ᠳᠤᠷᠠᠳᠬᠠᠯ ᠳᠤ ᠮᠥᠩᠬᠡᠷᠡᠬᠦ ᠲᠠᠷᠬᠠᠨ ᠠᠯᠳᠠᠷ
ᠨᠡᠶᠢᠲᠡᠯᠡᠭᠰᠡᠨ ᠴᠠᠭ᠄
2024/3/4
     ᠠᠬᠠᠮᠠᠳ ᠵᠣᠬᠢᠶᠠᠯᠴᠢ ᠪᠥᠭᠡᠳ ᠰᠣᠶᠣᠯ ᠤᠷᠠᠯᠢᠭ ᠤᠨ ᠲᠡᠦᠬᠡ ᠰᠤᠳᠤᠯᠤᠭᠠᠴᠢ ᠡᠷᠳᠡᠮᠲᠡᠨ  ᠬᠡᠰᠢᠭᠮᠡᠩᠯᠠᠢ ᠨᠠᠰᠤᠲᠠᠨ ᠤ ᠲᠣᠮᠣᠬᠠᠨ ᠪᠦᠲᠦᠭᠡᠯ ᠪᠤᠯᠬᠤ ︽ᠬᠥᠪᠡᠭᠡᠲᠦ ᠰᠢᠷ᠎ᠠ ᠤᠩᠭᠤᠨ ᠬᠤᠨᠢᠴᠢᠨ ᠤ ᠲᠡᠦᠬᠡᠨ ᠲᠣᠪᠴᠢᠶᠠᠨ︾ ᠳᠤ ᠭᠡᠨᠲᠤᠨᠫᠤᠩᠰᠤᠭ ᠡᠮᠴᠢ ᠶᠢᠨ ᠲᠤᠬᠠᠢ ᠲᠠᠨᠢᠯᠴᠠᠭᠤᠯᠬᠤ ᠳᠠᠭᠠᠨ᠄  ︽ᠬᠠᠷᠠᠬᠠᠨ ᠪᠠᠭ᠎ᠠ ᠠᠴᠠ ᠪᠠᠨ ᠤᠩᠭᠤᠨ ᠬᠤᠨᠢᠴᠢᠨ ᠤ ᠭᠤᠷᠪᠠᠳᠤᠭᠠᠷ ᠰᠤᠮᠤᠨ ᠤ ᠰᠢᠲᠦᠭᠡᠨ ᠰᠦᠮ᠎ᠡ ᠪᠤᠯᠬᠤ ᠤᠩᠭᠤᠨ ᠳᠡᠯᠭᠡᠷ ᠰᠦᠮ᠎ᠡ ᠳᠤ ᠱᠠᠪᠢᠯᠠᠨ ᠰᠠᠭᠤᠵᠤ᠂ ᠲᠤᠬᠠᠢ ᠶᠢᠨ ᠦᠶ᠎ᠡ ᠶᠢᠨ ᠠᠯᠳᠠᠷᠲᠤ ᠡᠮᠴᠢ ᠰᠡᠷᠡᠨᠳᠢᠸ᠎ᠠ᠂ ᠭᠤᠮᠪᠣᠰᠦ᠋ᠷᠦᠩ ᠨᠠᠷ ᠠᠴᠠ ᠮᠠᠷᠠᠮᠪᠠ ᠶᠢᠨ ᠰᠤᠷᠭᠠᠯ ᠬᠦᠷᠲᠡᠵᠦ᠂ ᠮᠣᠩᠭᠤᠯ ᠠᠨᠠᠭᠠᠬᠤ ᠤᠬᠠᠭᠠᠨ ᠤ  ᠡᠷᠳᠡᠮ ᠮᠡᠷᠭᠡᠵᠢᠯ ᠢ ᠶᠡᠬᠡᠳᠡ ᠴᠢᠷᠮᠠᠶᠢᠨ ᠰᠤᠷᠴᠤ᠂ ᠨᠡᠯᠢᠶᠡᠳ ᠪᠦᠷᠢᠨ ᠲᠥᠬᠦᠷ ᠡᠵᠡᠮᠰᠢᠭᠰᠡᠨ ᠢᠶᠠᠷ ᠪᠦᠷ ᠰᠡᠭᠦᠯᠳᠡᠵᠦ ᠢᠷᠡᠭᠡᠳ ᠨᠤᠲᠤᠭ ᠤᠰᠤᠨ ᠳᠠᠭᠠᠨ ᠨᠡᠷ᠎ᠡ ᠠᠯᠲᠠᠷᠰᠢᠭ᠍ᠰᠡᠨ ᠮᠣᠩᠭᠤᠯ ᠡᠮᠴᠢ ᠶᠢᠨ ᠨᠢᠭᠡ ᠪᠣᠯᠵᠤ ᠴᠣᠯᠭᠤᠷᠠᠨ᠂ ᠢᠯᠠᠩᠭᠤᠶ᠎ᠠ ᠡᠯᠢᠭᠡ ᠬᠤᠳᠣᠭᠤᠳᠤᠨ ᠤ ᠡᠪᠡᠳᠴᠢᠨ ᠢ ᠡᠮᠴᠢᠯᠡᠨ  ᠵᠠᠰᠠᠬᠤ ᠳᠠᠭᠠᠨ ᠣᠨᠴᠠ ᠮᠡᠷᠭᠡᠵᠢᠯ ᠲᠠᠢ ᠪᠣᠯᠵᠤ᠂ ᠲᠦᠮᠡᠨ ᠤᠯᠠᠨ ᠤ ᠪᠠᠨ ᠢᠲᠡᠭᠡᠯ ᠪᠢᠰᠢᠷᠡᠯ ᠢ ᠶᠠᠭᠠᠬᠢᠬᠤ ᠶᠢᠨ ᠠᠷᠭ᠎ᠠ ᠦᠭᠡᠢ  ᠣᠯᠵᠤ ᠪᠠᠶᠢᠭᠰᠠᠨ ᠶᠤᠮ︾ ᠭᠡᠵᠦ ᠲᠡᠮᠳᠡᠭᠯᠡᠭᠰᠡᠨ ᠪᠢᠯᠡ᠃      ᠶᠠᠭᠤ ᠴᠤ ᠭᠡᠰᠡᠨ ᠭᠡᠨᠲᠦᠨᠫᠤᠩᠰᠤᠬ ᠪᠣᠯ ︽ᠡᠮᠴᠢ ᠬᠥᠮᠥᠨ︾ ᠤ ᠲᠡᠷᠬᠠᠨ ᠠᠯᠳᠠᠷ ᠢ ︽ᠳᠠᠶᠠᠩ ᠤᠨ ᠰᠣᠨᠣᠷ ᠲᠤ ᠳᠠᠭᠤᠷᠢᠰᠲᠠᠯ᠎ᠠ ᠲᠦᠮᠡᠨ ᠤ ᠰᠡᠳᠬᠢᠯ ᠳᠤ ᠬᠤᠨᠣᠭᠰᠢᠲᠠᠯ᠎ᠠ︾ ᠲᠥᠪ ᠶᠡᠬᠡᠮᠰᠦᠭ ᠠᠪᠴᠤ ᠭᠠᠷᠤᠭᠰᠠᠨ ᠦᠦᠭᠡ ᠲᠡᠦᠬᠡ ᠲᠠᠢ ᠬᠥᠮᠥᠨ ᠤ ᠨᠢᠭᠡ ᠪᠢᠯᠡ᠃ ᠡᠨᠡ ᠬᠦ ᠠᠬᠠᠮᠠᠳ ᠪᠤᠭᠤᠷᠤᠯ ᠢ ᠠᠮᠢᠳᠤ ᠰᠡᠷᠡᠭᠦᠨ ᠪᠠᠶᠢᠬᠤ ᠳᠤᠨᠢ ᠰᠤᠷᠪᠤᠯᠵᠢᠯᠠᠨ ᠲᠡᠮᠳᠡᠭᠯᠡᠵᠦ ᠴᠢᠳᠠᠭᠰᠠᠨ ᠦᠭᠡᠢ ᠳᠡᠭᠡᠨ ᠤᠲᠤ ᠴᠤ ᠭᠡᠳ ᠪᠢ  ᠬᠠᠷᠠᠮᠰᠠᠵᠤ ᠥᠪᠡᠷ ᠢ ᠪᠠᠨ ᠵᠢᠮᠡᠯᠡᠳᠡᠭ᠃      ᠭᠡᠨᠲᠦᠨᠫᠤᠩᠰᠤᠬ ᠡᠮᠴᠢ ᠶᠢ ᠨᠤᠲᠤᠭ ᠤᠨ ᠬᠢᠨᠢ ᠪᠦᠷ︽ᠭᠡ᠊᠆ ᠮᠠᠮᠠ︾  ᠭᠡᠵᠦ ᠳᠠᠭᠤᠳᠠᠳᠠᠭ᠃ ᠡᠪᠡᠳᠴᠢᠲᠡᠨ ᠤᠯᠠᠨ ᠢ ᠠᠶᠤᠯ ᠠᠴᠠ ᠠᠪᠤᠷᠠᠵᠤ ᠨᠤᠲᠤᠭ ᠤᠨ ᠲᠦᠮᠡᠨ ᠳᠡᠭᠡᠨ ᠪᠤᠶᠠᠨ ᠤ ᠶᠡᠭᠡ ᠤᠢᠢᠯᠡ ᠮᠥᠷ ᠲᠠᠢ ᠶᠠᠪᠤᠵᠤ ᠢᠷᠡᠭᠰᠡᠨ ᠭᠡ᠊᠆  ᠮᠠᠮᠠ ᠶᠢᠨ ᠲᠤᠬᠠᠢ ᠶᠠᠷᠢᠬᠤ ᠳᠤ ᠮᠢᠨᠤ ᠬᠤᠪᠢ ᠳᠤ ᠴᠤ ᠭᠡᠰᠡᠨ ᠬᠡᠦᠬᠡᠳ ᠪᠠᠶᠢᠬᠤ ᠳᠠᠭᠠᠨ ᠬᠤᠶᠠᠷ ᠤᠳᠠᠭ᠎ᠠ ᠬᠦᠨᠳᠦ ᠡᠪᠡᠳᠴᠢᠯᠡᠵᠦ᠂ ᠪᠦᠷ ᠯᠠ ᠮᠠᠮ᠎ᠡ ᠶᠢᠨ ᠰᠠᠶᠢᠨ ᠢᠶᠠᠷ ᠡᠮᠨᠡᠭᠦᠯᠵᠦ ᠵᠠᠰᠠᠭᠤᠯᠤᠭᠠᠳ ᠡᠪᠡᠳᠴᠢᠨ ᠡᠮᠭᠡᠭ ᠤᠨ ᠤᠢᠢᠯᠡ ᠲᠠᠮᠤ ᠠᠴᠠ ᠰᠠᠯᠤᠭᠰᠠᠨ ᠤᠴᠢᠷ ᠠᠴᠠ ᠥᠨᠥ ᠳᠤᠷᠠᠰᠤᠨ ᠰᠠᠨᠠᠬᠤ ᠳᠤ ᠴᠤ ᠭᠡᠰᠡᠨ ᠰᠡᠳᠬᠢᠯ  ᠳᠤ ᠬᠠᠯᠠᠭᠤᠨ ᠳᠣᠲᠣᠨᠣ ᠰᠠᠨᠠᠭᠳᠠᠬᠤ ᠶᠤᠮ᠃      ᠲᠡᠷᠡ ᠵᠢᠯ ᠤᠨ ᠬᠤᠣᠷᠳᠠᠯᠭ᠎ᠠ ᠠᠴᠠ ᠪᠣᠯᠤᠭᠰᠠᠨ ᠡᠪᠡᠳᠴᠢᠨ ᠳᠤ ᠪᠦᠬᠦᠯᠢ ᠨᠢᠭᠡ ᠵᠢᠯ ᠲᠠᠷᠴᠢᠯᠠᠭᠠᠭᠳᠠᠨ ᠵᠣᠪᠠᠵᠤ ᠰᠢᠨᠠᠯᠤᠭᠰᠠᠨ ᠢᠶᠠᠨ ᠪᠤᠲᠤᠬᠤ ᠳᠤ ᠦᠨᠡᠬᠡᠷ ︽ᠬᠤᠶᠢᠬ᠎ᠠ ᠶᠢᠨ ᠦᠰᠦ ᠪᠣᠰᠣᠮᠠᠷ︾᠃ ᠪᠦᠲᠦᠨ ᠨᠢᠭᠡ ᠵᠢᠯ ᠭᠡᠵᠦ ᠬᠡᠯᠡᠬᠦ ᠳᠤ ᠠᠮᠠᠷᠬᠠᠨ ᠴᠤ ᠡᠪᠡᠳᠴᠦ ᠵᠣᠪᠠᠭᠰᠠᠨ ᠬᠥᠮᠥᠨ ᠳᠤ ᠠᠪᠴᠤ ᠬᠡᠯᠡᠪᠡᠯ︽ᠠᠮᠢ ᠨᠠᠭᠠᠨ᠎ᠠ ᠲᠠᠮᠤ ᠴᠠᠭᠠᠨ᠎ᠠ︾ ᠪᠣᠯᠵᠤ᠂ ︽ᠬᠠᠯᠠᠭᠤᠨ ᠲᠣᠭᠤᠭᠠᠨ ᠳᠤ ᠣᠷᠣᠭᠰᠠᠨ ᠰᠢᠷᠭᠤᠯᠵᠢ︾ ᠥᠭᠡᠷ᠎ᠡ ᠦᠭᠡᠢ ᠪᠣᠯᠤᠭᠰᠠᠨ ᠪᠢᠯᠡ᠃ ᠲᠡᠷᠡ ᠦᠶ᠎ᠡ ᠶᠢᠨ ᠡᠮᠨᠡᠯᠭᠡ ᠶᠢᠨ ᠨᠥᠬᠦᠴᠡᠯ ᠢ ᠤᠲᠤ ᠶᠢᠨ ᠬᠢ   ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠥᠷᠢᠶ᠎ᠡ  ᠲᠠᠢ᠃  ᠤᠯᠠᠮᠵᠢᠯᠠᠯᠲᠤ ᠮᠣᠩᠭᠤᠯ ᠡᠮᠨᠡᠯᠭᠡ ᠶᠢᠨ ᠭᠠᠶᠢᠬᠠᠮᠰᠢᠭᠲᠤ ᠷᠢᠳᠢ ᠰᠢᠳᠢ ᠭᠡᠭᠴᠢ ᠬᠥᠮᠥᠨ ᠤ ᠮᠠᠬᠠᠪᠤᠳ ᠪᠡᠶ᠎ᠡ ᠶᠢᠨ ᠡᠰᠢ ᠡᠷᠬᠡᠲᠡᠨ ᠤ ᠰᠤᠳᠤᠯᠭ᠎ᠠ ᠰᠢᠨᠵᠢᠯᠡᠭᠡᠨ ᠤ ᠤᠨᠤᠯ ᠶᠣᠰᠣ ᠶᠢ ᠠᠭᠤᠳᠠᠯᠤᠭᠰᠠᠨ ︽ᠲᠣᠯᠢ︾ ᠮᠡᠲᠦ ᠥᠪᠡᠷ ᠢ ᠴᠢᠨᠢ ᠲᠣᠯᠢᠳᠠᠨ ᠦᠵᠡᠭᠦᠯᠵᠦ ᠴᠢᠳᠠᠳᠠᠭ ᠨᠢ ︽ᠬᠥᠬᠡ ᠮᠥᠩᠭᠦᠨ ᠲᠡᠭᠷᠢ ᠠᠪᠤ᠂ ᠬᠥᠷᠥᠰᠥᠲᠦ ᠠᠯᠲᠠᠨ ᠳᠡᠯᠡᠬᠡᠢ ᠡᠵᠢ︾  ᠰᠢᠭ ᠪᠠᠶᠢᠭᠠᠯᠢ ᠶᠢᠷᠲᠢᠨᠴᠦ ᠲᠠᠢ ᠬᠠᠷᠢᠴᠠᠭ᠎ᠠ ᠬᠤᠯᠪᠤᠭ᠎ᠠ ᠲᠠᠢ ᠪᠠᠶᠢᠳᠠᠭ ᠮᠥᠩᠬᠡ ᠲᠡᠭᠷᠢ ᠶᠢᠨ ᠵᠠᠶ᠋ᠢᠭ ᠶᠣᠰᠣᠨ ᠤ ᠤᠯᠪᠠᠭ᠎ᠠ ᠪᠦᠬᠦᠢ ᠢᠮ ᠲᠠᠮᠠᠭ᠎ᠠ ᠲᠠᠢ ᠴᠤ ᠪᠠᠶᠢᠭ᠎ᠠ ᠭᠡᠮᠡᠷ ᠰᠠᠨᠠᠭᠳᠠᠨ᠎ᠠ᠃      ᠭᠡᠨᠲᠤᠨᠫᠤᠩᠰᠤᠭ ᠡᠮᠴᠢ ᠪᠠᠷ ᠡᠮᠴᠢᠯᠡᠭᠦᠯᠵᠦ ᠪᠡᠶ᠎ᠡ ᠰᠡᠳᠬᠢᠯ ᠤᠨ ᠲᠠᠷᠴᠢᠯᠠᠭᠠᠨ ᠠᠴᠠ ᠠᠶᠠᠷᠯᠠᠭᠰᠠᠨ ᠡᠪᠡᠳᠴᠢᠲᠡᠨ ᠤ ᠲᠤᠬᠠᠢ ᠨᠠᠷᠢᠨ ᠶᠠᠷᠢᠬᠤ ᠳᠤ ᠲᠡᠭᠦᠨ ᠤ ᠭᠠᠷ ᠱᠠᠪᠢ ᠶᠢᠨ ᠨᠢᠭᠡ ᠪᠤᠯᠬᠤ ᠰᠡᠴᠡᠨᠪᠠᠭᠠᠲᠤᠷ ᠡᠮᠴᠢ ᠶᠢᠨ  ᠶᠠᠷᠢᠭᠰᠠᠨ ᠦᠭᠡ ᠰᠡᠳᠬᠢᠯ ᠳᠤ ᠭᠦᠨ ᠰᠠᠭᠤᠭᠰᠠᠨ ᠶᠤᠮ᠃ ᠰᠡᠴᠡᠨᠪᠠᠭᠠᠲᠤᠷ ᠬᠡᠯᠡᠬᠦ ᠳᠡᠭᠡᠨ᠄ ︽ᠮᠢᠨᠤ ᠡᠪᠦᠭᠡᠨ ᠪᠠᠭᠰᠢ ᠴᠢᠨᠢ ᠴᠠᠬᠠᠷ ᠲᠡᠳᠦᠢ ᠦᠭᠡᠢ ᠰᠥᠨᠢᠳ ᠠᠪᠠᠭ᠎ᠠ ᠶᠢᠨ ᠨᠤᠲᠤᠭ ᠤᠰᠤ ᠪᠠᠷ ᠴᠤ ᠭᠡᠰᠡᠨ ᠨᠡᠷ᠎ᠡ ᠠᠯᠳᠠᠷ ᠢᠶᠠᠨ ᠮᠠᠨᠳᠤᠭᠤᠯᠵᠤ ᠶᠠᠪᠤᠭᠰᠠᠨ ᠨᠡᠷᠡᠲᠤ ᠡᠮᠴᠢ᠃ ᠠᠯᠢ ᠡᠷᠲᠡ ᠳᠡᠭᠡᠷ᠎ᠡ ᠵᠠᠭᠤᠨ ᠤ ᠵᠢᠷᠠᠭᠠᠳ ᠣᠨ ᠳᠤ ᠭᠤᠷᠪᠠᠭ᠋ᠠᠨ ᠲᠤᠩ ᠡᠮ ᠢᠶᠠᠷ ᠴᠢᠰᠤ ᠶᠡᠭᠡ ᠪᠠᠭᠤᠭᠰᠠᠨ ᠰᠥᠨᠢᠳ ᠤᠨ ᠨᠢᠭᠡᠨ ᠡᠮᠡᠭᠲᠡᠢ ᠶᠢᠨ ᠠᠮᠢ ᠶᠢ ᠠᠪᠤᠷᠠᠭᠠᠳ ︿ᠴᠠᠬᠠᠷ ᠤᠨ ᠬᠥᠨᠳᠡᠯᠡᠨ ᠲᠣᠯᠣᠭᠠᠶᠢᠲᠤ ᠴᠢᠨᠢ ᠵᠠᠭᠤᠢ ᠰᠠᠶᠢᠨ ᠡᠮᠴᠢ ᠰᠢᠤ﹀ ᠭᠡᠰᠡᠨ ᠠᠯᠳᠠᠷ ᠴᠣᠯᠠ ᠲᠠᠢ  ᠪᠣᠯᠣᠯ᠎ᠠ ᠭᠡᠲᠡᠭ᠃ ᠪᠠᠭᠰᠢ ᠮᠢᠨᠢ ᠪᠦᠳᠦᠭᠦᠨ ᠬᠠᠲᠠᠭᠤᠨ ᠪᠡᠶ᠎ᠡ ᠲᠠᠢ᠂ ᠮᠥᠷᠥ ᠥᠷᠭᠡᠨ᠂ ᠬᠥᠮᠥᠰᠬᠡ ᠥᠳᠬᠡᠨ᠃ ᠲᠡᠷᠡ ᠮᠥᠷᠲᠡᠭᠡᠨ ᠲᠣᠯᠣᠭᠠᠢ ᠨᠢ ᠨᠡᠯᠢᠶᠡᠳ ᠭᠡᠲᠡᠦ ᠶᠡᠬᠡᠲᠡᠢ ᠪᠣᠯᠬᠤᠷ ᠲᠦᠷᠦᠭᠰᠡᠨ ᠪᠡᠶ᠎ᠡ ᠶᠢᠨ ᠬᠢᠨᠢ ᠲᠥᠯᠥᠪ ᠰᠢᠨᠵᠢ ᠶᠢ ᠪᠠᠷᠢᠵᠤ᠂ ᠬᠤᠩᠰᠢᠶᠠᠷ ᠠᠮᠠᠨ ᠳᠠᠭᠠᠨ ᠬᠤᠷᠴᠠ ︿ᠮᠡᠷᠭᠡᠨ ᠲᠣᠯᠣᠭᠠᠢ﹀ ᠨᠢ ᠲᠢᠭ ᠦᠭᠡᠶᠢᠷᠡᠵᠦ ᠠᠯᠢᠶᠠᠷᠬᠠᠬᠤ ᠳᠠᠭᠠᠨ ᠪᠠᠭᠰᠢ ᠳᠤ ᠮᠢᠨᠢ ᠡᠶᠢᠮᠦ ᠬᠤᠴᠢ ᠨᠡᠷ᠎ᠡ ᠬᠠᠶᠢᠷᠠᠯᠠᠭᠰᠠᠨ ᠶᠤᠮ︾ ᠭᠡᠵᠦ ᠶᠠᠷᠢᠵᠤ ᠪᠠᠶᠢᠯ᠎ᠠ᠃      ︽ᠴᠠᠬᠠᠷ ᠤᠨ ᠬᠥᠨᠳᠡᠯᠡᠨ ᠲᠣᠯᠣᠭᠠᠶᠢᠲᠤ︾ ᠭᠡᠬᠦ ᠠᠴᠠ ᠨᠢᠭᠡ ᠤᠳᠠᠭ᠎ᠠ  ᠭᠡ᠊᠆  ᠮᠠᠮᠠ ᠰᠥᠨᠢᠳ ᠨᠤᠲᠤᠭ  ᠢᠶᠠᠷ ᠵᠠᠯᠠᠭᠳᠠᠨ ᠡᠪᠡᠳᠴᠢᠨ ᠦᠵᠡᠵᠦ ᠪᠠᠶᠢᠬᠤ ᠲᠠᠢ ᠨᠢ ᠬᠠᠯᠵᠠ ᠲᠠᠭᠠᠷᠠᠯᠳᠤᠭᠰᠠᠨ ᠨᠢᠭᠡ ᠬᠥᠮᠥᠨ ᠭᠡᠨᠡᠳᠲᠡ᠄  ︽ᠴᠠᠬᠠᠷ ᠲᠤ ᠨᠢᠭᠡ ᠬᠥᠨᠳᠡᠯᠡᠨ ᠲᠣᠯᠣᠭᠠᠶᠢᠲᠤ ᠭᠡᠲᠡᠭ ᠨᠡᠯᠢᠶᠡᠳ ᠨᠡᠷ᠎ᠡ ᠲᠠᠢ ᠰᠠᠶᠢᠨ ᠡᠮᠴᠢ ᠪᠠᠶᠢᠳᠠᠭ ᠭᠡᠨ᠎ᠡ  ᠯᠠᠢ︾ ᠬᠡᠮᠡᠨ ᠠᠮᠠᠨ ᠤ ᠠᠶ᠎ᠠ ᠪᠠᠷ ᠦᠭᠡ ᠶᠢᠨ ᠳᠠᠭᠠᠤ ᠠᠵᠢᠭ ᠴᠤ ᠦᠭᠡᠢ ᠲᠠᠯᠪᠢᠭᠠᠳ ᠭᠠᠷᠭᠠᠬᠤ ᠳᠤ ᠭᠡ᠊᠆  ᠮᠠᠮᠠ ᠬᠠᠷᠢᠨ ᠵᠣᠷᠢᠭᠤᠳᠠ ᠮᠠᠯᠠᠭᠠᠢ ᠪᠠᠨ ᠠᠪᠴᠤ ᠲᠠᠯᠪᠢᠨ ᠬᠡᠰᠡᠭ ᠳᠤᠭᠤᠢ ᠰᠠᠭᠤᠭᠰᠠᠨ ᠢᠶᠠᠨ᠄ ︽ᠲᠡᠷᠡ ᠴᠢᠨᠢ ᠮᠢᠬᠠᠨ ᠪᠡᠶ᠎ᠡ ᠪᠠᠷ  ᠢᠶᠠᠨ ᠡᠮᠦᠨ᠎ᠡ ᠴᠢᠨᠢ  ᠪᠠᠶᠢᠭ᠎ᠠ ᠪᠢᠰᠢᠦ︖︾  ᠬᠡᠮᠡᠨ ᠨᠠᠭᠠᠳᠤᠮ ᠦᠨᠡᠨ ᠤ ᠬᠤᠭᠤᠷᠣᠨᠳᠤ ᠱᠤᠭ ᠪᠣᠯᠭᠠᠨ ᠶᠠᠷᠢᠯ᠎ᠠ ᠭᠡᠲᠡᠭ᠃      ︽ᠮᠢᠨᠤ ᠪᠠᠭᠰᠢ ᠶᠡᠷᠦ ᠨᠢ ᠦᠵᠡᠬᠦ ᠳᠤ ᠲᠥᠪᠯᠡᠭᠦᠨ ᠴᠢᠩᠭ᠎ᠠ ᠬᠥᠮᠥᠨ ᠪᠤᠯᠪᠠᠴᠤ ᠬᠠᠶᠠ ᠵᠠᠷᠢᠮ ᠳᠠᠭᠠᠨ ᠦᠭᠡ ᠶᠢ ᠮᠠᠰᠢ ᠶᠦᠮᠦᠷᠯᠢᠭ ᠰᠠᠶᠢᠬᠠᠨ ᠶᠠᠷᠢᠵᠤ ᠬᠡᠯᠡᠳᠡᠭ ᠱᠤᠭ ᠶᠡᠬᠡᠲᠡᠢ ᠬᠥᠮᠥᠨ ᠪᠢᠯᠡ᠃ ᠶᠣᠰᠣᠲᠠᠢ︿ᠣᠯᠳᠠᠰᠢ ᠦᠭᠡᠢ ᠦᠭᠡ ᠶᠢ ᠣᠷᠣᠨ ᠪᠠᠶᠢᠷᠢ ᠳᠤᠨᠢ﹀ ᠭᠡᠲᠡᠭ ᠢᠶᠠᠷ ᠦᠭᠡ ᠶᠢ ᠲᠡᠷᠡ ᠯᠠ ᠣᠷᠴᠢᠨ ᠳᠤᠨᠢ ᠪᠡᠨ᠎ᠡ ᠲᠠᠢ ᠰᠠᠶᠢᠬᠠᠨ ᠶᠠᠷᠢᠳᠠᠭ ᠠᠮᠠᠷ ᠦᠭᠡᠢ ᠬᠥᠮᠥᠨ ᠰᠢᠤ︾ ᠭᠡᠵᠦ ᠰᠡᠴᠡᠨᠪᠠᠭᠠᠲᠤᠷ ᠭᠤᠸᠠᠢ ᠪᠠᠭᠰᠢ ᠶᠢᠨ ᠢᠶᠠᠨ ᠲᠤᠬᠠᠢ ᠬᠠᠭᠤᠴᠢᠯᠠᠨ᠎ᠠ᠃      ᠭᠡᠨᠲᠦᠨᠫᠤᠩᠰᠤᠬ ᠡᠮᠴᠢ ᠮᠣᠩᠭᠤᠯ ᠡᠮᠨᠡᠯᠭᠡ ᠶᠢᠨ ᠤᠯᠠᠮᠵᠢᠯᠠᠯᠲᠤ ᠶᠣᠰᠣ ᠨᠣᠮ ᠤᠨ ᠲᠤᠬᠠᠢ ᠪᠡᠶ᠎ᠡ ᠳᠠᠭᠠᠭᠠᠭᠰᠠᠨ ᠲᠤᠰᠠᠭᠠᠷ ᠮᠡᠷᠭᠡᠵᠢᠯ ᠲᠠᠢ ᠪᠠᠶᠢᠵᠤ᠂  ᠵᠠᠷᠢᠮ ᠤᠨᠴᠠᠭᠠᠢ ᠡᠪᠡᠳᠴᠢᠲᠡᠨ ᠢ ᠪᠣᠯ ᠪᠦᠷ ᠦᠪᠡᠰᠦᠪᠡᠨ ᠡᠮ ᠲᠠᠩ  ᠨᠠᠶᠢᠷᠠᠵᠤ ᠲᠤᠰᠬᠠᠢ ᠡᠮᠴᠢᠯᠡᠭᠡ ᠬᠢᠳᠡᠭ ᠪᠥᠭᠡᠳ ᠴᠡᠭᠡ ᠶᠢᠨ ᠵᠠᠰᠠᠯ ᠬᠢᠬᠦ ᠶᠢᠨ ᠳᠠᠭᠠᠤ ᠨᠢᠭᠡᠨ ᠦᠶ᠎ᠡ ᠪᠠᠰᠠ ᠹᠦ᠋ ᠶᠢᠨ ᠬᠠᠯᠠᠭᠤᠨ ᠢᠶᠠᠷ︽ᠤᠩᠭᠤᠨ ᠷᠠᠰᠢᠶᠠᠨ︾ ᠤ  ᠵᠠᠰᠠᠯᠭ᠎ᠠ ᠶᠢ ᠴᠤ ᠳᠠᠭᠠᠯᠳᠤᠭᠤᠯᠤᠨ ᠬᠢᠳᠡᠭ ᠪᠠᠶᠢᠭᠰᠠᠨ ᠠᠵᠢ᠃      ᠪᠠᠭᠰᠢ ᠶᠢᠨ ᠢᠶᠠᠨ ᠲᠤᠬᠠᠢ ᠳᠤᠷᠠᠳᠬᠠᠬᠤ ᠪᠠᠷ ᠰᠡᠴᠡᠨᠪᠠᠭᠠᠲᠤᠷ ᠤᠨ ᠦᠭᠡ ᠶᠠᠷᠢᠶ᠎ᠠ ᠣᠯᠠᠳᠠᠨ᠎ᠠ᠃ ︽ᠪᠠᠭᠰᠢ ᠮᠢᠨᠢ︿ᠰᠠᠶᠢᠨ ᠡᠮᠴᠢ ᠪᠤᠯᠬᠤ ᠳᠤ ᠶᠠᠭᠤᠨ ᠤ ᠤᠷᠢᠳ ᠰᠤᠳᠠᠯ ᠪᠠᠷᠢᠵᠤ ᠰᠢᠨᠵᠢᠬᠦ᠂ ᠡᠮ ᠤᠨ ᠲᠦᠭᠦᠬᠡᠢ ᠮᠠᠲ᠋ᠧᠷᠢᠶᠠᠯ ᠢ ᠰᠠᠶᠢᠨ ᠢᠯᠭᠠᠵᠤ ᠲᠠᠨᠢᠬᠤ ᠠᠴᠠ ᠠᠪᠤᠭᠠᠳ ᠶᠠᠮᠠᠷ ᠡᠪᠡᠳᠴᠢᠲᠡᠨ ᠳᠤ ᠶᠠᠮᠠᠷ ᠡᠮ ᠨᠠᠶᠢᠷᠠᠵᠤ ᠵᠠᠷᠤᠬᠤ ᠮᠡᠲᠦᠴᠢᠯᠡᠨ ᠡᠮ ᠨᠠᠶᠢᠷᠠᠭᠤᠯᠬᠤ ᠮᠡᠷᠭᠡᠵᠢᠯ ᠴᠢᠳᠠᠪᠤᠷᠢ ᠶᠢ ᠴᠦ ᠨᠢᠮᠪᠠᠢ ᠡᠵᠡᠮᠰᠢᠬᠦ ᠬᠡᠷᠡᠭᠲᠡᠢ﹀ ᠬᠡᠮᠡᠨ ᠪᠠᠶᠢᠩᠭᠤ ᠵᠠᠬᠢᠵᠤ ᠰᠠᠨᠠᠭᠤᠯᠤᠨ ᠬᠡᠯᠡᠳᠡᠭ ᠮᠥᠷᠲᠡᠭᠡᠨ ᠪᠤᠮᠪᠠᠳᠠᠵᠤ ᠰᠠᠮᠨᠠᠬᠤ᠂  ᠬᠠᠨᠠᠵᠤ ᠬᠠᠳᠬᠤᠬᠤ᠂ ᠲᠥᠭᠡᠨᠡᠵᠦ ᠬᠥᠬᠦᠭᠦᠯᠬᠦ᠂ ᠰᠡᠪᠡᠰᠦᠯᠡᠵᠦ ᠪᠢᠲᠡᠭᠦᠦ ᠠᠷᠠᠰᠤᠯᠠᠬᠤ ᠴᠤᠯᠤ ᠰᠠᠪᠠ ᠶᠢᠨ ᠵᠠᠰᠠᠯᠭ᠎ᠠ ᠵᠡᠷᠭᠡ ᠶᠢ ᠪᠦᠷ ᠬᠢᠳᠡᠭ᠃ ᠬᠥᠯᠭᠡ ᠪᠦᠷᠢᠳᠦᠭᠰᠡᠨ ᠴᠢᠨᠠᠷ ᠴᠢᠳᠠᠯ ᠨᠢ ᠴᠢᠩᠭ᠎ᠠ ᠵᠢᠩᠬᠢᠨᠢ ᠨᠠᠶᠢᠷᠠᠯᠭ᠎ᠠ ᠲᠠᠢ ᠡᠮ ᠵᠠᠷᠤᠬᠤ ᠶᠢ ᠮᠠᠰᠢ ᠠᠩᠬᠠᠷᠴᠤ᠂ ᠬᠠᠪᠤᠷ ᠵᠤᠨ ᠨᠠᠮᠤᠷ ᠪᠠᠶᠢᠲᠤᠭᠠᠢ ᠡᠪᠦᠯ ᠤᠨ ᠴᠠᠭ ᠲᠤ ᠴᠤ ᠭᠡᠰᠡᠨ ᠠᠭᠤᠯᠠ ᠬᠠᠲᠠ ᠭᠠᠩᠭ᠎ᠠ ᠭᠤᠤ ᠪᠠᠷ ᠬᠦᠷᠴᠦ ᠡᠮ ᠤᠨ ᠮᠠᠲ᠋ᠧᠷᠢᠶᠠᠯ ᠤᠨ ᠦᠷ᠎ᠡ ᠦᠨᠳᠦᠰᠦ ᠬᠠᠶᠢᠵᠤ᠂ ᠮᠥᠩᠭᠦᠨ ᠤᠰᠤ᠂ ᠬᠦᠬᠦᠷ ᠢ ᠨᠣᠮᠣᠬᠠᠳᠬᠠᠵᠤ ᠡᠮ ᠨᠠᠶᠢᠷᠠᠳᠠᠭ ᠪᠥᠭᠡᠳ ᠭᠤᠷᠪᠠ ᠲᠦᠷᠪᠡᠨ ᠵᠢᠯ ᠪᠣᠯᠤᠭᠰᠠᠨ ᠬᠠᠲᠠᠭᠠᠬᠰᠠᠨ ᠦᠬᠡᠷ ᠤᠨ ᠱᠠᠷᠢᠭ ᠮᠢᠬ᠎ᠠ ᠶᠢ ᠭᠦᠷᠲᠡᠯ᠎ᠡ ᠵᠠᠷᠢᠮ ᠡᠮ ᠤᠨ ᠨᠠᠶᠢᠷᠠᠯᠭ᠎ᠠ ᠳᠤ ᠣᠷᠣᠭᠤᠯᠵᠤ ᠡᠪᠡᠳᠴᠢᠨ ᠵᠠᠰᠠᠬᠤ ᠳᠤ ᠬᠡᠷᠡᠭᠯᠡᠳᠡᠭ ᠪᠠᠶᠢᠭᠰᠠᠨ᠃ ᠮᠠᠨ ᠤ ᠡᠮᠨᠡᠯᠭᠡ ᠶᠢᠨ ᠬᠤᠷᠢᠶᠠᠨ ᠤ ᠠᠬᠠᠮᠠᠳ ᠡᠮᠴᠢ ᠣᠤᠨᠢ ︵ᠴᠣᠬᠤᠮ ᠨᠡᠷ᠎ᠡ ᠨᠢ ᠠᠮᠤᠷᠯᠢᠩᠭᠤᠢ ᠭᠡᠲᠡᠭ︶ ᠪᠢᠳᠡ ᠬᠤᠶᠠᠷ ᠪᠦᠷ ᠡᠪᠦᠭᠡᠨ ᠪᠠᠭᠰᠢ ᠠᠴᠠ ᠪᠠᠨ ᠵᠢᠩᠬᠢᠨᠢ ᠬᠥᠯᠭᠡ ᠪᠦᠷᠢᠳᠦᠭᠰᠡᠨ ᠤᠨᠴᠠᠭᠠᠢ ᠡᠮ ᠨᠠᠶᠢᠷᠠᠬᠤ ᠮᠡᠳᠡᠯᠭᠡ ᠮᠡᠷᠭᠡᠵᠢᠯ ᠢ ᠠᠳᠠᠯᠢ ᠪᠤᠰᠤ ᠬᠡᠮᠵᠢᠶ᠎ᠡ ᠪᠠᠷ ᠰᠤᠷᠣᠬᠰᠠᠨ ᠶᠤᠮ᠃ ᠮᠣᠩᠭᠤᠯ ᠡᠮᠨᠡᠯᠭᠡ ᠶᠢᠨ ᠴᠤᠯᠤ ᠰᠠᠪᠠ ᠶᠢᠨ ᠵᠠᠰᠠᠯ ᠭᠡᠵᠦ ᠲᠡᠷᠡ ᠴᠡᠭ ᠢᠶᠠᠷ ᠢᠶᠠᠨ ᠨᠢᠭᠡ ᠵᠦᠢᠯ ᠤᠨ ᠤᠨᠴᠠᠭᠠᠢ ᠰᠢᠨᠵᠢᠯᠡᠬᠦ ᠤᠬᠠᠭᠠᠨ ᠪᠤᠯᠬᠤ ᠤᠴᠢᠷᠲᠠᠢ᠃ ᠪᠢᠲᠡᠨ ᠤ ᠬᠡᠯᠡᠳᠡᠭ ᠡᠮ ᠳᠣᠮ ᠭᠡᠲᠡᠭ ᠦᠭᠡ  ᠶᠠᠮᠠᠷ ᠴᠤ ᠦᠨᠳᠦᠰᠦ ᠪᠠᠷᠢᠮᠲᠠ ᠦᠭᠡᠢ ᠪᠢᠰᠢ ᠰᠢᠤ ᠳ᠋ᠠ᠃ ᠵᠦᠪᠭᠡᠨ ︿ᠳᠣᠮᠨᠣᠬᠤ ᠳᠣᠮ ᠰᠢᠪᠰᠢᠯᠭᠡ﹀ ᠭᠡᠬᠦ ᠦᠭᠡ ᠶᠢᠨ ᠤᠴᠢᠷ ᠤᠳᠬ᠎ᠠ ᠪᠠᠷ ᠠᠪᠴᠤ ᠬᠡᠯᠡᠭᠰᠡᠨ ᠴᠤ ᠲᠠᠶᠢᠯᠪᠤᠷᠢᠯᠠᠬᠤ ᠳᠤ ᠪᠡᠷᠬᠡ ᠴᠠᠭᠠᠨ᠎ᠠ ᠪᠠᠨ ᠮᠠᠰᠢ ᠤᠯᠠᠨ ᠤᠬᠠᠭᠳᠠᠬᠤᠨ ᠲᠠᠢ ᠪᠠᠶᠢᠵᠤ ᠲᠠᠭᠠᠷᠠᠨ᠎ᠠ᠃ ᠴᠤᠯᠤ ᠰᠠᠪᠠ ᠶᠢᠨ ᠵᠠᠰᠠᠯ ᠢ ᠪᠢ ᠲᠡᠷᠡ ᠦᠶ᠎ᠡ ᠳᠤ ᠵᠢᠷᠦᠬᠡᠰᠢᠶᠡᠵᠦ ᠡᠮᠢᠶᠡᠬᠦ ᠶᠢᠨ ᠳᠠᠭᠠᠤ ᠪᠡᠯᠡᠳᠬᠡᠯ ᠠᠵᠢᠯ ᠤᠨ ᠬᠢᠨᠢ ᠶᠠᠷᠰᠢᠭ ᠠᠴᠠ ᠪᠣᠯᠵᠤ᠂ ᠪᠠᠭᠰᠢ ᠶᠢᠨ ᠢᠶᠠᠨ ᠰᠠᠨᠠᠭ᠎ᠠ ᠠᠶ᠎ᠠ ᠪᠠᠷ ᠲᠣᠬᠢᠲᠠᠢ ᠰᠠᠶᠢᠨ ᠰᠤᠷᠴᠤ ᠠᠪᠤᠭᠰᠠᠨ ᠦᠭᠡᠢ ᠳᠡᠭᠡᠨ ᠤᠲᠤ ᠶᠡᠭᠡ ᠭᠡᠮᠰᠢᠬᠦ ᠪᠣᠯᠵᠠᠢ᠃ ᠡᠭᠦᠨ ᠠᠴᠠ ᠥᠭᠡᠷ᠎ᠡ ᠨᠠᠮ᠎ᠠ ᠳᠤ ᠪᠠᠰᠠ ᠨᠢᠭᠡ  ᠶᠡᠭᠡ ᠬᠠᠷᠠᠮᠰᠠᠯ ᠪᠠᠶᠢᠳᠠᠭ ᠶᠤᠮ᠃ ᠡᠨᠡ ᠨᠢ ᠳᠠᠷᠤᠢ ᠡᠪᠦᠭᠡᠨ ᠪᠠᠭᠰᠢ ᠶᠢᠨ ᠢᠶᠠᠨ ᠶᠠᠰᠤ ᠶᠢ ᠪᠠᠷᠢᠵᠤ ᠴᠢᠳᠠᠭᠰᠠᠨ ᠦᠭᠡᠢ ᠶᠠᠪᠤᠳᠠᠯ ᠪᠣᠯᠣᠨ᠎ᠠ᠃ ᠪᠠᠭᠰᠢ ᠮᠢᠨᠢ ᠬᠥᠭᠡᠷᠦᠬᠦᠢ ᠳᠠᠯᠠ ᠶᠢᠰᠦ ᠶᠢᠨ ᠨᠠᠰᠤᠨ ᠬᠤᠲᠤᠭ ᠳᠡᠭᠡᠷ᠎ᠡ ᠪᠠᠨ ᠪᠤᠷᠬᠠᠨ ᠪᠣᠯᠵᠤ ᠪᠢᠯᠡ᠃ ᠨᠠᠰᠤ ᠪᠤᠯᠬᠤ ᠠᠴᠠ ᠨᠢ ᠬᠤᠶᠠᠷ ᠭᠤᠷᠪᠠᠨ ᠡᠳᠦᠷ ᠤᠨ ᠡᠮᠦᠨ᠎ᠡ ᠪᠢ ᠭᠡᠷ ᠤᠨ ᠬᠥᠮᠥᠨ ᠲᠠᠢ ᠪᠠᠨ ᠬᠠᠮᠲᠤ ᠰᠥᠨᠢᠳ ᠨᠤᠲᠤᠭ ᠲᠤ ᠬᠦᠷᠴᠦ᠂ ᠡᠪᠦᠭᠡᠨ ᠪᠠᠭᠰᠢ ᠪᠠᠨ ᠪᠣᠯᠭᠤᠭᠠᠵᠤ ᠦᠵᠡᠭᠰᠡᠨ ᠢᠶᠠᠨ ᠥᠴᠥᠬᠡᠨ ᠴᠤ ᠪᠣᠯᠤᠭ ᠰᠠᠨᠠᠭ᠎ᠠ ᠪᠠᠨ ᠵᠢᠭᠠᠬᠠᠨ ᠭᠦᠢᠴᠡᠳᠬᠡᠭᠰᠡᠨ ᠰᠢᠭ ᠪᠤᠲᠤᠲᠠᠭ᠃  ᠪᠢ ᠪᠠᠭᠰᠢ ᠶᠢᠨ ᠢᠶᠠᠨ ᠵᠢᠭᠠᠭᠰᠠᠨ ᠡᠷᠳᠡᠮ ᠢᠶᠠᠷ ᠣᠯᠠᠨ ᠡᠪᠡᠳᠴᠢᠲᠡᠨ ᠢ ᠵᠠᠰᠠᠵᠤ ᠡᠳᠡᠭᠡᠷᠡᠭᠦᠯᠵᠦ᠂ ᠢᠯᠠᠩᠭᠤᠶ᠎ᠠ ᠡᠯᠢᠭᠡᠨ ᠡᠪᠡᠳᠴᠢᠲᠡᠨ ᠢ ᠡᠮᠴᠢᠯᠡᠵᠦ ᠵᠠᠰᠠᠬᠤ ᠲᠠᠯ᠎ᠠ ᠪᠠᠷ ᠵᠢᠭᠠᠬᠠᠨ ᠭᠠᠷᠰᠢᠵᠤ᠂ 2018 ᠣᠨ ᠳᠤ ᠥᠪᠡᠷᠲᠡᠭᠡᠨ ᠵᠠᠰᠠᠬᠤ ᠣᠷᠣᠨ ᠤ ᠬᠤᠶᠠᠳᠤᠭᠠᠷ ᠤᠳᠠᠭᠠᠨ ᠤ ︿ᠨᠡᠷᠡᠲᠤ ᠡᠮᠴᠢ﹀ ᠪᠠᠷ ᠰᠢᠯᠭᠠᠷᠠᠭᠰᠠᠨ ᠮᠠᠨᠢ ᠪᠦᠷ ᠯᠠ ᠪᠠᠭᠰᠢ ᠶᠢᠨ ᠮᠢᠨᠢ ᠮᠡᠳᠡᠯᠭᠡ ᠮᠡᠷᠭᠡᠵᠢᠯ ᠢᠶᠠᠨ ᠬᠠᠷᠠᠮ ᠦᠭᠡᠢ ᠤᠯᠠᠮᠵᠢᠯᠠᠨ ᠰᠤᠷᠭᠠᠵᠤ ᠬᠥᠮᠥᠵᠢᠭᠦᠯᠦᠭᠰᠡᠨ ᠤ ᠠᠴᠢ ᠡᠨᠡᠷᠢᠯ ᠪᠤᠯᠬᠤ ᠶᠤᠮ᠃ ᠪᠠᠭᠰᠢ ᠮᠢᠨᠢ ᠶᠠᠭᠠᠷᠠᠵᠤ ᠰᠠᠨᠳᠤᠷᠬᠤ ᠶᠢ ᠶᠡᠷᠦ ᠮᠡᠳᠡᠳᠡᠭ ᠦᠭᠡᠢ᠂ ᠮᠠᠰᠢ ᠯᠠᠪᠳᠠᠭᠤᠨ ᠲᠥᠪᠯᠡᠭᠦᠨ ᠵᠠᠩ ᠲᠠᠢ᠂  ᠶᠣᠰᠣᠲᠠᠢ ᠬᠥᠮᠥᠨ ᠮᠥᠰᠥ ᠶᠢᠨ ᠠᠭᠤᠤ ᠴᠢᠨᠠᠷ ᠢ ᠬᠥᠮᠥᠨ ᠪᠦᠭᠦᠨ ᠳᠤ ᠲᠡᠭᠰᠢ ᠪᠦᠷᠢᠨ ᠦᠵᠡᠭᠦᠯᠵᠦ ᠴᠢᠳᠠᠭᠰᠠᠨ ᠬᠥᠮᠥᠨ ᠤ ᠨᠢᠭᠡ ᠪᠤᠯᠬᠤ ᠶᠤᠮ ᠳ᠋ᠧ᠃ ᠪᠠᠭᠰᠢ ᠮᠢᠨᠢ ᠡᠮ ᠳᠠᠩ ᠢᠶᠠᠨ ᠶᠡᠷᠦᠳᠡᠭᠡᠨ ᠲᠠᠪᠤ ᠲᠤᠯᠤᠭᠠᠨ ᠬᠤᠨᠤᠭ ᠠᠴᠠ ᠢᠯᠡᠭᠦᠦ ᠦᠭᠲᠡᠭ ᠦᠭᠡᠢ᠂ ᠬᠤᠯᠠ ᠭᠠᠵᠠᠷ ᠠᠴᠠ ᠢᠷᠡᠭᠰᠡᠨ ᠡᠪᠡᠳᠴᠢᠲᠡᠨ ᠤ ᠶᠠᠪᠤᠵᠤ ᠰᠠᠭᠤᠬᠤ ᠶᠢᠨ ᠲᠦᠭᠦᠮ ᠢ ᠪᠣᠳᠣᠯᠬᠢᠯᠠᠨ᠂ ᠬᠤᠶᠠᠷ ᠲᠤᠯᠤᠭᠠᠨ ᠬᠤᠨᠤᠭ ᠢᠶᠠᠷ  ᠥᠭᠴᠦ ᠶᠠᠪᠤᠭᠤᠯᠳᠠᠭ ᠵᠠᠩᠰᠢᠯ ᠲᠠᠢ ᠶᠤᠮ᠃ ᠬᠤᠵᠢᠮ ᠨᠢ ᠪᠠᠭᠰᠢ ᠮᠢᠨᠢ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠳᠠᠭᠠᠨ ᠤᠷᠢᠭᠳᠠᠨ ᠠᠵᠢᠯᠯᠠᠵᠤ ᠪᠠᠶᠢᠭᠠᠳ ᠲᠡᠳᠬᠦᠪᠦᠷᠢ ᠳᠤ ᠭᠠᠷᠴᠤ ᠰᠤᠮᠤᠨ ᠳᠠᠭᠠᠨ ᠢᠷᠡᠭᠰᠡᠨ ᠶᠤᠮ︾ ᠭᠡᠵᠦ ᠪᠠᠭᠰᠢ ᠶᠢᠨ ᠢᠶᠠᠨ ᠮᠣᠩᠭᠤᠯ ᠠᠨᠠᠭᠠᠬᠤ ᠤᠬᠠᠭᠠᠨ ᠤ ᠦᠢᠯᠡᠰ ᠲᠤ ᠮᠡᠷᠭᠡᠵᠢᠯ ᠥᠨᠳᠥᠷ ᠪᠤᠶᠠᠨ ᠤ ᠮᠥᠷ ᠲᠠᠢ ᠶᠠᠪᠤᠵᠤ ᠢᠷᠡᠭᠰᠡᠨ ᠲᠤᠬᠠᠢ ᠮᠡᠲᠡᠵᠤ ᠣᠶᠢᠯᠠᠭᠠᠬᠤ ᠶᠢᠨ ᠬᠢᠷᠢ  ᠪᠠᠷ ᠶᠠᠷᠢᠵᠤ ᠬᠡᠯᠡᠬᠦ ᠳᠠᠭᠠᠤ ᠤᠯᠠᠮᠵᠢᠯᠠᠵᠤ ᠥᠭᠭᠦᠭᠰᠡᠨ ᠡᠮ ᠡᠮᠨᠡᠯᠭᠡ ᠶᠢᠨ ᠡᠷᠳᠡᠮ ᠨᠣᠮ ᠢ ᠰᠤᠷᠴᠤ ᠶᠠᠪᠤᠬᠤ ᠳᠠᠭᠠᠨ ᠥᠪᠡᠷ ᠤᠨ ᠠᠯᠳᠠᠵᠤ ᠣᠯᠣᠭᠰᠠᠨ ᠲᠡᠷᠡ ᠪᠦᠭᠦᠨ ᠲᠠᠢ ᠪᠠᠨ ᠤᠶᠠᠯᠳᠤᠭᠤᠯᠤᠨ᠂ ᠪᠠᠭᠰᠢ ᠶᠢᠨ ᠢᠶᠠᠨ ᠠᠴᠢ ᠡᠨᠡᠷᠢᠯ ᠳᠤ ᠬᠦᠨᠳᠦᠳᠬᠡᠯ ᠳᠡᠪᠰᠢᠭᠦᠯᠦᠨ  ᠡᠷᠭᠢᠴᠡᠭᠦᠯᠦᠯ ᠳᠤᠷᠠᠳᠬᠠᠯ ᠲᠠᠢ ᠶᠠᠷᠢᠨ᠎ᠠ᠃      ᠥᠨᠥᠳᠥᠷ ᠭᠡᠨᠲᠤᠨᠫᠤᠩᠰᠤᠭ ᠡᠮᠴᠢ ᠮᠠᠨᠢ ᠨᠠᠰᠤ ᠵᠢᠯ ᠤᠨ ᠡᠷᠬᠡ ᠪᠠᠷ  ᠨᠠᠭᠠᠲᠤ ᠣᠷᠴᠢᠯᠠᠩ ᠠᠴᠠ ᠠᠶᠠᠷᠯᠠᠨ᠂ ᠨᠠᠮᠬᠠᠨ ᠪᠤᠭᠤᠷᠤᠯ ᠠᠭᠤᠯᠠᠰ ᠤᠨ ᠢᠶᠠᠨ ᠣᠷᠣᠢ ᠳᠡᠭᠡᠭᠦᠷ ᠡᠭᠦᠯᠡ ᠬᠦᠯᠦᠭᠯᠡᠨ ᠥᠨᠳᠥᠷ ᠬᠥᠬᠡ ᠲᠡᠭᠷᠢ ᠶᠢᠨ ᠭᠦᠨ ᠴᠡᠭᠡᠯ ᠳᠠᠬᠢ  ᠬᠡᠷᠡᠯᠳᠦ ᠤᠲᠤᠨ ᠪᠣᠯᠵᠤ ᠬᠠᠯᠢᠵᠤ ᠣᠲᠣᠭᠰᠠᠨ ᠴᠤ ᠬᠢᠵᠦ ᠪᠦᠲᠦᠭᠡᠭᠰᠡᠨ ᠦᠢᠯᠡᠰ ᠬᠡᠮᠵᠢᠶᠡᠯᠡᠰᠢ ᠦᠭᠡᠢ ᠪᠤᠶᠠᠨ ᠢᠶᠠᠷ ᠢᠶᠠᠨ ᠲᠦᠮᠡᠨ ᠤᠯᠠᠨ ᠤ ᠪᠠᠨ ᠵᠢᠷᠦᠬᠡ ᠰᠡᠳᠬᠢᠯ ᠳᠤ ᠵᠤᠯᠠ ᠶᠢᠨ ᠭᠡᠷᠡᠯ ᠰᠢᠭ ᠮᠥᠩᠬᠡᠳᠡ ᠪᠠᠳᠮᠠᠯᠠᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号