᠠᠭ᠎ᠠ ᠡᠬᠡ | ᠪᠣᠲᠣᠭᠤ ᠬᠤᠶᠠᠷ ᠪᠠᠶᠢᠨ ᠪᠠᠶᠢᠨ ᠪᠤᠶᠢᠯᠠᠵᠤ ᠪᠠᠶᠢᠭᠰᠠᠨ ᠨᠢ ᠲᠠᠭᠢᠨ ᠰᠠᠨᠠᠭᠠᠨ ᠳᠤ ᠪᠠᠭᠤᠪᠠ᠃ ᠡᠬᠡ ᠪᠣᠲᠣᠭᠤ ᠬᠤᠶᠠᠷ | ᠬᠤᠯᠠ ᠭᠠᠵᠠᠷ ᠶᠠᠪᠤᠬᠤ ᠪᠠᠨ ᠤᠷᠢᠳᠴᠢᠯᠠᠨ ᠮᠡᠳᠡᠴᠢᠬᠡᠭᠡᠳ ᠨᠤᠲᠤᠭ ᠤᠰᠤᠨ ᠠᠴᠠ ᠪᠠᠨ ᠰᠠᠯᠵᠤ ᠶᠠᠳᠠᠨ ᠭᠤᠨᠢᠵᠤ | ᠭᠤᠳᠤᠵᠤ ᠪᠤᠶᠢᠯᠠᠵᠤ ᠪᠠᠶᠢᠭᠰᠠᠨ ᠪᠠᠶᠢᠬᠤ ᠨᠢ᠁ ᠭᠡᠵᠦ ᠪᠤᠳᠤᠬᠤ ᠠᠴᠠ ᠰᠡᠳᠬᠢᠯ ᠰᠢᠨᠠᠯᠤᠨ᠎ᠠ᠃ | ᠴᠢᠨᠳᠠᠭ᠎ᠠ ᠶᠠᠪᠤᠬᠤ ᠪᠠᠨ ᠵᠥᠩᠨᠡᠵᠦ ᠴᠢᠳᠠᠭᠰᠠᠨ ᠶᠤᠮ ᠴᠢᠨᠢ ᠣᠴᠢᠬᠤ ᠭᠠᠵᠠᠷ᠂ ᠬᠤᠵᠢᠮ ᠤᠨ | ᠠᠮᠢᠳᠤᠷᠠᠯ ᠢᠶᠠᠨ ᠲᠥᠰᠥᠭᠡᠯᠡᠭᠰᠡᠨ ᠴᠦ ᠪᠠᠶᠢᠵᠤ ᠪᠤᠯᠬᠤ ᠶᠤᠮ᠃ ᠴᠢᠨᠳᠠᠭ᠎ᠠ ᠪᠣᠲᠣᠭᠤ ᠲᠠᠢ ᠪᠠᠨ ᠪᠡᠯᠴᠢᠭᠡᠷ ᠠᠴᠠ | ᠪᠤᠴᠠᠵᠤ ᠶᠠᠪᠤᠬᠤ ᠳᠠᠭᠠᠨ᠄ ︽ᠮᠢᠨᠤ ᠬᠠᠶᠢᠷᠠᠲᠤ ᠦᠷ᠎ᠡ ᠮᠢᠨᠢ᠂ ᠮᠠᠷᠭᠠᠰᠢ ᠬᠤᠶᠠᠭᠤᠯᠠ ᠪᠠᠨ ᠡᠨᠡ ᠰᠠᠶᠢᠬᠠᠨ | ᠨᠤᠲᠤᠭ ᠢᠶᠠᠨ ᠣᠷᠭᠢᠭᠠᠳ ᠬᠤᠯᠠ ᠶᠢ ᠵᠣᠷᠢᠨ᠎ᠠ᠃ ᠴᠡᠪᠡᠷ ᠠᠭᠠᠷ ᠢ ᠨᠢ ᠠᠭᠤᠵᠢᠷᠠᠲᠠᠯ᠎ᠠ ᠪᠠᠨ ᠠᠮᠢᠰᠬᠤᠯᠯᠠᠵᠤ᠂ | ᠲᠡᠭᠷᠢ ᠶᠢᠨ ᠬᠠᠶᠠᠭ᠎ᠠ ᠶᠢ ᠲᠡᠨᠢᠢᠲᠡᠯ᠎ᠡ ᠨᠢ ᠪᠠᠷᠠᠯᠠᠭᠠᠳ ᠨᠢᠳᠦᠨ ᠤ ᠴᠡᠴᠡᠭᠡᠢ ᠰᠢᠭ ᠢᠶᠠᠨ ᠰᠡᠳᠬᠢᠯ ᠳᠡᠭᠡᠨ ᠮᠥᠩᠬᠡᠯᠡᠶᠡ︕ | ︾ ᠭᠡᠵᠦ ᠪᠤᠶᠢᠯᠠᠯᠴᠠᠨ᠂ ᠦᠨᠡᠰᠦᠨ ᠳᠡᠭᠡᠷ᠎ᠡ ᠨᠠᠯᠠᠬᠤ ᠳᠠᠭᠠᠨ ︽ᠬᠤᠵᠢᠮ ᠪᠢᠳᠠ ᠬᠤᠶᠠᠷ ᠲᠤ ᠶᠠᠳᠠᠷᠠᠭ᠎ᠠ ᠪᠠᠨ | ᠲᠠᠶᠢᠯᠲᠠᠯᠠ ᠨᠠᠯᠠᠬᠤ ᠡᠶᠢᠮᠦ ᠵᠥᠭᠡᠯᠡᠨ ᠬᠥᠷᠥᠰᠥ ᠬᠡᠵᠢᠶ᠎ᠡ ᠴᠤ ᠣᠯᠳᠠᠬᠤ ᠦᠭᠡᠢ᠃ ᠬᠠᠨᠲᠠᠯ᠎ᠠ ᠪᠠᠨ ᠨᠠᠯᠠᠵᠤ | ᠲᠡᠨᠢᠢᠲᠡᠯ᠎ᠡ ᠪᠠᠨ ᠰᠤᠨᠢᠶᠠᠨ ᠠᠷᠠᠰᠤ ᠮᠢᠬᠠᠨ ᠳᠠᠭᠠᠨ ᠰᠢᠩᠭᠡᠲᠡᠯ᠎ᠡ ᠰᠠᠨᠠᠵᠤ ᠮᠥᠷᠥᠭᠡᠳᠴᠦ ᠶᠠᠪᠤᠵᠠᠭᠠᠶ᠎ᠠ᠂ | ᠬᠤᠶᠠᠭᠤᠯᠠ ᠪᠠᠨ︕︾ ᠬᠡᠮᠡᠨ ᠭᠤᠩᠭᠠᠨᠢᠯᠳᠤᠵᠤ᠂ ᠬᠤᠳᠳᠤᠭ ᠳᠡᠭᠡᠷ᠎ᠡ ᠤᠰᠤ ᠤᠤᠭᠤᠬᠤ ᠳᠠᠭᠠᠨ ︽ᠡᠶᠢᠮᠦ ᠠᠮᠢᠳᠤ | ᠲᠤᠩᠭᠠᠯᠠᠭ ᠷᠠᠰᠢᠶᠠᠨ ᠢ ᠲᠠᠮᠰᠢᠶᠠᠯᠠᠨ ᠲᠠᠮᠰᠢᠶᠠᠯᠠᠨ ᠤᠮᠳᠠᠯᠠᠵᠤ᠂ ᠦᠬᠦᠨ ᠦᠬᠦᠲᠡᠯ᠎ᠡ ᠪᠠᠨ ᠠᠷᠠᠭᠠᠨ ᠳᠠᠭᠠᠨ | ᠰᠢᠩᠭᠡᠬᠡᠨ ᠠᠭᠤᠰᠬᠠᠵᠤ ᠶᠠᠪᠤᠵᠠᠭᠠᠶ᠎ᠠ︕︾ ᠬᠡᠮᠡᠨ ᠮᠡᠯᠮᠡᠷᠡᠭᠦᠯᠵᠦ ᠪᠠᠶᠢᠭᠰᠠᠨ ᠶᠤᠮ ᠪᠢᠵᠡ ᠠ᠋⁈ | ᠴᠢᠨᠳᠠᠭ᠎ᠠ᠂ ᠪᠣᠲᠣᠭᠤ ᠬᠤᠶᠠᠷ ᠤᠨ ᠨᠤᠲᠤᠭ ᠤᠰᠤᠨ ᠠᠴᠠ ᠪᠠᠨ ᠰᠠᠯᠬᠤ ᠦᠶ᠎ᠡ ᠶᠢᠨ ᠰᠡᠳᠬᠢᠯ ᠤᠨ ᠭᠤᠨᠢᠭ | ᠳᠣᠭᠳᠣᠯᠤᠯ ᠢ ᠡᠳᠦᠶᠢᠬᠡᠨ ᠢᠶᠠᠷ ᠶᠠᠭᠠᠬᠢᠨ ᠬᠡᠮᠵᠢᠶᠡᠯᠡᠬᠦ ᠪᠢᠯᠡ ᠳ᠋ᠠ᠃ ᠠᠳᠤᠭᠤᠰᠤ ᠠᠮᠢᠲᠠᠨ ᠤ ᠰᠡᠳᠬᠢᠬᠦᠢ ᠳᠤ | ᠡᠭᠦᠨ ᠠᠴᠠ ᠴᠤ ᠢᠯᠡᠭᠦᠦ ᠬᠠᠶᠢᠷ᠎ᠠ ᠰᠡᠳᠬᠢᠯᠭᠡ ᠪᠠᠶᠢᠳᠠᠭ ᠢ ᠦᠭᠡᠶᠢᠰᠭᠡᠭᠦ ᠶᠢᠨ ᠠᠷᠭ᠎ᠠ ᠦᠭᠡᠢ᠃ | ᠬᠡᠷᠪᠡ ᠪᠢ ᠶᠢᠰᠦᠨ ᠭᠡᠯᠡ ᠮᠡᠳᠡᠳᠡᠭ ᠰᠠᠨ ᠪᠣᠯ ᠁ |