| ᠳ᠋ᠤᠸᠠᠨ ᠳ᠋ᠧ ᡁᠢ ︵1915.5 ︱ 1948.4︶᠂ ᠡᠷᠭᠦᠭᠰᠡᠨ ᠨᠡᠷ᠎ᠡ ᠷᠦᠨ ᠰᠢᠩ᠂ ᠴᠣᠯᠠ ᠴᠠᠩ | ᠮᠢᠩ᠂ ᠡᠷᠡᠭᠲᠡᠢ᠂ ᠬᠢᠲᠠᠳ ᠦᠨᠳᠦᠰᠦᠲᠡᠨ᠂ ᠥᠪᠥᠷ ᠮᠣᠩᠭᠤᠯ ᠤᠨ ᠬᠥᠬᠡᠬᠤᠲᠠ ᠶᠢᠨ ᠵᠡᠭᠦᠨ ᠲᠡᠭᠦᠷᠭᠡ ᠶᠢᠨ | ᠲᠤᠸ ᠪᠦ᠋ ᠴᠢ ᠲᠣᠰᠬᠤᠨ ᠤ ᠬᠥᠮᠥᠨ᠃ | | | ᠳ᠋ᠤᠸᠠᠨ ᠳ᠋ᠧ ᡁᠢ 1931 ᠣᠨ ᠳᠤ ᠰᠦᠢᠶᠤᠸᠠᠨ ᠤ ᠮᠤᠵᠢ ᠠᠴᠠ ᠪᠠᠶᠢᠭᠤᠯᠤᠭᠰᠠᠨ ᠭᠤᠷᠪᠠᠳᠤᠭᠠᠷ ᠪᠠᠭ᠎ᠠ | ᠰᠤᠷᠭᠠᠭᠤᠯᠢ ᠳᠤ ᠣᠷᠣᠵᠤ ᠰᠤᠷᠤᠯᠴᠠᠪᠠ᠃ ᠡᠨᠡ ᠬᠤᠭᠤᠴᠠᠭᠠᠨ ᠳᠤ ᠭᠤᠮᠢᠨᠳᠠᠩ ᠤᠨ ᠲᠡᠷᠰᠯᠡᠭᠦᠴᠦᠳ ᠢ | ᠡᠰᠡᠷᠭᠦᠴᠡᠬᠦ ᠳᠠᠪᠰᠢᠩᠭᠤᠢ ᠠᠵᠢᠯᠯᠠᠭ᠎ᠠ ᠳᠤ ᠣᠷᠣᠯᠴᠠᠵᠠᠢ᠃ | | | 1939 ᠣᠨ ᠤ ᠬᠠᠪᠤᠷ᠂ ᠳ᠋ᠤᠸᠠᠨ ᠳ᠋ᠧ ᡁᠢ ᠳᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠲᠠᠶᠢᠨ ᠤ | ᠺᠠᠳ᠋ᠷ ᠤᠨ ᠪᠣᠯᠪᠠᠰᠤᠷᠠᠯ ᠤᠨ ᠠᠩᠭᠢ ᠳᠤ ᠣᠷᠣᠵᠤ ᠰᠤᠷᠤᠯᠴᠠᠪᠠ᠃ 5 ᠰᠠᠷ᠎ᠠ ᠳᠤ᠂ ᠬᠥᠳᠡᠯᠭᠡᠭᠡᠨ ᠤ ᠵᠥᠪᠯᠡᠯ ᠤᠨ | ᠬᠦᠢᠰᠦ᠋ᠢ ᠬᠤᠶᠠᠳᠤᠭᠠᠷ ᠲᠣᠭᠤᠷᠢᠭ ᠤᠨ ᠣᠨᠴᠠ ᠲᠣᠮᠢᠯᠠᠭᠳᠠᠭᠰᠠᠳ ᠤᠨ ᠡᠭᠦᠷᠭᠡ ᠶᠢ ᠬᠦ᠋ᠯᠢᠶᠡᠨ ᠠᠪᠴᠤ᠂ | ᠲᠦ᠋ᠷᠦᠭᠰᠡᠨ ᠨᠤᠲᠤᠭ ᠲᠤᠤ ᠪᠦ᠋ ᠴᠢ ᠲᠣᠰᠬᠤᠨ ᠳᠠᠭᠠᠨ ᠪᠤᠴᠠᠵᠤ᠂ ︽ᠽᠢ ᠱᠧᠩ ᠨᠡᠷᠡᠮᠵᠢᠲᠦ︾ ᠡᠯᠳᠡᠪ ᠪᠠᠷᠠᠭᠠᠨ ᠤ | ᠳᠡᠯᠭᠡᠭᠦᠷ ᠢᠶᠠᠷ ᠬᠠᠯᠬᠠᠪᠴᠢ ᠪᠣᠯᠭᠠᠨ᠂ ᠶᠠᠫᠤᠨ ᠢ ᠡᠰᠡᠷᠭᠦᠴᠡᠵᠦ ᠮᠥᠬᠦᠯ ᠠᠴᠠ ᠠᠪᠤᠷᠠᠬᠤ ᠠᠵᠢᠯᠯᠠᠭ᠎ᠠ ᠥᠷᠨᠢᠭᠦᠯᠪᠡ | ᠃ ᠤᠳᠠᠯ ᠦᠭᠡᠢ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠪᠠ᠃ | | | ᠳ᠋ᠤᠸᠠᠨ ᠳ᠋ᠧ ᡁᠢ ᠲᠤᠤ ᠪᠦ᠋ ᠴᠢ ᠳᠤ ᠬᠠᠭᠤᠷᠮᠠᠭ ᠲᠣᠰᠬᠤᠨ ᠤ ᠠᠯᠪᠠᠨ ᠭᠠᠵᠠᠷ ᠲᠤ ᠤᠷᠠᠨ ᠢᠶᠠᠷ ᠰᠢᠷᠭᠤᠨ | ᠣᠷᠣᠵᠤ ᠪᠢᠴᠢᠭᠡᠴᠢ ᠪᠣᠯᠵᠤ᠂ ᠡᠯ᠎ᠡ ᠡᠲᠡᠭᠡᠳ ᠤᠨ ᠬᠥᠮᠥᠰ ᠲᠠᠢ ᠢᠳᠡᠪᠬᠢᠲᠡᠢ ᠪᠠᠷ ᠬᠤᠯᠪᠣᠭ᠎ᠠ ᠠᠪᠴᠤ ᠲᠡᠷᠰᠯᠡᠭᠦᠦ | ᠰᠢᠶᠠᠩ ᠤᠨ ᠳᠠᠷᠤᠭ᠎ᠠ ᠶᠢ ᠦᠯᠳᠡᠨ ᠬᠥᠭᠡᠭᠡᠵᠦ᠂ ᠤᠯᠤᠰ ᠢᠶᠠᠨ ᠬᠠᠶᠢᠷᠠᠯᠠᠭᠴᠢ ᠳᠠᠪᠰᠢᠩᠭᠤᠢ ᠬᠥᠮᠥᠨ ᠯᠢᠦ ᠫᠧᠢ | ᠶᠧ ᠶᠢ ᠰᠢᠶᠠᠩ ᠤᠨ ᠳᠠᠷᠤᠭ᠎ᠠ ᠶᠢᠨ ᠲᠤᠰᠢᠶᠠᠯ ᠳᠤ ᠡᠷᠭᠦᠨ ᠲᠠᠨᠢᠯᠴᠠᠭᠤᠯᠪᠠ᠃ ᠤᠯᠠᠨ ᠲᠦᠮᠡᠨ ᠢ ᠲᠠᠶᠢᠴᠢᠯᠠᠨ ᠠᠮᠤ | ᠪᠤᠳᠠᠭ᠎ᠠ ᠲᠠᠲᠠᠪᠤᠷᠢᠯᠠᠬᠤ ᠶᠢ ᠡᠰᠡᠷᠭᠦᠴᠡᠬᠦ ᠲᠡᠮᠡᠴᠡᠯ ᠢ ᠥᠷᠨᠢᠭᠦᠯᠵᠦ᠂ ᠤᠯᠠᠨ ᠲᠦᠮᠡᠨ ᠤ ᠳᠠᠷᠤᠭᠠᠰᠤ ᠶᠢ | ᠬᠥᠩᠭᠡᠷᠡᠭᠦᠯᠪᠡ᠃ ︽ᠬᠥᠳᠡᠯᠮᠦᠷᠢ ᠶᠢᠨ ᠠᠯᠪᠠ ᠬᠠᠭᠠᠬᠤ ᠬᠤᠭᠤᠴᠠᠭ᠎ᠠ ᠳᠦᠭᠦᠷᠦᠭᠰᠡᠨ ᠦᠨᠡᠮᠯᠡᠯ︾ ᠢ | ᠲᠠᠷᠬᠠᠭᠠᠭᠰᠠᠨ ᠨᠣᠶᠠᠳ ᠲᠦᠰᠢᠮᠡᠳ ᠢ ᠲᠠᠲᠠᠨ ᠠᠪᠴᠤ᠂ ᠬᠤᠭᠤᠰᠤᠨ ᠭᠡᠷᠡᠴᠢ ᠣᠯᠵᠤ ᠠᠪᠤᠭᠠᠳ ᠭᠠᠴᠠᠭ᠎ᠠ ᠪᠠᠷ | ᠨᠢ ᠲᠠᠭᠯᠠᠨ ᠥᠭᠴᠦ᠂ ᠤᠯᠠᠨ ᠲᠦᠮᠡᠨ ᠤ ᠬᠥᠳᠡᠯᠮᠦᠷᠢ ᠶᠢᠨ ᠠᠯᠪᠠ ᠠᠴᠠ ᠬᠡᠯᠲᠦᠷᠢᠭᠦᠯᠪᠡ᠃ ᠶᠠᠫᠤᠨ | ᠳᠡᠭᠡᠷᠡᠮᠴᠢᠳ ᠤᠨ ᠲᠤᠤ ᠪᠦ᠋ ᠴᠢ ᠳᠤ ᠬᠠᠷ᠎ᠠ ᠲᠤᠭᠤᠯᠭ᠎ᠠ ᠶᠢᠨ ᠦᠢᠯᠡᠳᠪᠦᠷᠢ ᠪᠠᠶᠢᠭᠤᠯᠬᠤ ᠶᠢ ᠬᠤᠷᠢᠭᠯᠠᠪᠠ᠃ | ᠶᠠᠫᠤᠨ ᠳᠡᠭᠡᠷᠡᠮᠴᠢᠳ ᠲᠤ ᠤᠷᠪᠠᠭᠴᠢ ᠵᠤᠤ ᠬᠤᠩ ᠢ ︽ᠡᠪ ᠬᠠᠮᠲᠤ ᠨᠠᠮ ᠲᠠᠢ ᠰᠥᠯᠪᠡᠭᠡᠯᠳᠦᠭᠰᠡᠨ︾ ᠭᠡᠵᠦ | ᠵᠠᠭᠠᠯᠳᠤᠵᠤ᠂ ᠡᠭᠦᠨ ᠢᠶᠠᠷ ᠤᠷᠪᠠᠭᠴᠢ ᠶᠢ ᠠᠯᠠᠪᠠ᠃ ᠲᠡᠷᠡ ᠤᠯᠠᠨ ᠲᠦᠮᠡᠨᠴᠢ ᠴᠢᠨᠠᠷᠲᠠᠢ ᠶᠠᠫᠤᠨ ᠢ ᠡᠰᠡᠷᠭᠦᠴᠡᠬᠦ | ᠠᠵᠢᠯᠯᠠᠭ᠎ᠠ ᠶᠢ ᠠᠮᠵᠢᠯᠲᠠ ᠲᠠᠢ ᠥᠷᠨᠢᠭᠦᠯᠪᠡ᠃ | | | ᠶᠠᠫᠤᠨ ᠢ ᠡᠰᠡᠷᠭᠦᠴᠡᠬᠦ ᠲᠠᠶᠢᠨ ᠢᠯᠠᠯᠲᠠ ᠣᠯᠬᠤ ᠠᠴᠠ ᠡᠮᠦᠨᠡᠬᠡᠨ᠂ ᠳ᠋ᠤᠸᠠᠨ ᠳ᠋ᠧ ᡁᠢ ᠬᠥᠬᠡᠬᠤᠲᠠ ᠳᠤ | ᠣᠷᠣᠵᠤ ᠬᠤᠳᠠ ᠶᠢᠨ ᠨᠢᠭᠤᠴᠠ ᠠᠵᠢᠯ ᠢ ᠥᠷᠨᠢᠭᠦᠯᠵᠡᠢ᠃ ᠲᠡᠷᠡ ᠰᠦᠢᠶᠤᠸᠠᠨ ᠤ ᠵᠧᠩ ᠹᠥ᠋ᠩ ᠳᠤᠮᠳᠠᠳᠤ | ᠰᠤᠷᠭᠠᠭᠤᠯᠢ ᠶᠢᠨ ᠪᠠᠭᠰᠢ ᠶᠢᠨ ᠪᠡᠶ᠎ᠡ ᠶᠢᠨ ᠭᠠᠷᠤᠯ ᠢᠶᠠᠷ ᠬᠠᠯᠬᠠᠪᠴᠢ ᠪᠣᠯᠭᠠᠵᠤ᠂ ᠶᠠᠫᠤᠨ ᠬᠠᠭᠤᠷᠮᠠᠭ ᠴᠡᠷᠢᠭ ᠤᠨ | ᠨᠢᠭᠤᠴᠠ ᠮᠡᠳᠡᠭᠡ ᠶᠢ ᠴᠤᠭᠯᠠᠭᠤᠯᠪᠠ᠃ ᠶᠠᠫᠤᠨ ᠪᠠᠭᠤᠵᠤ ᠥᠭᠭᠦᠭᠰᠡᠨ ᠤ ᠲᠠᠷᠠᠭ᠎ᠠ᠂ ᠲᠡᠷᠡ ᠪᠠᠰᠠ ᠭᠤᠮᠢᠨᠳᠠᠩ ᠤᠨ | ᠬᠦᠢᠰᠦ᠋ᠢ ᠬᠤᠳᠠ ᠶᠢᠨ ᠨᠠᠮ ᠤᠨ ᠵᠠᠬᠢᠷᠭ᠎ᠠ ᠳᠤ ᠠᠵᠢᠯᠯᠠᠭᠴᠢ ᠶᠢᠨ ᠲᠤᠰᠢᠶᠠᠯ ᠢ ᠣᠯᠣᠭᠰᠠᠨ ᠪᠠᠶᠢᠨ᠎ᠠ᠃ 1945 | ᠣᠨ ᠤ 10 ᠰᠠᠷ᠎ᠠ ᠶᠢᠨ ᠠᠩᠬᠠᠳᠤᠭᠠᠷ ᠤᠳᠠᠭᠠᠨ ᠤ ᠰᠦᠢᠶᠤᠸᠠᠨ ᠤ ᠳᠠᠶᠢᠯᠠᠯᠳᠤᠭᠠᠨ ᠤ ᠦᠶ᠎ᠡ ᠳᠤ᠂ ᠲᠡᠷᠡ | ᠬᠠᠷᠢᠴᠠᠭ᠎ᠠ ᠬᠤᠯᠪᠣᠭ᠎ᠠ ᠪᠠᠷ ᠳᠠᠮᠵᠢᠭᠤᠯᠤᠨ ᠮᠤᠵᠢ ᠶᠢᠨ ᠵᠠᠰᠠᠭ ᠤᠨ ᠣᠷᠳᠣᠨ ᠤ ᠨᠢᠭᠤᠴᠠ ᠴᠢᠬᠤᠯᠠ ᠬᠥᠮᠥᠰ ᠤᠨ | ᠭᠠᠷ ᠠᠴᠠ ᠬᠦᠢᠰᠦ᠋ᠢ ᠬᠤᠳᠠ ᠶᠢᠨ ᠬᠠᠮᠠᠭᠠᠯᠠᠯᠲᠠ ᠶᠢᠨ ᠪᠠᠬᠢᠯᠡᠯᠲᠡ ᠶᠢᠨ ᠵᠢᠷᠤᠭ ᠢ ᠣᠯᠵᠤ᠂ ᠴᠠᠭ ᠲᠤᠬᠠᠢ ᠳᠤᠨᠢ | ᠮᠠᠨ ᠤ ᠬᠤᠳᠠ ᠶᠢ ᠲᠠᠭᠠᠷᠢᠬᠤ ᠴᠡᠷᠢᠭ ᠠᠩᠭᠢ ᠳᠤ ᠬᠠᠩᠭᠠᠭᠰᠠᠨ ᠪᠠᠶᠢᠨ᠎ᠠ᠃ | | | 1946 ᠣᠨ ᠤ 8 ᠰᠠᠷ᠎ᠠ ᠶᠢᠨ 14 ᠤ ᠡᠳᠦᠷ ᠵᠣᠯ ᠪᠤᠰᠤ ᠪᠠᠷ ᠪᠠᠷᠢᠪᠴᠢᠯᠠᠭᠳᠠᠪᠠ᠃ ᠲᠡᠷᠡ | ᠭᠢᠨᠳᠠᠨ ᠳᠠᠬᠢ ᠲᠡᠮᠡᠴᠡᠯ ᠢ ᠵᠣᠬᠢᠶᠠᠨ ᠪᠠᠶᠢᠭᠤᠯᠬᠤ ᠳᠤ ᠣᠷᠣᠯᠴᠠᠵᠤ᠂ ᠰᠠᠯᠬᠢ ᠨᠡᠪᠲᠡᠷᠡᠭᠦᠯᠬᠦ ᠴᠠᠭ ᠢ ᠤᠷᠲᠤᠳᠬᠠᠵᠤ | ᠂ ᠬᠤᠭᠤᠯᠠ ᠴᠠᠳᠲᠠᠯ᠎ᠠ ᠢᠳᠡᠬᠦ ᠪᠠᠷ ᠲᠡᠮᠡᠴᠡᠭᠡᠳ ᠪᠦᠷ ᠠᠮᠵᠢᠯᠲᠠ ᠣᠯᠣᠭᠰᠠᠨ ᠪᠠᠶᠢᠨ᠎ᠠ᠃ ᠬᠠᠷᠠᠭᠤᠯ ᠤᠨ | ᠬᠥᠮᠥᠰ ᠤᠨ ᠰᠠᠶᠢᠰᠢᠶᠠᠨ ᠳᠡᠮᠵᠢᠯᠭᠡ ᠶᠢ ᠣᠯᠣᠭᠰᠠᠨ ᠠᠴᠠ 12 ᠰᠠᠷ᠎ᠠ ᠶᠢᠨ 30 ᠤ ᠡᠳᠦᠷ ᠬᠠᠷᠠᠭᠤᠯ ᠶᠠᠨ ᠬᠠᠢ | ᠱᠠᠨ ᠲᠠᠢ ᠬᠠᠮᠲᠤ ᠭᠢᠨᠳᠠᠨ ᠠᠴᠠ ᠣᠷᠭᠤᠵᠦ ᠱᠠᠨ ᠰᠢ ᠶᠢᠨ ᠪᠠᠷᠠᠭᠤᠨ ᠬᠤᠶᠢᠲᠤ ᠬᠡᠰᠡᠭ ᠤᠨ ᠴᠢᠯᠦᠭᠡᠯᠡᠭᠳᠡᠭᠰᠡᠨ | ᠣᠷᠣᠨ ᠳᠤ ᠬᠦᠷᠴᠡᠢ᠃ | | | 1948 ᠣᠨ ᠤ ᠡᠬᠢ ᠪᠠᠷ᠂ ᠳ᠋ᠤᠸᠠᠨ ᠳ᠋ᠧ ᡁᠢ ᠪᠣᠯᠣᠨ ᠶᠠᠨ ᠬᠠᠢ ᠱᠠᠨ ᠲᠣᠮᠢᠯᠠᠯᠲᠠ ᠪᠠᠷ ᠬᠥᠬᠡᠬᠤᠲᠠ ᠳᠤ | ᠪᠤᠴᠠᠵᠤ ᠨᠢᠭᠤᠴᠠ ᠠᠵᠢᠯ ᠬᠢᠪᠡ᠃ ᠰᠦᠢᠶᠤᠸᠠᠨ ᠳᠤ ᠪᠤᠴᠠᠬᠤ ᠵᠠᠮ ᠳᠠᠭᠠᠨ ᠵᠣᠯ ᠪᠤᠰᠤ ᠪᠠᠷ ᠬᠤᠸᠠᠩ ᠾᠧ ᠱᠤᠤ | ᠲᠣᠰᠬᠤᠨ ᠳᠤ ᠪᠠᠷᠢᠪᠴᠢᠯᠠᠭᠳᠠᠪᠠ᠃ ᠭᠤᠮᠢᠨᠳᠠᠩ ᠤᠨ ᠬᠦᠢᠰᠦ᠋ᠢ ᠶᠢᠨ ᠰᠡᠷᠭᠡᠶᠢᠯᠡᠯᠲᠡ ᠶᠢᠨ ᠵᠠᠬᠢᠷᠭᠠᠨ ᠤ | ᠭᠠᠵᠠᠷ ᠳᠤ ᠬᠦᠨᠳᠦ ᠡᠷᠡᠭᠦᠦ ᠲᠠᠮᠤᠯᠠᠯ ᠢ ᠮᠣᠬᠤᠲᠠᠯᠠ ᠠᠮᠰᠠᠵᠠᠢ᠃ 4 ᠰᠠᠷ᠎ᠠ ᠶᠢᠨ ᠦᠶ᠎ᠡ ᠪᠠᠷ᠂ ᠭᠤᠮᠢᠨᠳᠠᠩ ᠤᠨ | ᠬᠦᠢᠰᠦ᠋ᠢ ᠶᠢᠨ ᠲᠡᠷᠰᠯᠡᠭᠦᠦ ᠡᠷᠬᠡ ᠪᠠᠷᠢᠭᠴᠢᠳ ᠲᠡᠳᠡᠨ ᠢ ᠡᠷᠡᠭᠦᠦ ᠶᠢᠨ ᠲᠡᠷᠭᠡᠨ ᠳᠤ ᠲᠡᠭᠡᠭᠡᠵᠦ᠂ ᠰᠠᠨ ᠳ᠋ᠣᠣ | ᠴᠢᠶᠣᠤ ᠳᠤ ᠠᠪᠠᠴᠢᠭᠠᠳ ᠫᠤᠤᠳᠠᠨ ᠬᠦᠨᠦᠭᠡᠪᠡ᠃ ᠡᠷᠡᠭᠦᠳᠡᠬᠦ ᠠᠴᠠ ᠡᠮᠦᠨ᠎ᠡ᠂ ᠳ᠋ᠤᠸᠠᠨ ᠳ᠋ᠧ ᡁᠢ᠂ ᠶᠠᠨ ᠬᠠᠢ ᠱᠠᠨ | ᠲᠥᠪ ᠶᠣᠰᠣᠨ ᠤ ᠲᠥᠯᠥᠭᠡ ᠲᠡᠷᠢᠭᠦᠨ ᠭᠤᠳᠦ᠋ᠢᠵᠤ᠂ ᠭᠤᠮᠢᠨᠳᠠᠩ ᠤᠨ ᠲᠡᠷᠰᠯᠡᠭᠦᠴᠦᠳ ᠢ ᠦᠬᠦᠲᠡᠯ᠎ᠡ ᠬᠠᠷᠢᠶᠠᠵᠤ᠂ | ︽ᠳᠤᠮᠳᠠᠳᠤ ᠤᠯᠤᠰ ᠤᠨ ᠡᠪ ᠬᠠᠮᠲᠤ ᠨᠠᠮ ᠮᠠᠨᠳᠤᠲᠤᠭᠠᠢ︾ ︽ᠮᠠᠤ ᠲᠡᠷᠢᠭᠦᠯᠡᠭᠴᠢ ᠲᠦᠮᠡᠨ ᠨᠠᠰᠤᠯᠠᠲᠤᠭᠠᠢ︾ ᠭᠡᠵᠦ | ᠥᠨᠳᠥᠷ ᠲᠠᠭᠤᠨ ᠢᠶᠠᠷ ᠬᠠᠰᠬᠢᠷᠪᠠ᠃ | | | ᠢᠷᠡᠯᠲᠡ᠄ ︽ᠬᠦᠬᠡᠬᠤᠲᠠ ᠶᠢᠨ ᠬᠤᠪᠢᠰᠬᠠᠯ ᠤᠨ ᠲᠡᠦᠬᠡ︾ ︵ᠥᠪᠥᠷ ᠮᠣᠩᠭᠤᠯ ᠤᠨ ᠶᠡᠭᠡ | ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂ 1999 ᠣᠨ ᠤ ᠬᠡᠪᠯᠡᠯ︶ ᠠᠴᠠ ᠣᠷᠴᠢᠭᠤᠯᠪᠠ |