ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠵᠣᠬᠢᠶᠠᠨ ᠪᠠᠶᠢᠭᠤᠯᠬᠤ ᠬᠡᠯᠲᠡᠰ ᠤᠨ ᠬᠠᠮᠤᠭ ᠤᠨ ᠰᠢᠨ᠎ᠡ ᠮᠡᠳᠡᠭᠳᠡᠯ
ᠨᠡᠶᠢᠲᠡᠯᠡᠭᠰᠡᠨ ᠴᠠᠭ᠄
2024/3/4
     ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 2024 ᠣᠨ ᠤ ᠲᠣᠰ ᠬᠤᠭᠤᠴᠠᠭᠠᠨ ᠤ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠰᠢᠯᠢᠳᠡᠭ ᠣᠶᠤᠲᠠᠳ ᠢ ᠬᠠᠨᠳᠤᠯᠭ᠎ᠠ ᠲᠠᠢ ᠪᠠᠷ ᠰᠣᠩᠭᠤᠨ ᠲᠣᠮᠢᠯᠠᠵᠤ ᠰᠢᠯᠭᠠᠨ ᠪᠠᠶᠢᠴᠠᠭᠠᠬᠤ︵ᠨᠢᠭᠤᠷᠲᠠᠨ ᠰᠢᠯᠭᠠᠬᠤ︶ᠠᠵᠢᠯ ᠵᠡᠷᠭᠡ ᠬᠤᠯᠪᠣᠭᠳᠠᠯ ᠪᠦᠬᠦᠢ ᠵᠦᠢᠯᠡᠰ ᠤᠨ ᠲᠤᠬᠠᠢ ᠮᠡᠳᠡᠭᠳᠡᠯ      ᠡᠯ᠎ᠡ ᠰᠢᠯᠭᠠᠨ ᠪᠠᠶᠢᠴᠠᠭᠠᠭᠳᠠᠬᠤ ︵ᠨᠢᠭᠤᠷᠲᠠᠨ ᠰᠢᠯᠭᠠᠭᠳᠠᠬᠤ︶ ᠡᠲᠡᠭᠡᠳ ᠲᠤ᠄      ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 2024 ᠣᠨ ᠤ ᠲᠣᠰ ᠬᠤᠭᠤᠴᠠᠭᠠᠨ ᠤ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠰᠢᠯᠢᠳᠡᠭ ᠣᠶᠤᠲᠠᠳ ᠢ ᠬᠠᠨᠳᠤᠯᠭ᠎ᠠ ᠲᠠᠢ ᠪᠠᠷ ᠰᠣᠩᠭᠤᠨ ᠲᠣᠮᠢᠯᠠᠬᠤ ᠠᠯᠪᠠᠨ ᠵᠠᠷᠯᠠᠯ︾ ᠤᠨ ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠨ᠂ ᠡᠳᠦᠭᠡ ᠰᠢᠯᠭᠠᠨ ᠪᠠᠶᠢᠴᠠᠭᠠᠬᠤ ︵ᠨᠢᠭᠤᠷᠲᠠᠨ ᠰᠢᠯᠭᠠᠬᠤ︶ ᠠᠵᠢᠯ ᠵᠡᠷᠭᠡ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠮᠡᠳᠡᠭᠳᠡᠶ᠎ᠡ᠄      1. ᠰᠢᠯᠭᠠᠨ ᠪᠠᠶᠢᠴᠠᠭᠠᠬᠤ  ︵ᠨᠢᠭᠤᠷᠲᠠᠨ ᠰᠢᠯᠭᠠᠬᠤ︶ ᠠᠵᠢᠯ   ᠢ 2024 ᠣᠨ ᠤ 3 ᠰᠠᠷ᠎ᠠ ᠠᠴᠠ ᠡᠬᠢᠯᠡᠵᠦ ᠬᠡᠷᠡᠭᠵᠢᠭᠦᠯᠦᠨ᠎ᠡ᠃ ᠰᠢᠯᠭᠠᠨ ᠪᠠᠶᠢᠴᠠᠭᠠᠭᠳᠠᠬᠤ ︵ᠨᠢᠭᠤᠷᠲᠠᠨ ᠰᠢᠯᠭᠠᠭᠳᠠᠬᠤ︶ ᠡᠲᠡᠭᠡᠳ ᠤᠨ ᠶᠡᠷᠦᠩᠬᠡᠢ ᠬᠡᠪ ᠴᠢᠨᠠᠷ ᠤᠨ ᠦᠨᠡᠯᠡᠯᠲᠡ᠂ ᠬᠢᠷᠢ ᠭᠡᠮ ᠤᠨ ᠳᠠᠭᠢᠨ ᠬᠢᠨᠠᠯᠲᠠ᠂ ᠲᠣᠰ ᠬᠥᠮᠥᠨ ᠲᠠᠢ ᠨᠢ ᠨᠢᠭᠤᠷᠲᠠᠨ ᠶᠠᠷᠢᠯᠴᠠᠬᠤ ᠪᠠ ᠰᠢᠯᠭᠠᠨ ᠪᠠᠶᠢᠴᠠᠭᠠᠬᠤ ︵ᠨᠢᠭᠤᠷᠲᠠᠨ ᠰᠢᠯᠭᠠᠬᠤ︶ ᠠᠵᠢᠯ ᠢ ᠬᠠᠮᠲᠤ ᠳᠤᠨᠢ ᠶᠠᠪᠤᠭᠳᠠᠭᠤᠯᠤᠨ᠎ᠠ᠃ ᠪᠣᠳᠠᠲᠠᠢ ᠴᠠᠭ ᠢ ᠰᠢᠯᠭᠠᠨ ᠪᠠᠶᠢᠴᠠᠭᠠᠬᠤ ︵ᠨᠢᠭᠤᠷᠲᠠᠨ ᠰᠢᠯᠭᠠᠬᠤ︶ ᠳᠤᠭᠤᠶᠢᠯᠠᠩ ᠬᠢᠭᠡᠳ ᠰᠢᠯᠭᠠᠨ ᠪᠠᠶᠢᠴᠠᠭᠠᠭᠳᠠᠬᠤ ︵ᠨᠢᠭᠤᠷᠲᠠᠨ ᠰᠢᠯᠭᠠᠭᠳᠠᠬᠤ︶ ᠡᠲᠡᠭᠡᠳ ᠵᠢᠴᠢ ᠲᠡᠭᠦᠨ ᠤ ᠪᠠᠶᠢᠭ᠎ᠠ ᠶᠡᠭᠡ ᠳᠡᠭᠡᠳᠦ ᠰᠤᠷᠭᠠᠭᠤᠯᠢ ᠲᠠᠢ ᠬᠠᠷᠢᠯᠴᠠᠵᠤ ᠲᠣᠭᠲᠠᠭᠠᠨ᠎ᠠ᠂ ᠡᠯ᠎ᠡ ᠰᠢᠯᠭᠠᠨ ᠪᠠᠶᠢᠴᠠᠭᠠᠭᠳᠠᠬᠤ︵ᠨᠢᠭᠤᠷᠲᠠᠨ ᠰᠢᠯᠭᠠᠭᠳᠠᠬᠤ︶ ᠡᠲᠡᠭᠡᠳ ᠬᠠᠮᠢᠶ᠎ᠠ ᠪᠦᠬᠦᠢ ᠮᠠᠲ᠋ᠧᠷᠢᠶᠠᠯ ᠢᠶᠠᠨ ᠤᠷᠢᠳᠴᠢᠯᠠᠨ ᠪᠡᠯᠡᠳᠬᠡᠭᠡᠷᠡᠢ︵ᠳᠠᠭᠠᠯᠳᠤᠭᠤᠯᠤᠯ ᠳᠤ ᠦᠵᠡ︶᠃      2. ᠰᠢᠯᠭᠠᠨ ᠪᠠᠶᠢᠴᠠᠭᠠᠭᠳᠠᠬᠤ ︵ᠨᠢᠭᠤᠷᠲᠠᠨ ᠰᠢᠯᠭᠠᠭᠳᠠᠬᠤ︶ ᠡᠲᠡᠭᠡᠳ ᠨᠢ ᠲᠤᠰᠢᠶᠠᠭᠰᠠᠨ ᠬᠤᠪᠢ ᠬᠥᠮᠥᠨ ᠤ ᠮᠡᠳᠡᠭᠡ ᠵᠠᠩᠭᠢ ᠪᠠ ᠬᠤᠯᠪᠣᠭᠳᠠᠯ ᠪᠦᠬᠦᠢ ᠮᠠᠲ᠋ᠧᠷᠢᠶᠠᠯ ᠤᠨ ᠦᠨᠡᠨ ᠪᠣᠳᠠᠲᠤ ᠴᠢᠨᠠᠷ᠂ ᠣᠨᠣᠪᠴᠢᠲᠤ ᠴᠢᠨᠠᠷ᠂ ᠪᠦᠷᠢᠨ ᠪᠦᠲᠦᠨ ᠴᠢᠨᠠᠷ ᠲᠤ ᠬᠠᠷᠢᠭᠤᠴᠠᠬᠤ ᠬᠡᠷᠡᠭᠲᠡᠢ᠂ ᠬᠤᠳᠠᠯ ᠬᠠᠭᠤᠷᠮᠠᠭ ᠮᠡᠳᠡᠭᠡ ᠵᠠᠩᠭᠢ ᠵᠢᠴᠢ ᠮᠠᠲ᠋ᠧᠷᠢᠶᠠᠯ ᠬᠠᠩᠭᠠᠵᠤ᠂ ᠴᠢᠬᠤᠯᠠ ᠮᠡᠳᠡᠭᠡ ᠵᠠᠩᠭᠢ ᠶᠢ ᠨᠢᠭᠤᠨ ᠳᠠᠯᠳᠠᠯᠠᠭᠰᠠᠳ ᠢ ᠣᠯᠵᠤ ᠮᠡᠳᠡᠪᠡᠯ ᠰᠣᠩᠭᠤᠨ ᠲᠣᠮᠢᠯᠠᠬᠤ ᠬᠢᠷᠢ ᠭᠡᠮ ᠢ ᠨᠢ ᠬᠠᠰᠤᠨ᠎ᠠ᠃      3. ᠪᠡᠶ᠎ᠡ ᠶᠢᠨ ᠪᠠᠶᠢᠴᠠᠭᠠᠯᠲᠠ ᠶᠢᠨ ᠠᠵᠢᠯ ᠢ ᠰᠢᠯᠭᠠᠨ ᠪᠠᠶᠢᠴᠠᠭᠠᠬᠤ ︵ᠨᠢᠭᠤᠷᠲᠠᠨ ᠰᠢᠯᠭᠠᠬᠤ︶ ᠠᠵᠢᠯ ᠳᠠᠭᠤᠰᠴᠤ᠂ ᠭᠤᠷᠪᠠᠨ ᠲᠠᠯ᠎ᠠ ᠶᠢᠨ ᠬᠡᠯᠡᠯᠴᠡᠭᠡᠷ ᠲᠣᠭᠲᠠᠭᠰᠠᠨ ᠤ ᠳᠠᠷᠠᠭ᠎ᠠ ᠶᠠᠪᠤᠭᠳᠠᠭᠤᠯᠤᠨ᠎ᠠ᠂ ᠪᠣᠳᠠᠲᠠᠢ ᠴᠠᠭ᠂ ᠭᠠᠵᠠᠷ ᠵᠢᠴᠢ ᠬᠤᠯᠪᠣᠭᠳᠠᠯ ᠪᠦᠬᠦᠢ ᠱᠠᠭᠠᠷᠳᠠᠯᠭ᠎ᠠ ᠶᠢ ᠠᠰ ᠲᠤᠨᠢ ᠮᠡᠳᠡᠭᠳᠡᠨ᠎ᠡ᠃      ᠲᠣᠭᠲᠠᠭᠠᠯ ᠶᠣᠰᠣᠭᠠᠷ ᠰᠢᠯᠭᠠᠨ ᠪᠠᠶᠢᠴᠠᠭᠠᠬᠤ ︵ᠨᠢᠭᠤᠷᠲᠠᠨ ᠰᠢᠯᠭᠠᠬᠤ︶ ᠳᠤ ᠣᠷᠣᠯᠴᠠᠬᠰᠠᠨ ᠦᠭᠡᠢ ᠪᠠᠶᠢᠪᠠᠯ ᠰᠣᠩᠭᠤᠨ ᠲᠣᠮᠢᠯᠠᠭᠳᠠᠬᠤ ᠬᠢᠷᠢ ᠭᠡᠮ ᠢᠶᠠᠨ ᠬᠠᠶᠠᠭᠰᠠᠨ ᠢᠶᠠᠷ ᠦᠵᠡᠵᠦ᠂ ᠰᠢᠯᠭᠠᠨ ᠪᠠᠶᠢᠴᠠᠭᠠᠬᠤ︵ᠨᠢᠭᠤᠷᠲᠠᠨ ᠰᠢᠯᠭᠠᠬᠤ︶ ᠪᠤᠶᠤ ᠪᠡᠶ᠎ᠡ ᠶᠢᠨ ᠪᠠᠶᠢᠴᠠᠭᠠᠯᠲᠠ ᠳᠤ ᠬᠢᠷᠢ ᠲᠡᠩᠴᠡᠭᠰᠡᠨ ᠦᠭᠡᠢ ᠪᠠᠶᠢᠪᠠᠯ ᠰᠣᠩᠭᠤᠨ ᠲᠣᠮᠢᠯᠠᠬᠤ ᠬᠢᠷᠢ ᠭᠡᠮ ᠢ ᠨᠢ ᠬᠠᠰᠤᠨ᠎ᠠ᠃      ᠬᠠᠷᠢᠯᠴᠠᠬᠤ ᠤᠲᠠᠰᠤ᠄ 15354862635᠂ 15354862530︽ᠳᠠᠭᠠᠯᠳᠤᠭᠤᠯᠤᠯ︾ ᠢ︽ᠤᠭ ᠵᠣᠬᠢᠶᠠᠯ ᠢ ᠤᠩᠰᠢᠬᠤ︾https://cyy.nmgcyy.com.cn/application/fcinformation/mobile/?plate_id=324&t=ArticleDetail2021678#/ArticleDetail/2021678 ᠢ ᠲᠣᠪᠴᠢᠳᠠᠵᠤ ᠦᠵᠡᠭᠡᠷᠡᠢ︕      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠵᠣᠬᠢᠶᠠᠨ ᠪᠠᠶᠢᠭᠤᠯᠬᠤ ᠬᠡᠯᠲᠡᠰ      2024 ᠣᠨ ᠤ 2 ᠰᠠᠷ᠎ᠠ ᠶᠢᠨ 29 ᠤ  ᠡᠳᠦᠷ      ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠢᠯᠲᠠᠨ ᠤ ᠶᠠᠪᠤᠳᠠᠯ ᠤᠨ ᠰᠢᠯᠭᠠᠯᠲᠠ ᠶᠢᠨ ᠬᠦᠷᠢᠶᠡᠯᠡᠩ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号