ᠤᠬᠠᠭᠠᠨ ᠭᠦᠳᠡᠯᠮᠦᠷᠢ ᠬᠤᠣᠰᠯᠠᠭᠰᠠᠨ ᠰᠠᠶᠢᠬᠠᠨ ᠠᠮᠢᠳᠤᠷᠠᠯ
ᠨᠡᠶᠢᠲᠡᠯᠡᠭᠰᠡᠨ ᠴᠠᠭ᠄
2024/3/15
     ᠮᠠᠯᠴᠢᠨ ᠠᠶᠢᠯ ᠤᠨ ᠬᠤᠪᠢ ᠳᠤ ᠬᠠᠪᠤᠷ ᠴᠠᠭ ᠭᠡᠳᠡᠭ ᠶᠠᠭᠠᠷᠠᠤ ᠤᠯᠠᠷᠢᠯ ᠴᠤ ᠭᠡᠰᠡᠨ ᠲᠥᠯ ᠮᠠᠯ ᠤᠨ ᠤᠨᠳᠤᠷᠤᠯ ᠲᠠᠢ ᠰᠠᠶᠢᠬᠠᠨ ᠴᠠᠭ ᠶᠤᠮ ᠳ᠋ᠠᠭ᠃ ᠲᠥᠯ ᠲᠤᠰᠬᠤ ᠠᠵᠢᠯ ᠢᠳᠡ ᠭᠦᠭ ᠲᠠᠢ ᠶᠠᠪᠤᠭᠳᠠᠵᠤ ᠪᠠᠶᠢᠭ᠎ᠠ ᠴᠠᠭ ᠢᠶᠠᠷ ᠪᠢᠳᠠ ᠮᠠᠯᠴᠢᠨ ᠤ ᠬᠤᠳᠠ ᠶᠢ ᠵᠣᠷᠢᠯ᠎ᠠ᠃ ᠵᠣᠷᠢᠵᠤ ᠣᠴᠢᠭᠰᠠᠨ ᠠᠶᠢᠯ ᠤᠨ ᠭᠠᠳᠠᠨ᠎ᠠ ᠪᠠᠭᠤᠮᠠᠭᠴᠠ ᠬᠤᠷᠤᠭ᠎ᠠ ᠳᠦᠭᠦᠷᠡᠩ ᠬᠤᠷᠠᠭ᠎ᠠ ᠲᠥᠯ ᠤᠨ ᠮᠠᠶᠢᠯᠠᠭᠠᠨ ᠪᠢᠳᠠᠨ ᠢ ᠤᠭᠲᠤᠵᠤ᠂ ᠠᠮᠢ ᠠᠮᠢᠵᠢᠷᠠᠯ ᠪᠢᠯᠬᠠᠭᠰᠠᠨ ᠡᠨᠡ ᠠᠶᠢᠯ ᠤᠨ ᠬᠢᠨ ᠭᠠᠳᠠᠨ᠎ᠠ ᠳᠣᠲᠣᠨ᠎ᠠ ᠶᠢᠨ ᠠᠵᠢᠯ ᠳᠤ ᠪᠠᠨ ᠶᠠᠭᠠᠷᠠᠤᠬᠠᠨ ᠪᠠᠶᠢᠭ᠎ᠠ ᠨᠢ ᠬᠠᠷᠠᠭᠳᠠᠯ᠎ᠠ᠃            ᠡᠷᠦᠭᠡ ᠶᠢᠨ ᠡᠵᠡᠨ᠂ ᠥᠨᠥᠳᠥᠷ ᠤᠨ ᠰᠣᠷᠪᠤᠯᠵᠢᠯᠠᠭ᠎ᠠ ᠶᠢᠨ ᠭᠤᠣᠯ ᠪᠠᠭᠠᠲᠤᠷ ᠲᠥᠪᠪᠠᠶᠠᠷ ᠮᠠᠨᠢ ᠬᠤᠶᠠᠷ ᠮᠢᠩᠭᠠᠨ ᠣᠨ ᠤ ᠡᠬᠢ ᠪᠠᠷ ᠠᠩᠬ᠎ᠠ ᠲᠤᠮᠳᠠᠳᠤ ᠪᠠᠨ ᠳᠤᠷᠭᠤᠨ ᠵᠣᠭᠰᠣᠵᠤ᠂ ᠬᠥᠳᠡᠭᠡ ᠪᠠᠨ ᠬᠠᠷᠢᠵᠤ ᠮᠠᠯᠴᠢᠨ ᠪᠣᠯᠤᠭᠰᠠᠨ ᠭᠡᠨ᠎ᠡ᠃ 2007 ᠣᠨ ᠳᠤ ᠬᠠᠨᠢ ᠷᠡᠭᠵᠢᠳᠮ᠎ᠡ ᠲᠠᠢ ᠪᠠᠨ ᠭᠡᠷᠯᠡᠨ᠂ ᠤᠳᠤᠮ ᠵᠠᠯᠭᠠᠬᠤ ᠬᠦᠦ ᠲᠠᠢ ᠪᠣᠯᠵᠤ᠂ ᠠᠪᠤ ᠡᠵᠢ᠂ ᠭᠡᠷᠭᠡᠢ ᠬᠦᠦ ᠲᠠᠢ ᠪᠠᠨ ᠠᠮᠠ ᠪᠦᠯᠢ ᠲᠠᠪᠤᠭᠤᠯᠠ ᠤᠯᠠᠭᠠᠨ ᠴᠢᠯᠠᠭᠤᠲᠤ ᠬᠡᠮᠡᠬᠦ ᠨᠤᠲᠤᠭ ᠲᠠᠭᠠᠨ ᠠᠮᠢᠳᠤᠷᠠᠨ ᠰᠠᠭᠤᠷᠢᠰᠢᠭᠰᠠᠭᠠᠷ ᠡᠳᠦᠭᠡ ᠬᠦᠷᠴᠡᠢ᠃
     ᠣᠷᠴᠢᠮ ᠤᠨ ᠬᠤᠶᠠᠷ ᠵᠢᠯ ᠪᠣᠷᠣᠭᠠᠨ ᠬᠤᠷ᠎ᠠ ᠴᠥᠭᠡᠨ᠂ ᠭᠠᠩ ᠭᠠᠴᠢᠭ ᠲᠠᠢ ᠴᠦ ᠭᠡᠯ᠎ᠡ ᠮᠠᠯᠴᠢᠳ ᠮᠠᠨᠢ ᠥᠪᠡᠷ ᠥᠪᠡᠷ ᠤᠨ ᠨᠥᠬᠦᠴᠡᠯ ᠪᠠᠶᠢᠳᠠᠯ ᠳᠤ ᠪᠠᠨ ᠵᠣᠬᠢᠴᠠᠭᠤᠯᠤᠨ ᠭᠠᠩ ᠵᠤᠳ ᠢ ᠳᠠᠪᠠᠨ ᠲᠤᠭᠤᠯᠵᠤ᠂ ᠠᠷᠭ᠎ᠠ ᠪᠦᠭᠦᠨ ᠢ ᠰᠦᠪᠡᠭᠴᠢᠯᠡᠨ ᠠᠮᠢᠳᠤᠷᠠᠯ ᠤᠨᠳᠤᠷᠤᠯᠭ᠎ᠠ ᠪᠠᠨ ᠥᠭᠡᠳᠡ ᠨᠢ ᠲᠠᠲᠠᠵᠤ ᠶᠠᠪᠤᠭ᠎ᠠ ᠪᠢᠯᠡ᠃ ᠡᠳᠡᠨᠡᠶᠢᠭᠢᠨ ᠴᠤ ᠭᠡᠰᠡᠨ ᠮᠠᠯ ᠪᠡᠯᠴᠢᠭᠡᠷ ᠤᠨ ᠪᠠᠶᠢᠳᠠᠯ ᠳᠤ ᠪᠠᠨ ᠵᠣᠬᠢᠴᠠᠭᠤᠯᠤᠨ᠂ ᠡᠪᠡᠰᠦ ᠪᠣᠷᠳᠤᠭ᠎ᠠ ᠪᠠᠨ ᠤᠷᠤᠭᠤᠯᠬᠤ ᠶᠢᠨ ᠳᠠᠭᠠᠤ ᠲᠠᠪᠢᠨ ᠮᠦ ᠲᠠᠷᠢᠶᠠᠨ ᠭᠠᠵᠠᠷ ᠲᠤ ᠪᠠᠨ ᠡᠪᠡᠰᠦ ᠲᠠᠷᠢᠵᠤ᠂ ᠡᠪᠦᠯ ᠬᠠᠪᠤᠷ ᠤᠨ ᠤᠯᠠᠷᠢᠯ ᠢ ᠲᠤᠭᠤᠯᠤᠨ᠂ ᠲᠡᠭᠷᠢ ᠶᠢᠨ ᠴᠢᠷᠠᠢ ᠬᠠᠷᠠᠵᠤ ᠮᠠᠯ ᠮᠠᠯᠯᠠᠳᠠᠭ ᠪᠠᠶᠢᠭᠰᠠᠨ ᠪᠠᠶᠢᠳᠠᠯ ᠢᠶᠠᠨ ᠥᠭᠡᠷᠡᠴᠢᠯᠡᠵᠦ᠂ ᠬᠦᠴᠦ ᠭᠦᠳᠡᠯᠮᠦᠷᠢ᠂ ᠠᠪᠬᠠᠯᠵᠢ ᠰᠠᠮᠪᠠᠭ᠎ᠠ ᠪᠠᠷ ᠢᠶᠠᠨ ᠠᠮᠢᠳᠤᠷᠠᠯ ᠤᠨᠳᠤᠷᠤᠯᠭ᠎ᠠ ᠳᠤ ᠪᠠᠨ ᠵᠢᠳᠬᠦᠨ ᠲᠡᠮᠡᠤᠯᠡᠵᠦ ᠶᠠᠪᠤᠨ᠎ᠠ᠃ ᠡᠭᠦᠨ ᠤ ᠳᠠᠭᠠᠤ ᠭᠡᠷᠭᠡᠢ ᠷᠡᠭᠵᠢᠳᠮ᠎ᠡ ᠨᠢ ᠠᠵᠢᠯ ᠤᠨ ᠢᠶᠠᠨ ᠵᠠᠪ ᠴᠢᠯᠦᠭᠡ ᠶᠢ ᠵᠠᠶᠢᠴᠢᠯᠠᠵᠤ᠂ ᠥᠪᠡᠷ ᠤᠨ ᠳᠤᠷ᠎ᠠ ᠰᠣᠨᠢᠷᠬᠠᠯ ᠳᠤ ᠪᠠᠨ ᠰᠠᠭᠤᠷᠢᠯᠠᠨ ᠵᠢᠰᠦ ᠭᠤᠶᠣᠯᠠᠯ ᠤᠨ ᠠᠵᠢᠯ ᠬᠢᠳᠡᠭ ᠪᠥᠭᠡᠳ ᠵᠠᠬᠢᠶᠠᠯᠠᠭ᠎ᠠ ᠪᠠᠷ ᠪᠣᠣᠪᠤ ᠪᠤᠭᠤᠷᠰᠤᠭ ᠬᠢᠵᠦ ᠬᠤᠳᠠᠯᠳᠤᠳᠠᠭ᠃        ᠥᠰᠬᠦ ᠮᠠᠯ ᠤᠨ ᠵᠢᠰᠦ ᠨᠢ ᠨᠢᠭᠡ᠂ ᠥᠭᠡᠳᠡᠯᠡᠬᠦ ᠠᠶᠢᠯ ᠤᠨ ᠥᠩᠭᠡ ᠨᠢ ᠨᠢᠭᠡ ᠭᠡᠭᠴᠢ ᠪᠠᠷ ᠡᠳᠡᠨᠡᠶᠢᠭᠢᠨ ᠠᠶᠢᠯ ᠭᠡᠷ ᠤᠨ ᠢᠶᠠᠨ ᠰᠠᠶᠢᠨ ᠰᠠᠶᠢᠬᠠᠨ ᠠᠮᠢᠳᠤᠷᠠᠯ ᠤᠨ ᠲᠥᠯᠥᠭᠡ ᠬᠥᠭᠰᠢᠨ ᠵᠠᠯᠠᠭᠤ ᠦᠭᠡᠢ ᠬᠦᠴᠦᠯᠡᠨ ᠵᠢᠳᠬᠦᠵᠦ᠂ ᠥᠩᠭᠡ ᠲᠠᠢ ᠥᠭᠡᠳᠡ ᠲᠠᠢ ᠠᠮᠢᠳᠤᠷᠠᠨ ᠰᠠᠭᠤᠷᠢᠰᠢᠵᠤ ᠪᠠᠶᠢᠭ᠎ᠠ ᠨᠢ ᠪᠠᠭ᠋ᠠᠷᠤᠯᠲᠠᠢ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号