ᠠᠷᠪᠢᠯᠠᠨ ᠭᠠᠮᠨᠠᠬᠤ ᠬᠠᠷᠢᠭᠤᠴᠠᠯᠭ᠎ᠠ ᠶᠢ ᠬᠠᠮᠲᠤ ᠪᠠᠷ ᠡᠭᠦᠷᠭᠡᠯᠡᠶ᠎ᠡ
ᠨᠡᠶᠢᠲᠡᠯᠡᠭᠰᠡᠨ ᠴᠠᠭ᠄
2024/4/15
     ᠢᠳᠡᠭᠡᠨ ᠤᠮᠳᠠᠭᠠᠨ ᠤ ᠦᠢᠯᠡᠴᠢᠯᠡᠭᠡᠨ ᠤ ᠦᠢᠯᠡᠰ ᠲᠠᠬᠢ ᠠᠷᠪᠢᠯᠠᠨ ᠭᠠᠮᠨᠠᠬᠤ ᠬᠠᠮᠢᠶᠠᠷᠤᠯᠲᠠ ᠶᠢ ᠨᠡᠶᠢᠲᠡᠯᠡᠨ ᠬᠡᠷᠡᠭᠵᠢᠭᠦᠯᠵᠦ ᠣᠷᠣᠨ ᠨᠤᠲᠤᠭ ᠤᠨ ᠪᠠᠷᠢᠮᠵᠢᠶ᠎ᠠ ᠪᠠ ᠪᠦᠯᠭᠦᠮ ᠤᠨ ᠪᠠᠷᠢᠮᠵᠢᠶ᠎ᠠ ᠶᠢ ᠵᠢᠷᠤᠮᠵᠢᠭᠤᠯᠪᠠ; ᠤᠰᠤ ᠠᠷᠪᠢᠯᠠᠬᠤ ᠤᠬᠠᠭᠤᠯᠭ᠎ᠠ ᠶᠢᠨ ᠭᠠᠷᠠᠭ᠂ ᠡᠨᠧᠷᠭᠢ ᠠᠷᠪᠢᠯᠠᠬᠤ ᠤᠬᠠᠭᠤᠯᠭ᠎ᠠ ᠶᠢᠨ ᠭᠠᠷᠠᠭ ᠵᠡᠷᠭᠡ ᠭᠤᠣᠯ ᠰᠡᠳᠦᠪᠲᠦ ᠤᠬᠠᠭᠤᠯᠭ᠎ᠠ ᠶᠢᠨ ᠠᠵᠢᠯᠯᠠᠭ᠎ᠠ ᠡᠷᠭᠢᠯᠡᠪᠠ; ᠠᠮᠤ ᠪᠤᠳᠠᠭ᠎ᠠ ᠶᠢ ᠠᠷᠪᠢᠯᠠᠨ ᠭᠠᠮᠨᠠᠬᠤ ᠠᠵᠢᠯᠯᠠᠭ᠎ᠠ ᠥᠷᠨᠢᠭᠦᠯᠵᠦ᠂ ᠢᠳᠡᠭᠡᠨ ᠤᠮᠳᠠᠭᠠᠨ ᠢ ᠪᠦᠷᠢᠯᠭᠡᠨ ᠰᠦᠢᠳᠬᠡᠬᠦ ᠶᠢ ᠡᠷᠡᠰ ᠬᠤᠷᠢᠭᠯᠠᠪᠠ ᠁ ᠣᠷᠣᠨ ᠳᠠᠶᠠᠭᠠᠷ  ᠢᠶᠠᠨ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ ᠳᠦᠭᠦᠮ ᠪᠥᠭᠡᠳ ᠲᠣᠬᠢᠷᠠᠮᠵᠢᠲᠠᠢ᠂ ᠪᠣᠬᠢᠷᠳᠤᠯ ᠦᠭᠡᠢ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠠᠮᠢᠳᠤᠷᠠᠯ ᠤᠨ ᠠᠷᠭ᠎ᠠ ᠭᠡᠯᠪᠡᠷᠢ ᠶᠢ ᠠᠬᠢᠭᠤᠯᠵᠤ᠂ ᠱᠠᠯᠢᠨ ᠪᠦᠷᠢᠯᠭᠡᠬᠦ ᠪᠠ ᠬᠡᠲᠦᠷᠡᠲᠡᠯ᠎ᠡ ᠬᠡᠷᠡᠭᠯᠡᠬᠦ ᠶᠢ ᠡᠰᠡᠷᠭᠦᠴᠡᠭᠰᠡᠨ ᠢᠶᠠᠷ  ᠠᠷᠪᠢᠯᠠᠨ ᠭᠠᠮᠨᠠᠬᠤ ᠠᠭᠤᠷ ᠠᠮᠢᠰᠬᠤᠯ ᠤᠯᠠᠮ  ᠠᠴᠠ ᠤᠯᠠᠮ ᠥᠳᠬᠡᠷᠡᠪᠡ᠃      ᠠᠷᠪᠢᠯᠠᠬᠤ ᠶᠢ ᠠᠮᠠᠰᠠᠷ ᠠᠴᠠ ᠨᠢ ᠭᠡᠳᠡᠭ᠃ ᠨᠢᠭᠡ ᠭᠡᠷ ᠪᠦᠯᠢ ᠪᠠᠶᠠᠵᠢᠨ ᠴᠢᠨᠡᠭᠡᠯᠢᠭᠵᠢᠶ᠎ᠡ ᠭᠡᠪᠡᠯ ᠣᠷᠣᠯᠭ᠎ᠠ  ᠪᠠᠨ ᠨᠡᠮᠡᠭᠳᠡᠭᠦᠯᠦᠨ ᠵᠠᠷᠤᠯᠭ᠎ᠠ ᠪᠠᠨ ᠠᠷᠪᠢᠯᠠᠵᠤ᠂ ᠠᠵᠢᠯᠴᠢ ᠠᠷᠪᠢᠴᠢ ᠪᠠᠷ ᠠᠵᠤ ᠲᠦᠷᠦᠭᠦ ᠠᠴᠠ ᠰᠠᠯᠵᠤ ᠴᠢᠳᠠᠬᠤ ᠦᠭᠡᠢ; ᠨᠢᠭᠡ ᠤᠯᠤᠰ ᠪᠠᠶᠠᠵᠢᠨ ᠬᠦᠴᠦᠷᠬᠡᠭᠵᠢᠶ᠎ᠡ ᠭᠡᠪᠡᠯ ᠪᠦᠭᠦ ᠠᠷᠠᠳ ᠤᠨ ᠠᠷᠪᠢᠯᠠᠨ ᠭᠠᠮᠨᠠᠬᠤ ᠳᠠᠳᠬᠠᠯ᠂ ᠠᠵᠢᠯᠴᠢ ᠠᠷᠪᠢᠴᠢ ᠰᠤᠷᠲᠠᠯ ᠠᠴᠠ ᠰᠠᠯᠵᠤ ᠴᠢᠳᠠᠬᠤ ᠦᠭᠡᠢ ᠶᠤᠮ᠃ ᠥᠪᠥᠷ ᠮᠣᠩᠭᠤᠯ ᠤᠨ ᠠᠵᠤ ᠠᠬᠤᠢ ᠨᠡᠶᠢᠭᠡᠮ  ᠤᠨ ᠬᠥᠭᠵᠢᠯᠲᠡ ᠶᠢ ᠳᠠᠭᠠᠯᠳᠤᠨ ᠪᠦᠭᠦ ᠣᠷᠣᠨ ᠤ ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠮᠢᠳᠤᠷᠠᠯ  ᠤᠨ ᠲᠦᠪᠰᠢᠨ ᠲᠠᠰᠤᠷᠠᠯᠲᠠ ᠦᠭᠡᠢ ᠳᠡᠭᠡᠭᠰᠢᠯᠡᠭᠰᠡᠨ ᠪᠤᠯᠪᠠᠴᠤ ᠠᠵᠢᠯᠴᠢ ᠠᠷᠪᠢᠴᠢ ᠪᠠᠷ ᠠᠷᠪᠢᠯᠠᠨ ᠭᠠᠮᠨᠠᠬᠤ ᠪᠣᠯ ᠮᠠᠨ ᠤ ᠤᠯᠠᠮᠵᠢᠯᠠᠯᠲᠤ ᠡᠷᠳᠡᠨᠢ ᠪᠤᠯᠬᠤ ᠲᠤᠯᠠ ᠬᠡᠵᠢᠶ᠎ᠡ ᠴᠦ ᠭᠡᠰᠡᠨ ᠲᠠᠶᠠᠭᠳᠠᠵᠤ ᠪᠤᠯᠬᠤ ᠦᠭᠡᠢ᠃ ᠨᠠᠷᠢᠨ ᠨᠢᠮᠪᠠᠢ ᠲᠥᠯᠥᠪᠯᠡᠨ ᠪᠤᠳᠤᠵᠤ᠂ ᠭᠦᠢᠴᠡᠳ ᠠᠰᠢᠭᠯᠠᠪᠠᠯ ᠰᠠᠶ᠋ᠢ ᠨᠡᠩ ᠪᠠᠭ᠎ᠠ ᠡᠬᠢ ᠪᠠᠶᠠᠯᠢᠭ ᠤᠨ ᠬᠤᠷᠣᠭᠳᠠᠯ ᠢᠶᠠᠷ ᠨᠡᠩ ᠤᠯᠠᠨ ᠶᠠᠪᠤᠳᠠᠯ ᠢ ᠪᠦᠲᠦᠭᠡᠵᠦ᠂ ᠥᠨᠳᠥᠷ ᠪᠦᠲᠦᠮᠵᠢᠲᠡᠢ ᠬᠥᠭᠵᠢᠯᠲᠡ᠂ ᠪᠣᠬᠢᠷᠳᠤᠯ ᠦᠭᠡᠢ ᠬᠥᠭᠵᠢᠯᠲᠡ ᠶᠢ ᠪᠡᠶᠡᠯᠡᠭᠦᠯᠵᠦ ᠴᠢᠳᠠᠨ᠎ᠠ᠃      ᠠᠷᠪᠢᠯᠠᠬᠤ ᠭᠠᠮᠨᠠᠬᠤ ᠨᠢ ᠬᠠᠷᠢᠶᠠᠴᠠᠢ ᠰᠢᠪᠡᠷ ᠵᠥᠭᠡᠭᠡᠬᠦ ᠲᠠᠢ ᠠᠳᠠᠯᠢ᠂ ᠪᠦᠷᠢᠯᠭᠡᠨ ᠰᠦᠢᠳᠬᠡᠬᠦ ᠨᠢ ᠬᠠᠰᠢᠯᠭ᠎ᠠ ᠰᠡᠳᠡᠷᠡᠭᠦ ᠲᠠᠢ ᠠᠳᠠᠯᠢ ᠶᠤᠮ᠃ ᠠᠵᠢᠯᠴᠢ ᠠᠷᠪᠢᠴᠢ ᠪᠠᠷ ᠠᠷᠪᠢᠯᠠᠨ ᠭᠠᠮᠨᠠᠬᠤ ᠳᠤ ᠡᠷᠬᠡᠪᠰᠢ ᠪᠠᠭ᠎ᠠ ᠶᠠᠪᠤᠳᠠᠯ ᠠᠴᠠ ᠭᠠᠷᠳᠠᠨ᠂ ᠨᠠᠷᠢᠨ ᠵᠦᠢᠯᠡᠰ ᠠᠴᠠ ᠡᠬᠢᠯᠡᠨ ᠬᠢᠵᠦ᠂ ᠥᠪᠡᠷ ᠤᠨ ᠪᠡᠶ᠎ᠡ ᠠᠴᠠ ᠪᠠᠨ ᠡᠬᠢᠯᠡᠨ ᠬᠢᠵᠦ᠂ ᠤᠳᠤ ᠠᠴᠠ ᠡᠬᠢᠯᠡᠨ ᠬᠢᠬᠦ ᠬᠡᠷᠡᠭᠲᠡᠢ᠃ ᠯᠠᠷᠵᠢᠶ᠎ᠠ ᠶᠠᠩᠪᠠ ᠲᠠᠲᠠᠬᠤ᠂ ᠨᠢᠭᠤᠷ ᠲᠠᠯ᠎ᠠ ᠬᠠᠷᠠᠬᠤ   ᠶᠢ ᠲᠠᠶᠠᠭᠳᠠᠨ᠂ ᠠᠵᠢᠯᠴᠢ ᠠᠷᠪᠢᠴᠢ ᠠᠮᠢᠳᠤᠷᠠᠯ ᠤᠨ ᠠᠷᠭ᠎ᠠ ᠭᠡᠯᠪᠡᠷᠢ ᠶᠢ ᠦᠢᠯᠡᠳᠦᠯᠭᠡᠵᠢᠭᠦᠯᠵᠦ᠂ ᠠᠷᠪᠢᠯᠠᠨ ᠭᠠᠮᠨᠠᠬᠤ ᠰᠠᠶᠢᠨ ᠰᠠᠶᠢᠬᠠᠨ ᠳᠠᠳᠬᠠᠯ ᠢ ᠪᠤᠢ ᠪᠤᠯᠭᠠᠬᠤ ᠬᠡᠷᠡᠭᠲᠡᠢ᠃ ᠵᠢᠱᠢᠶᠡᠯᠡᠪᠡᠯ  ᠢᠳᠡᠬᠦ ᠬᠡᠮᠵᠢᠶ᠎ᠡ ᠪᠠᠷ ᠢᠶᠠᠨ ᠬᠤᠭᠤᠯᠠ ᠵᠠᠬᠢᠶᠠᠯᠠᠬᠤ᠂ ᠠᠷᠪᠢᠴᠢ ᠭᠠᠮᠲᠠᠢ ᠬᠤᠭᠤᠯᠠᠯᠠᠬᠤ᠂ ︽ᠫᠢᠯᠠ ᠬᠤᠭᠤᠰᠤᠯᠠᠬᠤ ᠠᠵᠢᠯᠯᠠᠭ᠎ᠠ︾ ᠵᠡᠷᠭᠡ ᠶᠢ ᠢᠳᠡᠪᠬᠢᠲᠡᠢ ᠦᠢᠯᠡᠳᠦᠯᠭᠡᠵᠢᠭᠦᠯᠵᠦ᠂ ᠢᠳᠡᠭᠡᠨ ᠢ ᠪᠦᠷᠢᠯᠭᠡᠨ ᠰᠦᠢᠳᠬᠡᠬᠦ ᠶᠢ ᠬᠤᠷᠢᠭᠯᠠᠬᠤ ᠴᠢᠬᠤᠯᠠᠳᠠᠢ; ᠴᠠᠭ ᠲᠤᠬᠠᠢ ᠳᠤᠨᠢ ᠴᠠᠭᠢᠯᠭᠠᠨ ᠳ᠋ᠧᠩ ᠢᠶᠠᠨ ᠤᠨᠲᠠᠷᠠᠭᠠᠨ᠂ ᠤᠰᠤᠨ ᠴᠣᠷᠭᠤ ᠪᠠᠨ ᠬᠠᠭᠠᠵᠤ᠂ ᠳ᠋ᠧᠩ ᠢᠶᠠᠨ  ᠨᠣᠴᠣᠭᠠᠭᠠᠳ ᠤᠷᠭᠢᠬᠤ  ᠪᠠ ᠤᠰᠤ ᠪᠠᠨ ᠭᠤᠭᠤᠵᠢᠭᠤᠯᠤᠭᠠᠳ ᠤᠷᠭᠢᠬᠤ ᠦᠵᠡᠭᠳᠡᠯ ᠢ ᠬᠤᠷᠢᠭᠯᠠᠬᠤ ᠴᠢᠬᠤᠯᠠᠲᠠᠢ᠃ ᠴᠠᠭᠢᠯᠭᠠᠨ ᠬᠡᠷᠡᠭᠰᠡᠯ ᠢ ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠬᠡᠷᠡᠭᠯᠡᠨ ᠴᠠᠭᠢᠯᠭᠠᠨ ᠬᠡᠷᠡᠭᠰᠡᠯ ᠤᠨ ᠡᠨᠧᠷᠭᠢ ᠶᠢᠨ ᠬᠤᠷᠣᠭᠳᠠᠭᠤᠯᠤᠯ ᠢ ᠪᠠᠭᠠᠰᠬᠠᠵᠤ᠂ ᠣᠯᠠᠨ ᠨᠡᠶᠢᠲᠡ  ᠶᠢᠨ ᠵᠠᠮ ᠬᠠᠷᠢᠯᠴᠠᠭ᠎ᠠ ᠶᠢ ᠰᠣᠩᠭᠤᠨ ᠪᠣᠬᠢᠷᠳᠤᠯ ᠦᠭᠡᠢ ᠠᠶᠠᠯᠠᠯ ᠢ ᠢᠯᠡᠭᠦᠬᠡᠨ ᠰᠣᠩᠭᠤᠬᠤ ᠴᠢᠬᠤᠯᠠᠲᠠᠢ ᠁ ᠣᠯᠠᠨ ᠢᠶᠠᠷ ᠢᠶᠠᠨ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠬᠡᠰᠡᠭ ᠴᠠᠭᠠᠰᠤ᠂ ᠭᠷᠡᠳᠦ᠋ᠰ ᠴᠠᠭᠢᠯᠭᠠᠨ᠂ ᠳᠤᠰᠤᠯ ᠤᠰᠤ ᠠᠴᠠ ᠡᠬᠢᠯᠡᠨ ᠠᠷᠪᠢᠯᠠᠨ ᠭᠠᠮᠨᠠᠬᠤ ᠰᠢᠨ᠎ᠡ ᠰᠤᠷᠲᠠᠯ ᠢ ᠠᠮᠢᠳᠤᠷᠠᠯ ᠤᠨ ᠳᠤᠮᠳᠠ ᠪᠠᠨ ᠦᠢᠯᠡᠳᠦᠯᠭᠡᠵᠢᠭᠦᠯᠬᠦ ᠬᠡᠷᠡᠭᠲᠡᠢ᠃      ᠠᠷᠪᠢᠯᠠᠨ ᠭᠠᠮᠨᠠᠬᠤ ᠶᠢ ᠡᠷᠬᠢᠮᠯᠡᠵᠦ᠂ ᠪᠦᠷᠢᠯᠭᠡᠨ ᠰᠦᠢᠳᠬᠡᠬᠦ ᠶᠢ ᠡᠰᠡᠷᠭᠦᠴᠡᠬᠦ ᠪᠣᠯ ᠪᠦᠭᠦ ᠠᠷᠠᠳ ᠤᠨ ᠶᠠᠪᠤᠳᠠᠯ᠂ ᠬᠥᠮᠥᠨ ᠪᠦᠭᠦᠨ ᠤ ᠬᠠᠷᠢᠭᠤᠴᠠᠯᠭ᠎ᠠ ᠮᠥᠨ᠃ ᠵᠠᠩ ᠳᠠᠳᠬᠠᠯ ᠢ ᠥᠭᠡᠷᠡᠴᠢᠯᠡᠬᠦ ᠶᠢ ᠶᠡᠭᠡ ᠪᠠᠷ  ᠠᠬᠢᠭᠤᠯᠵᠤ᠂ ᠰᠣᠬᠤᠷ ᠪᠠᠯᠠᠢ ᠪᠠᠷ ᠠᠳᠠᠯᠢᠳᠬᠠᠬᠤ᠂ ᠬᠤᠷᠢᠮ ᠨᠠᠶᠢᠷ ᠢ ᠶᠡᠭᠡ ᠪᠠᠷ ᠡᠷᠭᠢᠯᠡᠨ ᠶᠡᠭᠡ ᠪᠠᠷ ᠬᠢᠬᠦ ᠵᠡᠷᠭᠡ ᠬᠠᠭᠤᠴᠢᠨ ᠶᠣᠰᠣ ᠪᠦᠳᠦᠭᠦᠯᠢᠭ ᠳᠠᠳᠬᠠᠯ ᠢ ᠡᠪᠳᠡᠵᠦ᠂ ᠡᠬᠢ ᠪᠠᠶᠠᠯᠢᠭ ᠢ ᠠᠷᠪᠢᠯᠠᠬᠤ ᠳᠤ ᠠᠰᠢᠭᠲᠠᠢ ᠦᠢᠯᠡᠳᠪᠦᠷᠢᠯᠡᠯ ᠠᠮᠢᠳᠤᠷᠠᠯ ᠤᠨ ᠠᠷᠭ᠎ᠠ ᠭᠡᠯᠪᠡᠷᠢ ᠶᠢ ᠢᠳᠡᠪᠬᠢᠲᠡᠢ ᠲᠦᠭᠡᠮᠡᠯᠵᠢᠭᠦᠯᠵᠦ᠂ ᠠᠷᠪᠢᠯᠠᠨ ᠭᠠᠮᠨᠠᠬᠤ ᠨᠢ ᠢᠷᠠᠭᠤ ᠠᠯᠳᠠᠷᠲᠠᠢ᠂ ᠪᠦᠷᠢᠯᠭᠡᠨ ᠰᠦᠢᠳᠬᠡᠬᠦ ᠨᠢ ᠢᠴᠢᠭᠦᠷᠢ ᠭᠤᠲᠤᠮᠰᠢᠭᠲᠠᠢ ᠭᠡᠬᠦ ᠪᠣᠯᠪᠠᠰᠤᠨ ᠬᠡᠪ ᠰᠤᠷᠲᠠᠯ ᠢ ᠪᠤᠶ ᠪᠣᠯᠭᠠᠨ᠂ ᠤᠯᠠᠨ ᠨᠡᠶᠢᠲᠡ ᠶᠢ ᠬᠥᠲᠥᠯᠥᠨ ᠵᠢᠯᠤᠭᠤᠳᠴᠤ ᠪᠠᠶᠢᠭᠠᠳ ᠠᠷᠪᠢᠯᠠᠨ ᠭᠠᠮᠨᠠᠬᠤ ᠪᠠᠷ ᠢᠷᠠᠭᠤ ᠠᠯᠳᠠᠷ ᠢᠶᠠᠨ ᠪᠤᠯᠭᠠᠬᠰᠠᠨ ᠠᠮᠢᠳᠤᠷᠠᠯ ᠤᠨ ᠣᠶᠢᠯᠠᠭᠠᠭᠳᠠᠬᠤᠨ ᠪᠠ ᠬᠡᠷᠡᠭᠯᠡᠭᠡ ᠶᠢᠨ ᠣᠶᠢᠯᠠᠭᠠᠭᠳᠠᠬᠤᠨ ᠢ ᠪᠠᠲᠤ ᠪᠠᠬᠢ ᠪᠤᠶ ᠪᠤᠯᠭᠠᠵᠤ᠂ ᠠᠵᠢᠯᠴᠢ ᠠᠷᠪᠢᠴᠢ ᠪᠠᠷ ᠠᠷᠪᠢᠯᠠᠨ ᠭᠠᠮᠨᠠᠬᠤ ᠰᠤᠷᠲᠠᠯ ᠢ ᠡᠬᠡ ᠤᠯᠤᠰ ᠤᠨ ᠤᠮᠠᠷᠠᠲᠤ ᠶᠢᠨ ᠡᠬᠡ ᠭᠠᠵᠠᠷ  ᠤᠨ ᠮᠢᠩᠭᠠᠨ ᠠᠵᠢᠯ ᠲᠥᠷᠥᠯ᠂ ᠲᠦᠮᠡᠨ ᠠᠶᠢᠯ ᠡᠷᠦᠭᠡ ᠳᠤ ᠨᠡᠶᠢᠳᠡᠮ ᠳᠡᠯᠭᠡᠷᠡᠭᠦᠯᠦᠶ᠎ᠡ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号