ᠵᠠᠪᠠᠯ ᠪᠡᠶᠡᠯᠡᠬᠦ ᠵᠢᠷᠭᠤᠳᠤᠭᠠᠷ ᠰᠠᠷ᠎ᠠ ᠶᠢᠨ ᠮᠥᠷᠥᠭᠡᠳᠦᠯ
ᠨᠡᠶᠢᠲᠡᠯᠡᠭᠰᠡᠨ ᠴᠠᠭ᠄
2024/6/4
     ᠵᠢᠷᠭᠤᠳᠤᠭᠠᠷ ᠰᠠᠷ᠎ᠠ ᠭᠡᠭᠴᠢ ᠬᠦᠰᠡᠯ ᠮᠥᠷᠥᠭᠡᠳᠦᠯ ᠢᠶᠠᠷ ᠪᠢᠯᠬᠠᠭᠰᠠᠨ ᠢᠲᠡᠭᠡᠯ ᠲᠡᠮᠡᠦᠯᠦᠯ ᠲᠠᠢ ᠴᠢᠬᠤᠯᠠ ᠨᠢᠭᠡᠨ ᠮᠥᠴᠡ ᠪᠢᠯᠡ᠃ ᠥᠨᠳᠥᠷ ᠭᠤᠷᠪᠠ ᠶᠢᠨ ᠰᠤᠷᠤᠬᠴᠢ ᠨᠥᠬᠦᠳ ᠤᠨ ᠰᠡᠳᠬᠢᠯ ᠤᠨ ᠤᠶᠠᠭ᠎ᠠ ᠲᠠᠢ ᠶᠡᠭᠡ ᠳᠡᠭᠡᠳᠦ ᠰᠤᠷᠭᠠᠭᠤᠯᠢ ᠳᠤ ᠰᠤᠷᠤᠬᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠪᠣᠯᠵᠤᠭ᠎ᠠ ᠶᠣᠰᠣᠭᠠᠷ ᠣᠶᠢᠷᠠᠲᠤᠭᠠᠳ ᠢᠷᠡᠯ᠎ᠠ᠃ ᠤᠯᠤᠰ ᠤᠨ ᠨᠢᠭᠡᠳᠦᠯᠲᠡᠢ ᠰᠢᠯᠭᠠᠯᠲᠠ ᠭᠡᠭᠴᠢ ᠰᠤᠷᠤᠬᠴᠢ ᠨᠢᠭᠡᠪᠦᠷᠢ ᠶᠢᠨ ᠠᠮᠢᠳᠤᠷᠠᠯ ᠰᠤᠷᠤᠯᠴᠠᠯᠭ᠎ᠠ ᠶᠢᠨ ᠵᠠᠮ ᠳᠠᠬᠢ ᠴᠢᠬᠤᠯᠠ ᠨᠢᠭᠡᠨ ᠡᠷᠭᠢᠯᠲᠡ᠂ ᠰᠤᠷᠤᠬᠴᠢ ᠨᠥᠬᠦᠳ ᠤᠨ ᠠᠷᠪᠠᠭᠠᠳ ᠵᠢᠯ ᠤᠨ ᠰᠤᠷᠤᠯᠴᠠᠯᠭ᠎ᠠ ᠴᠢᠷᠮᠠᠶᠢᠯᠭ᠎ᠠ ᠶᠢ ᠪᠦᠭᠦ ᠲᠠᠯ᠎ᠠ ᠪᠠᠷ ᠲᠤᠰᠬᠠᠨ ᠳ᠋ᠦᠩᠨᠡᠵᠦ᠂ ᠶᠡᠭᠡ ᠰᠤᠷᠭᠠᠭᠤᠯᠢ ᠳᠤ ᠲᠠᠪᠰᠢᠨ ᠣᠷᠣᠬᠤ ᠴᠢᠬᠤᠯᠠ ᠨᠢᠭᠡ ᠭᠤᠭᠴᠤᠭ᠎ᠠ ᠪᠤᠯᠬᠤ ᠶᠤᠮ᠃ ᠤᠯᠤᠰ ᠤᠨ ᠨᠢᠭᠡᠳᠦᠯᠲᠡᠢ ᠰᠢᠯᠭᠠᠯᠲᠠ ᠨᠢ ᠰᠤᠷᠤᠬᠴᠢ ᠨᠢᠭᠡᠪᠦᠷᠢ ᠶᠢ ᠬᠤᠳᠠ ᠬᠥᠳᠡᠭᠡ ᠶᠢᠨ᠂ ᠶᠠᠳᠠᠭᠤ ᠪᠠᠶᠠᠨ ᠭᠡᠵᠦ ᠢᠯᠭᠠᠯ ᠦᠭᠡᠢ ᠰᠢᠯᠭᠠᠯᠲᠠ ᠶᠢᠨ ᠬᠢᠷᠢ ᠪᠦᠳᠦᠮᠵᠢ ᠶᠢ ᠦᠨᠳᠦᠰᠦᠯᠡᠵᠦ᠂ ᠡᠷᠬᠡ ᠲᠡᠭᠰᠢ ᠲᠥᠪ ᠭᠤᠤᠯᠴᠢ ᠪᠠᠷ ᠡᠯᠰᠡᠨ᠂ ᠮᠥᠨ ᠴᠤ ᠡᠭᠦᠨ ᠢᠶᠠᠷ ᠳᠠᠮᠵᠢᠵᠤ ᠣᠷᠣᠶᠢᠯᠠᠭᠰᠠᠨ ᠴᠣᠯᠭᠤᠷᠠᠭᠰᠠᠨ ᠴᠢᠳᠠᠪᠤᠷᠢᠲᠠᠨ ᠢ ᠰᠣᠩᠭᠤᠵᠤ᠂ ᠲᠤᠰᠬᠠᠢ ᠮᠡᠷᠭᠡᠵᠢᠯ ᠢᠶᠠᠷ ᠬᠥᠮᠥᠵᠢᠭᠦᠯᠳᠡᠭ ᠪᠣᠯᠬᠤᠷ ᠬᠥᠮᠥᠰ ᠤᠨ ᠠᠩᠬᠠᠷᠤᠯ ᠢ ᠲᠠᠲᠠᠭᠰᠠᠭᠠᠷ ᠢᠷᠡᠭᠰᠡᠨ ᠶᠤᠮ᠃     ᠤᠯᠤᠰ ᠤᠨ ᠨᠢᠭᠡᠳᠦᠯᠲᠡᠢ ᠰᠢᠯᠭᠠᠯᠲᠠ ᠨᠢ ᠰᠤᠷᠤᠬᠴᠢᠳ ᠤᠨ ᠬᠦᠰᠡᠯ ᠮᠥᠷᠥᠭᠡᠳᠦᠯ ᠤᠨ ᠬᠢᠨᠢ ᠨᠢᠭᠡᠨ ᠬᠠᠷᠠᠯᠲᠠ ᠴᠡᠭ ᠪᠣᠯᠵᠤ᠂ ᠮᠡᠷᠡᠶᠢᠨ ᠴᠢᠷᠮᠠᠶᠢᠵᠤ ᠤᠷᠤᠭᠰᠢᠯᠠᠨ ᠳᠠᠪᠰᠢᠬᠤ ᠶᠢᠨ ᠬᠥᠳᠡᠯᠭᠡᠭᠴᠢ ᠬᠦᠴᠦᠨ ᠪᠣᠯᠵᠤ ᠪᠠᠶᠢᠳᠠᠭ᠃ ᠲᠡᠳᠡ ᠮᠠᠨᠢ ᠴᠢᠷᠮᠠᠶᠢᠯᠭ᠎ᠠ ᠬᠥᠮᠥᠨ ᠢ ᠭᠤᠮᠣᠳᠠᠭᠠᠳᠠᠭ ᠦᠭᠡᠢ ᠭᠡᠳᠡᠭ ᠲᠤ ᠪᠠᠲᠤ ᠢᠲᠡᠭᠡᠵᠦ᠂ ᠵᠢᠯ ᠤᠨ ᠲᠦᠷᠪᠡᠨ ᠤᠯᠠᠷᠢᠯ ᠳᠤ ᠤᠷᠭᠤᠬᠤ ᠨᠠᠷᠠᠨ ᠲᠠᠢ ᠤᠷᠤᠯᠳᠤᠵᠤ᠂ ᠰᠥᠨᠢ ᠶᠢᠨ ᠣᠳᠣᠳ ᠲᠠᠢ ᠬᠠᠨᠢᠯᠠᠵᠤ᠂ ᠬᠢᠴᠢᠶᠡᠯ ᠲᠦᠷᠤᠯ ᠳᠡᠭᠡᠨ ᠰᠢᠮᠳᠠᠨ᠂ ᠨᠢᠮᠪᠠᠢ ᠰᠤᠷᠤᠯᠴᠠᠨ ᠭᠦᠨᠵᠡᠭᠡᠢ ᠪᠠᠲᠤᠳᠬᠠᠵᠤ᠂ ᠬᠦᠴᠢᠷ ᠪᠡᠷᠬᠡᠰᠢᠶᠡᠯ ᠢ ᠢᠯᠠᠨ ᠳᠠᠪᠠᠵᠤ ᠪᠡᠶ᠎ᠡ ᠪᠠᠨ ᠳᠠᠭᠠᠭᠠᠬᠤ ᠪᠠ ᠬᠠᠯᠠᠰᠢᠷᠠᠯ ᠦᠭᠡᠢ ᠴᠢᠷᠮᠠᠶᠢᠬᠤ ᠵᠣᠷᠢᠭ ᠰᠥᠰᠥ ᠶᠢ ᠬᠥᠮᠥᠵᠢᠭᠦᠯᠦᠭᠰᠡᠨ ᠶᠤᠮ᠃ ᠳᠡᠶᠢᠮᠤ ᠠᠴᠠ ᠤᠯᠤᠰ ᠤᠨ ᠨᠢᠭᠡᠳᠦᠯᠲᠡᠢ ᠰᠢᠯᠭᠠᠯᠲᠠ ᠳᠠᠭᠠᠨ ᠰᠤᠷᠤᠯᠴᠠᠬᠤ ᠴᠢᠳᠠᠪᠤᠷᠢ ᠪᠣᠯᠣᠨ ᠠᠰᠠᠭᠤᠳᠠᠯ ᠢ ᠰᠢᠢᠳᠪᠦᠷᠢᠯᠡᠬᠦ ᠴᠢᠳᠠᠪᠤᠷᠢ ᠪᠠᠨ ᠭᠦᠢᠴᠡᠳ ᠪᠠᠳᠠᠷᠠᠭᠤᠯᠪᠠᠯ ᠰᠢᠯᠢᠳᠡᠭ ᠠᠮᠵᠢᠯᠲᠠ ᠣᠯᠬᠤ ᠳᠤ ᠡᠨᠡᠦᠬᠡᠨ ᠳᠤ᠃     ᠤᠯᠤᠰ ᠤᠨ ᠨᠢᠭᠡᠳᠦᠯᠲᠡᠢ ᠰᠢᠯᠭᠠᠯᠲᠠ ᠨᠢ ᠰᠤᠷᠤᠬᠴᠢ ᠶᠢᠨ ᠰᠤᠷᠤᠯᠭ᠎ᠠ ᠠᠮᠢᠳᠤᠷᠠᠯ ᠤᠨ ᠠᠶᠠᠨ ᠳᠤᠮᠳᠠᠬᠢ ᠴᠢᠬᠤᠯᠠ ᠨᠢᠭᠡᠨ ᠥᠩᠭᠡᠷᠡᠯᠲᠡ ᠪᠠᠶᠢᠵᠤ᠂ ᠬᠡᠰᠡᠭ ᠪᠦᠯᠦᠭ ᠰᠤᠷᠤᠬᠴᠢᠳ ᠤᠨ ᠨᠡᠷᠡᠳᠤ ᠶᠡᠭᠡ ᠰᠤᠷᠭᠠᠭᠤᠯᠢ ᠳᠤ ᠰᠢᠯᠭᠠᠭᠤᠯᠤᠨ ᠣᠷᠣᠵᠤ᠂ ᠥᠪᠡᠷ ᠤᠨ ᠬᠦᠰᠡᠯ ᠮᠥᠷᠥᠭᠡᠳᠦᠯ ᠢᠶᠠᠨ ᠪᠡᠶᠡᠯᠡᠭᠦᠯᠬᠦ᠂ ᠬᠤᠪᠢ ᠵᠠᠶᠠᠭ᠎ᠠ ᠪᠠᠨ ᠬᠤᠪᠢᠷᠠᠭᠤᠯᠬᠤ ᠳᠥᠲᠡ ᠵᠠᠮ ᠪᠤᠯᠳᠠᠭ ᠠᠴᠠ ᠪᠢᠰᠢ᠂ ᠬᠠᠷᠢᠨ ᠪᠦᠭᠦᠶᠢᠯᠡ ᠬᠥᠮᠥᠰ ᠤᠨ ᠬᠤᠵᠢᠮ ᠢᠷᠡᠭᠡᠳᠦᠢ ᠶᠢᠨ ᠬᠥᠭᠵᠢᠯᠲᠡ ᠶᠢᠨ ᠴᠤᠷ ᠤᠨ ᠭᠠᠭᠴᠠ ᠭᠠᠷᠬᠤ ᠵᠠᠮ ᠪᠢᠰᠢ ᠶᠤᠮ᠃ ᠡᠶᠢᠮᠦ ᠠᠴᠠ ᠪᠢᠳᠡ ᠰᠢᠯᠭᠠᠯᠲᠠ ᠳᠤ ᠵᠥᠪ ᠣᠪᠣᠷ ᠢᠶᠠᠷ ᠬᠠᠨᠳᠤᠵᠤ᠂ ᠢᠳᠡᠪᠬᠢ ᠥᠭᠡᠳᠡᠷᠬᠡᠭ ᠪᠠᠶᠠᠰᠤᠩᠭᠤᠢ ᠣᠪᠣᠷ ᠢᠶᠠᠷ ᠰᠡᠳᠬᠢᠯ ᠤᠨ ᠳᠠᠷᠤᠭᠠᠰᠤ ᠪᠠᠨ ᠬᠥᠩᠭᠡᠷᠡᠭᠦᠯᠵᠦ᠂ ᠡᠨᠡ ᠬᠦ ᠰᠢᠯᠭᠠᠯᠲᠠ ᠶᠢ ᠥᠩᠭᠡᠷᠡᠭᠰᠡᠨ ᠤ ᠬᠢᠵᠦ ᠢᠷᠡᠭᠰᠡᠨ ᠤᠯᠠᠨ ᠤᠯᠠᠨ ᠶᠡᠷᠦ ᠶᠢᠨ ᠰᠢᠯᠭᠠᠯᠲᠠ  ᠲᠠᠢ ᠪᠠᠨ ᠠᠳᠠᠯᠢ ᠪᠠᠷ ᠦᠵᠡᠵᠦ᠂ ᠭᠡᠳᠦ ᠶᠡᠭᠡ ᠪᠠᠯᠢᠳᠠᠵᠤ ᠰᠠᠨᠳᠤᠷᠬᠤ ᠠᠴᠠ ᠬᠢᠴᠢᠶᠡᠵᠦ᠂ ᠬᠠᠮᠤᠭ ᠤᠨ ᠲᠠᠶᠢᠪᠤᠭᠤ ᠰᠡᠳᠬᠢᠯ ᠢᠶᠠᠷ ᠬᠠᠮᠤᠭ ᠤᠨ ᠰᠢᠯᠢᠳᠡᠭ ᠬᠢᠷᠢ ᠪᠦᠳᠦᠮᠵᠢ ᠪᠠᠨ ᠣᠯᠵᠤ ᠴᠢᠳᠠᠪᠠᠯ ᠥᠪᠡᠷ ᠤᠨ ᠪᠡᠶ᠎ᠡ ᠳᠡᠭᠡᠨ ᠬᠠᠷᠠᠮᠰᠠᠯ ᠦᠯᠡᠳᠡᠭᠡᠬᠦ ᠦᠭᠡᠢ ᠶᠤᠮ᠃ ᠰᠢᠯᠭᠠᠯᠲᠠ ᠣᠶᠢᠷᠠᠲᠤᠭᠰᠠᠨ ᠡᠨᠡ ᠬᠦ ᠵᠠᠩᠭᠢᠯᠠᠭ᠎ᠠ ᠶᠢᠨ ᠴᠠᠭ ᠲᠤ ᠪᠠᠭᠰᠢ ᠭᠡᠷ ᠤᠨ ᠠᠬᠠᠮᠠᠳ ᠨᠠᠷ ᠰᠤᠷᠤᠬᠴᠢᠳ ᠲᠠᠭᠠᠨ ᠰᠡᠳᠬᠢᠯ ᠤᠨ ᠡᠷᠴᠢ ᠬᠦᠴᠦ ᠨᠡᠮᠡᠵᠦ᠂ ᠰᠤᠷᠤᠯᠴᠠᠵᠤ ᠠᠮᠠᠷᠠᠬᠤ ᠴᠠᠭ ᠢ ᠨᠢ ᠵᠦᠢ ᠵᠣᠬᠢᠰᠲᠠᠢ ᠰᠠᠶᠢᠲᠤᠷ ᠲᠣᠬᠢᠷᠠᠭᠤᠯᠵᠤ᠂ ᠣᠨᠴᠠᠭᠠᠶᠢᠯᠠᠨ ᠭᠡᠷ ᠤᠨ ᠠᠬᠠᠮᠠᠳ ᠬᠡᠦᠬᠡᠳ ᠤᠨ ᠢᠶᠠᠨ ᠥᠮᠥᠭ ᠲᠦᠰᠢᠭ ᠪᠣᠯᠵᠤ᠂ ᠤᠯᠤᠰ ᠤᠨ ᠨᠢᠭᠡᠳᠦᠯᠲᠡᠢ ᠰᠢᠯᠭᠠᠯᠲᠠ ᠪᠠᠨ ᠬᠠᠮᠲᠤ ᠪᠠᠷ ᠪᠠᠶᠠᠷ ᠭᠦᠷ ᠲᠠᠢ ᠢᠲᠡᠭᠡᠯ ᠲᠡᠭᠦᠯᠳᠡᠷ ᠤᠭᠲᠤᠪᠠᠯ ᠵᠣᠬᠢᠨ᠎ᠠ᠃     ᠤᠯᠤᠰ ᠤᠨ ᠨᠢᠭᠡᠳᠦᠯᠲᠡᠢ ᠰᠢᠯᠭᠠᠯᠲᠠ ᠪᠣᠯ ᠶᠡᠭᠡ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠨ ᠣᠷᠣᠬᠤ ᠠᠩᠬᠠᠨ ᠤ ᠡᠭᠦᠳᠡ᠂ ᠰᠢᠯᠭᠠᠯᠲᠠ ᠶᠢᠨ ᠬᠢᠷᠢ ᠪᠦᠳᠤᠮᠵᠢ ᠪᠣᠯ ᠶᠡᠭᠡ ᠰᠤᠷᠭᠠᠭᠤᠯᠢ ᠶᠢᠨ ᠰᠤᠷᠭᠠᠨ ᠬᠥᠮᠦᠵᠢᠯ ᠭᠦᠷᠳᠡᠭᠦ᠂ ᠥᠪᠡᠷ ᠤᠨ ᠳᠤᠷ᠎ᠠ ᠰᠣᠨᠢᠷᠬᠠᠯ ᠲᠠᠢ ᠲᠤᠰᠬᠠᠢ ᠮᠡᠷᠭᠡᠵᠢᠯ ᠤᠨ ᠢᠶᠠᠨ ᠴᠢᠳᠠᠪᠤᠷᠢᠲᠠᠨ ᠪᠣᠯᠵᠤ ᠬᠥᠮᠥᠵᠢᠭᠳᠡᠬᠦ᠂ ᠢᠯᠠᠩᠭᠤᠶ᠎ᠠ ᠠᠯᠤᠰ ᠤᠨ ᠬᠦᠰᠡᠯ ᠢᠶᠠᠨ ᠪᠡᠶᠡᠯᠡᠭᠦᠯᠬᠦ ᠳᠠᠷᠳᠠᠩ ᠵᠠᠮ ᠤᠨ ᠠᠩᠬᠠᠨ ᠤ ᠴᠡᠭ ᠤᠴᠢᠷ᠂ ᠥᠷᠭᠡᠨ ᠤᠯᠠᠨ ᠰᠢᠯᠭᠠᠭᠤᠯᠤᠭᠰᠠᠳ ᠮᠠᠨᠢ ᠤᠶᠤᠨ ᠤᠬᠠᠭᠠᠨ ᠰᠡᠳᠬᠢᠯ ᠤᠨ ᠲᠠᠮᠢᠷ ᠰᠣᠷᠢᠭᠰᠠᠨ ᠰᠢᠯᠭᠠᠯᠲᠠ ᠳᠠᠭᠠᠨ ᠥᠨᠳᠥᠷ ᠠᠮᠵᠢᠯᠲᠠ ᠣᠯᠵᠤ᠂ ᠬᠦᠰᠡᠵᠦ ᠰᠠᠨᠠᠭᠰᠠᠨ ᠶᠡᠭᠡ ᠰᠤᠷᠭᠠᠭᠤᠯᠢ ᠳᠠᠭᠠᠨ ᠰᠢᠯᠭᠠᠭᠤᠯᠤᠨ ᠣᠷᠣᠵᠤ᠂ ᠵᠠᠯᠠᠭᠤ ᠨᠠᠰᠤᠨ  ᠳᠠᠭᠠᠨ ᠭᠢᠯᠠᠷᠠᠭᠤᠯᠵᠤ ᠶᠠᠪᠤᠭᠠᠷᠠᠢ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号