ᠰᠣᠨᠣᠷ ᠰᠡᠷᠡᠮᠵᠢ ᠪᠠᠨ ᠲᠡᠭᠡᠭᠰᠢᠯᠡᠭᠦᠯᠵᠤ ᠰᠦᠯᠵᠢᠶᠡᠨ ᠤ ᠮᠡᠬᠡᠯᠡᠯ ᠠᠴᠠ ᠬᠢᠴᠢᠶᠡᠶ᠎ᠡ
ᠨᠡᠶᠢᠲᠡᠯᠡᠭᠰᠡᠨ ᠴᠠᠭ᠄
2024/3/13
     ᠴᠠᠭᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠤᠨ ᠠᠷᠭ᠎ᠠ ᠪᠠᠷᠢᠯ ᠲᠠᠰᠤᠷᠠᠯᠲᠠ ᠦᠭᠡᠢ ᠰᠢᠨᠡᠳᠴᠦ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠢᠨ ᠣᠶᠢᠷ᠎ᠠ ᠶᠢᠨ ᠬᠤᠭᠤᠴᠠᠭᠠᠨ ᠳᠤ ᠳᠡᠩᠨᠡᠨ ᠪᠠᠶᠢᠴᠠᠭᠠᠭᠰᠠᠨ ᠴᠠᠭᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠤᠨ ᠬᠡᠷᠡᠭ ᠲᠠᠢ ᠤᠶᠠᠯᠳᠤᠭᠤᠯᠤᠨ᠂ ᠴᠠᠭᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠭᠴᠢᠳ ᠤᠨ ᠦᠷᠭᠦᠯᠵᠢ ᠠᠰᠢᠭᠯᠠᠳᠠᠭ ᠬᠡᠳᠦᠨ ᠵᠦᠢᠯ ᠤᠨ ᠮᠡᠬᠡᠯᠡᠯ ᠤᠨ ᠨᠢᠭᠤᠴᠠ ᠶᠢ ᠢᠯᠡᠴᠢᠯᠡᠵᠦ᠂ ᠠᠷᠠᠳ ᠢᠷᠭᠡᠳ ᠤᠨ ᠮᠥᠩᠭᠦ ᠵᠣᠭᠤᠰ ᠢᠶᠠᠨ ᠮᠡᠬᠡᠯᠡᠭᠳᠡᠬᠦ ᠠᠴᠠ ᠬᠢᠴᠢᠶᠡᠬᠦ ᠶᠢ ᠣᠨᠴᠠᠭᠠᠶᠢᠯᠠᠨ ᠰᠠᠨᠠᠭᠤᠯᠵᠠᠢ᠃ᠮᠡᠬᠡᠯᠡᠯ ᠨᠢᠭᠡ᠄  ︽ᠪᠠᠲᠤᠲᠠᠢ ᠬᠤᠨᠵᠢᠬᠤ ᠠᠴᠠ ᠪᠢᠰᠢ ᠬᠤᠨᠵᠢᠭᠳᠠᠬᠤ ᠦᠭᠡᠢ︾      APP ᠶᠢ ᠰᠠᠭᠤᠯᠭᠠᠪᠠᠯ ᠳᠠᠷᠤᠢ ᠪᠡᠯᠡ ᠣᠷᠣᠭᠤᠯᠤᠨ ᠡᠳ᠋ ᠤᠨ ᠶᠠᠪᠤᠳᠠᠯ ᠢ ᠬᠠᠮᠢᠶᠠᠷᠴᠤ ᠪᠣᠯᠣᠨ᠎ᠠ᠂ ᠬᠡᠳᠦᠢ ᠠᠷᠪᠢᠨ ᠪᠡᠯᠡ ᠣᠷᠣᠭᠤᠯᠪᠠᠯ ᠲᠡᠳᠦᠢ ᠶᠡᠭᠡ ᠣᠯᠵᠤ᠂ ᠨᠢᠭᠡ ᠯᠡ ᠳᠣᠶ᠋ᠢᠪᠠᠯ ᠪᠡᠯᠡᠨ ᠵᠣᠭᠤᠰ ᠭᠠᠷᠭᠠᠨ ᠠᠪᠴᠤ᠂ ᠳᠠᠷᠤᠢ  ᠳᠤᠨᠢ ᠲᠠᠩᠰᠠᠨ ᠳᠤ ᠣᠷᠣᠨ᠎ᠠ ᠁ ᠡᠨᠡ ᠶᠢ ᠬᠠᠷᠠᠭᠠᠳ ᠤᠯᠠᠨᠬᠭᠢ ᠬᠥᠮᠥᠰ ᠮᠠᠰᠢ ᠰᠡᠳᠬᠢᠯ ᠬᠥᠳᠡᠯᠬᠦ ᠪᠠᠶᠢᠬ᠎ᠠ︖ ᠪᠡᠯᠡ ᠣᠷᠣᠭᠤᠯᠵᠤ ᠡᠳ᠋ ᠤᠨ ᠶᠠᠪᠤᠳᠠᠯ ᠢ ᠬᠠᠮᠢᠶᠠᠷᠬᠤ ᠪᠣᠯ ᠬᠥᠮᠥᠰ ᠤᠨ ᠵᠣᠭᠤᠰ ᠮᠥᠩᠭᠦ ᠶᠢ ᠬᠠᠮᠢᠶᠠᠷᠬᠤ ᠨᠢᠭᠡ ᠵᠦᠢᠯ ᠤᠨ ᠠᠷᠭ᠎ᠠ ᠭᠡᠯᠪᠡᠷᠢ ᠮᠥᠨ᠂ ᠮᠡᠬᠡᠯᠡᠭᠴᠢ ᠴᠦ ᠡᠨᠡ ᠬᠦ ᠴᠠᠭ ᠲᠣᠭᠢᠶᠠᠯ ᠢ ᠠᠯᠳᠠᠵᠤ ᠶᠠᠪᠤᠭᠤᠯᠬᠤ ᠦᠭᠡᠢ ᠪᠠᠶᠢᠵᠤ᠂ ᠲᠠᠨ ᠤ ᠪᠡᠯᠡ ᠣᠷᠣᠭᠤᠯᠵᠤ ᠡᠳ᠋ ᠤᠨ ᠶᠠᠪᠤᠳᠠᠯ ᠢ ᠬᠠᠮᠢᠶᠠᠷᠬᠤ ᠦᠶ᠎ᠡ ᠳᠤ ᠲᠡᠳᠡ ᠨᠢᠭᠡᠨᠲᠡ ᠮᠡᠬᠡᠯᠡᠯ ᠤᠨ ᠭᠠᠷ ᠢᠶᠠᠨ ᠲᠠᠨ ᠤ︽ᠬᠠᠷᠮᠠᠨ︾ ᠳᠤ ᠰᠢᠷᠭᠤᠭᠤᠯᠤᠭᠰᠠᠨ ᠪᠠᠶᠢᠳᠠᠭ᠃      ᠬᠤᠲᠠ ᠶᠢᠨ ᠠᠷᠠᠳ ᠵᠠᠩ ᠠᠪᠤᠭᠠᠢ ᠴᠠᠭᠳᠠᠭ᠎ᠠ ᠳᠤ ᠬᠡᠷᠡᠭ ᠮᠡᠳᠡᠭᠦᠯᠬᠦ ᠳᠡᠭᠡᠨ᠂ ᠲᠡᠷᠡ ᠣᠬᠤᠷ ᠸᠢᠳᠢᠤ᠋ ᠪᠠᠷ ᠰᠠᠨᠠᠮᠰᠠᠷ ᠦᠭᠡᠢ ᠪᠡᠯᠡ ᠣᠷᠣᠭᠤᠯᠤᠯᠲᠠ ᠶᠢᠨ ᠲᠡᠮᠳᠡᠭᠲᠦ ᠶᠢᠨ ᠮᠡᠳᠡᠯᠭᠡ ᠶᠢᠨ ᠬᠠᠮᠢᠶᠠᠲᠠᠢ ᠪᠢᠴᠢᠯᠭᠡ ᠣᠯᠵᠤ ᠬᠠᠷᠠᠭᠠᠳ᠂ ᠨᠠᠩ ᠣᠯᠠᠨ ᠪᠡᠯᠡ ᠣᠷᠣᠭᠤᠯᠤᠯᠲᠠ ᠶᠢᠨ ᠡᠳ᠋ ᠤᠨ ᠶᠠᠪᠤᠳᠠᠯ ᠤᠨ ᠬᠠᠮᠢᠶᠠᠷᠤᠯᠲᠠ ᠶᠢᠨ ᠤᠷ᠎ᠠ ᠮᠡᠷᠭᠡᠵᠢᠯ ᠢ ᠰᠤᠷᠤᠯᠴᠠᠬᠤ ᠶᠢᠨ ᠲᠥᠯᠥᠭᠡ᠂ ᠪᠢᠴᠢᠯᠭᠡ ᠳᠡᠭᠡᠷᠡᠬᠢ QQ ᠳ᠋ᠤᠭᠠᠷ ᠢ ᠨᠡᠮᠡᠵᠦ ᠨᠥᠭᠦᠭᠡ ᠬᠥᠮᠥᠨ ᠲᠠᠢ ᠬᠠᠷᠢᠯᠴᠠᠭᠰᠠᠨ ᠭᠡᠵᠡᠢ᠃ ᠤᠳᠠᠯ ᠦᠭᠡᠢ ᠨᠥᠭᠦᠭᠡ ᠬᠥᠮᠥᠨ ᠨᠢ ᠲᠡᠭᠦᠨ ᠢ ᠨᠢᠭᠡ ᠬᠤᠯᠪᠤᠭ᠎ᠠ ᠳᠤ ᠣᠷᠣᠭᠤᠯᠪᠠ᠃ ᠬᠤᠯᠪᠤᠭ᠎ᠠ ᠳᠤ ᠵᠠᠷᠢᠮ ᠨᠢᠭᠡ ᠨᠢ ᠦᠨᠡᠲᠦ ᠲᠡᠮᠳᠡᠭᠲᠦ ᠪᠣᠯᠣᠨ ᠰᠲ᠋ᠣᠺ ᠤᠨ ᠲᠤᠬᠠᠢ ᠮᠡᠳᠡᠯᠭᠡ ᠶᠢ ᠲᠠᠨᠢᠯᠴᠠᠭᠤᠯᠤᠭᠰᠠᠨ ᠳᠤ ᠵᠠᠩ ᠠᠪᠤᠭᠠᠢ ᠵᠢᠭᠠᠪᠤᠷᠢ ᠶᠣᠰᠣᠭᠠᠷ ᠨᠢᠭᠡ ᠵᠦᠢᠯ ᠤᠨ ᠬᠠᠭᠤᠷᠮᠠᠭ ᠰᠲ᠋ᠣᠺ ᠠᠷᠠᠯᠵᠢᠶᠠᠯᠠᠬᠤ APP ᠰᠠᠭᠤᠯᠭᠠᠭᠰᠠᠨ ᠪᠥᠭᠡᠳ ᠬᠤᠶᠢᠨ᠎ᠠ ᠡᠮᠦᠨ᠎ᠡ 7 ᠤᠳᠠᠭ᠎ᠠ ᠲᠤᠰ APP ᠲᠤ ︽ᠰᠲ᠋ᠣᠺ ᠠᠷᠠᠯᠵᠢᠶᠠᠯᠠᠬᠤ︾  ᠪᠠᠷ ᠵᠣᠭᠤᠰ ᠨᠡᠮᠡᠵᠦ ᠠᠪᠴᠠᠢ᠃ APP ᠳᠣᠲᠣᠷᠠᠬᠢ ︽ᠠᠰᠢᠭ ᠣᠷᠣᠯᠭ᠎ᠠ︾ ᠨᠢ ᠨᠡᠮᠡᠭᠳᠡᠭᠰᠡᠨ ᠤ ᠳᠠᠷᠠᠭ᠎ᠠ᠂ ᠲᠡᠷᠡ ᠮᠥᠩᠭᠦ ᠪᠠᠨ ᠭᠠᠷᠭᠠᠨ ᠠᠪᠬᠤ ᠭᠡᠰᠡᠨ ᠳᠤ ᠬᠠᠷᠢᠨ ᠪᠡᠯᠡᠨ ᠵᠣᠭᠤᠰ ᠭᠠᠷᠭᠠᠨ ᠠᠪᠴᠤ ᠴᠢᠳᠠᠬᠤ ᠦᠭᠡᠢ ᠪᠣᠯᠵᠠᠢ᠃ ᠲᠡᠭᠡᠭᠡᠳ ᠲᠡᠷᠡ ᠦᠢᠯᠡᠴᠢᠯᠡᠭᠴᠢ ᠠᠴᠠ ᠠᠰᠠᠭᠤᠨ ᠯᠠᠪᠯᠠᠭᠰᠠᠨ ᠳᠤ ᠨᠥᠭᠦᠭᠡ ᠡᠲᠡᠭᠡᠳ ᠨᠢ ᠬᠠᠷᠢᠨ ᠲᠡᠭᠦᠨ ᠳᠤ ᠪᠡᠯᠡᠨ ᠵᠣᠭᠤᠰ ᠭᠠᠷᠭᠠᠨ ᠠᠪᠬᠤ ᠭᠡᠪᠡᠯ ᠠᠬᠢᠭᠠᠳ ᠵᠣᠭᠤᠰ ᠢᠶᠠᠨ ᠨᠡᠮᠡᠵᠦ ᠬᠢᠬᠦ ᠬᠡᠷᠡᠭᠲᠡᠢ ᠭᠡᠵᠡᠢ᠃ ᠡᠨᠡ ᠦᠶᠡᠰ ᠵᠠᠩ ᠠᠪᠤᠭᠠᠢ ᠰᠠᠶ᠋ᠢ ᠥᠪᠡᠷ ᠤᠨ ᠮᠡᠬᠡᠯᠡᠭᠳᠡᠭᠰᠡᠨ ᠢᠶᠠᠨ ᠰᠡᠷᠡᠵᠦ ᠮᠡᠳᠡᠭᠰᠡᠨ ᠴᠦ ᠨᠢᠭᠡᠨᠲᠡ 24 ᠲᠦᠮᠡᠨ ᠲᠥᠭᠦᠷᠢᠭ ᠬᠤᠬᠢᠷᠠᠭᠰᠠᠨ ᠪᠠᠶᠢᠨ᠎ᠠ᠃      ᠴᠠᠭᠳᠠᠭᠠᠨ ᠤ ᠲᠠᠯ᠎ᠠ ᠶᠢᠨ ᠰᠠᠨᠠᠭᠤᠯᠤᠮᠵᠢ᠄ ᠪᠡᠯᠡ ᠣᠷᠣᠭᠤᠯᠵᠤ ᠡᠳ᠋ ᠤᠨ ᠶᠠᠪᠤᠳᠠᠯ ᠢ ᠬᠠᠮᠢᠶᠠᠷᠬᠤ ᠳᠤ ᠵᠠᠪᠠᠯ ᠬᠠᠤᠯᠢ ᠶᠣᠰᠣᠨ ᠤ ᠠᠷᠭ᠎ᠠ ᠵᠠᠮ ᠢᠶᠠᠷ ᠳᠠᠮᠵᠢᠬᠤ ᠬᠡᠷᠡᠭᠲᠡᠢ᠂ ᠪᠤᠰᠤᠳ ᠤᠨ ᠲᠠᠨᠢᠯᠴᠠᠭᠤᠯᠤᠭᠰᠠᠨ ᠢᠷᠡᠯᠲᠡ ᠨᠢ ᠲᠣᠳᠣᠷᠬᠠᠢ ᠦᠭᠡᠢ APP ᠶᠢ ᠳᠤᠷ᠎ᠠ ᠪᠠᠷ ᠰᠠᠭᠤᠯᠭᠠᠵᠤ ᠪᠤᠯᠬᠤ ᠦᠭᠡᠢ;︽ᠮᠡᠷᠭᠡᠵᠢᠯ ᠤᠨ ᠵᠢᠯᠣᠭᠤᠳᠤᠮᠵᠢ︾᠂︽ᠶᠡᠭᠡ ᠬᠡᠮᠵᠢᠶᠡᠨ ᠤ ᠤᠷᠤᠯᠭ᠎ᠠ ᠬᠠᠷᠠᠮᠵᠢ︾᠂ ︽ᠪᠠᠲᠤᠲᠠᠢ ᠬᠤᠨᠵᠢᠬᠤ ᠠᠴᠠ ᠪᠢᠰᠢ ᠬᠤᠨᠵᠢᠭᠳᠠᠬᠤ ᠦᠭᠡᠢ︾ ᠭᠡᠬᠦ ᠮᠡᠲᠦ ᠶᠢᠨ ᠰᠦᠯᠵᠢᠶ᠎ᠡ ᠪᠠᠷ ᠪᠡᠯᠡ ᠣᠷᠣᠭᠤᠯᠵᠤ ᠡᠳ᠋ ᠤᠨ ᠶᠠᠪᠤᠳᠠᠯ ᠢ ᠬᠠᠮᠢᠶᠠᠷᠴᠤ ᠪᠣᠷᠣᠯᠠᠭᠤᠯᠬᠤ ᠶᠢ ᠢᠲᠡᠭᠡᠵᠦ ᠪᠤᠯᠬᠤ ᠦᠭᠡᠢ᠂ ᠲᠠᠷᠢᠬᠢ ᠲᠣᠯᠣᠭᠠᠢ ᠪᠠᠨ ᠰᠡᠷᠭᠡᠭ ᠪᠠᠶᠢᠯᠭᠠᠬᠤ ᠭᠡᠷᠡᠭᠲᠡᠶ;ᠲᠠᠨᠢᠯ ᠪᠤᠰᠤ ᠬᠥᠮᠥᠨ ᠳᠤ ᠪᠡᠶ᠎ᠡ ᠶᠢᠨ ᠦᠨᠡᠮᠯᠡᠯ᠂ ᠪᠠᠩᠬᠢ ᠶᠢᠨ ᠳ᠋ᠤᠭᠠᠷ᠂ ᠨᠢᠭᠤᠴᠠ ᠨᠣᠮᠧᠷ᠂ ᠰᠢᠯᠭᠠᠬᠤ ᠨᠣᠮᠧᠷ ᠵᠡᠷᠭᠡ ᠮᠡᠳᠡᠭᠡ ᠵᠠᠩᠭᠢ ᠶᠢ ᠬᠠᠩᠭᠠᠵᠤ ᠪᠤᠯᠬᠤ ᠥᠭᠡᠶ;ᠲᠠᠨᠢᠯ ᠪᠤᠰᠤ ᠬᠥᠮᠥᠨ ᠤ ᠢᠯᠡᠭᠡᠭᠰᠡᠨ ᠬᠤᠶᠠᠷ ᠬᠡᠮᠵᠢᠯᠲᠦ ᠺᠣᠳ᠋ ᠢ ᠰᠢᠷᠪᠢᠬᠦ ᠦᠭᠡᠢ;ᠢᠷᠡᠯᠲᠡ ᠨᠢ ᠲᠣᠳᠣᠷᠬᠠᠢ ᠪᠤᠰᠤ ᠰᠦᠯᠵᠢᠶᠡᠨ ᠤ ᠬᠤᠯᠪᠣᠭᠠᠰᠤ ᠶᠢ ᠲᠣᠪᠴᠢᠳᠠᠵᠤ ᠳᠠᠷᠤᠬᠤ ᠦᠭᠡᠢ᠃ᠮᠡᠬᠡᠯᠡᠯ ᠬᠤᠶᠠᠷ᠄ ︽ᠢᠲᠡᠭᠡᠮᠵᠢ ᠶᠢᠨ ᠮᠡᠳᠡᠭᠡ ᠵᠠᠩᠭᠢ ᠶᠢ ᠴᠢᠨᠢ ᠬᠠᠪᠰᠤᠷᠴᠤ ᠥᠭᠡᠷᠡᠴᠢᠯᠡᠬᠦ︾      ᠬᠤᠲᠠ ᠶᠢᠨ ᠠᠷᠠᠳ ᠸᠠᠩ ᠠᠪᠤᠭᠠᠢ ᠴᠠᠭᠳᠠᠭ᠎ᠠ ᠳᠤ᠂ ᠥᠪᠡᠷ ᠢ ᠪᠠᠨ ᠶᠠᠮᠠᠷ ᠨᠢᠭᠡᠨ ᠢᠲᠡᠭᠡᠮᠵᠢᠲᠦ ᠵᠢᠭᠡᠯᠡᠯᠭᠡ ᠶᠢᠨ ᠦᠢᠯᠡᠴᠢᠯᠡᠭᠴᠢ ᠶᠢᠨ ᠤᠲᠠᠰᠤ ᠲᠤᠰᠴᠦ᠂ ᠲᠠ ᠶᠠᠮᠠᠷ ᠨᠢᠭᠡᠨ ᠢᠲᠡᠭᠡᠮᠵᠢᠲᠦ ᠵᠢᠭᠡᠯᠡᠯᠭᠡ ᠶᠢ ᠬᠡᠷᠡᠭᠯᠡᠵᠦ ᠥᠩᠭᠡᠷᠡᠭᠰᠡᠨ ᠠᠴᠠ ᠡᠶᠢᠮᠦ ᠠᠵᠢᠯᠯᠠᠭ᠎ᠠ ᠨᠢ ᠲᠠᠨ ᠤ ᠢᠲᠡᠭᠡᠮᠵᠢ ᠶᠢᠨ ᠮᠡᠳᠡᠭᠡ ᠵᠠᠩᠭᠢ ᠶᠢ ᠨᠥᠯᠥᠭᠡᠯᠡᠬᠦ ᠪᠣᠯᠣᠨ᠎ᠠ ᠭᠡᠵᠡᠢ᠃ ᠢᠩᠭᠢᠭᠡᠳ ᠨᠥᠭᠦᠭᠡ ᠡᠲᠡᠭᠡᠳ ᠤᠨ ᠢᠶᠠᠨ ᠵᠢᠭᠠᠭᠰᠠᠨ ᠶᠣᠰᠣᠭᠠᠷ᠂ ᠸᠠᠩ ᠠᠪᠤᠭᠠᠢ ᠬᠠᠭᠤᠷᠮᠠᠭ ᠢᠲᠡᠭᠡᠮᠵᠢ ᠶᠢᠨ ᠮᠡᠳᠡᠭᠡ ᠵᠠᠩᠭᠢ ᠶᠢᠨ ᠰᠦᠯᠵᠢᠶ᠎ᠡ ᠶᠢ ᠨᠡᠭᠡᠭᠡᠵᠦ᠂ ᠪᠠᠰᠠ ᠡᠭᠦᠯᠡᠨ ᠰᠣᠹᠲ ᠪᠠᠭᠤᠯᠭᠠᠨ ᠠᠪᠴᠤ ᠨᠥᠭᠦᠭᠡ ᠡᠲᠡᠭᠡᠳ ᠲᠠᠢ ᠤᠲᠠᠰᠤ ᠪᠠᠷ ᠶᠠᠷᠢᠯᠴᠠᠪᠠ᠃ ᠨᠥᠭᠦᠭᠡ ᠡᠲᠡᠭᠡᠳ ᠤᠨ ᠬᠡᠯᠡᠬᠦ ᠪᠠᠷ᠂ ᠬᠤᠶᠠᠷ ᠬᠡᠮᠵᠢᠯᠲᠦ ᠺᠣᠳ᠋ ᠢ ᠤᠩᠰᠢᠭᠤᠯᠵᠤ ᠲᠠᠩᠰᠠ ᠰᠢᠯᠵᠢᠭᠦᠯᠪᠡᠯ ᠢᠲᠡᠭᠡᠮᠵᠢ ᠶᠢᠨ ᠮᠡᠳᠡᠭᠡ ᠵᠠᠩᠭᠢ ᠶᠢᠨ ᠬᠠᠷ᠎ᠠ ᠲᠠᠩᠰᠠ ᠶᠢ ᠠᠷᠢᠯᠭᠠᠵᠤ ᠪᠤᠯᠬᠤ ᠪᠥᠭᠡᠳ ᠰᠢᠯᠵᠢᠭᠦᠯᠦᠭᠰᠡᠨ ᠮᠥᠩᠭᠦ ᠶᠢ ᠤᠤᠯ ᠤᠨ ᠵᠠᠮ ᠢᠶᠠᠷ ᠢᠶᠠᠨ ᠪᠤᠴᠠᠭᠠᠵᠤ ᠥᠭᠭᠦᠨ᠎ᠡ ᠭᠡᠵᠡᠢ᠃ ᠸᠠᠩ ᠠᠪᠤᠭᠠᠢ ᠦᠨᠡᠮᠰᠢᠵᠦ᠂ ᠨᠥᠭᠦᠭᠡ ᠡᠲᠡᠭᠡᠳ ᠲᠤ ᠬᠤᠶᠢᠨ᠎ᠠ ᠡᠮᠦᠨ᠎ᠡ 8 ᠤᠳᠠᠭ᠎ᠠ ᠳᠠᠩᠰᠠ ᠰᠢᠯᠵᠢᠭᠦᠯᠦᠭᠰᠡᠨ ᠪᠤᠯᠪᠠᠴᠤ ᠵᠣᠭᠤᠰ ᠨᠢ ᠪᠤᠴᠠᠵᠤ ᠢᠷᠡᠭᠰᠡᠨ ᠦᠭᠡᠢ ᠪᠣᠯᠬᠤᠷ ᠰᠠᠶ᠋ᠢ ᠮᠡᠬᠡᠯᠡᠭᠳᠡᠭᠰᠡᠨ ᠢᠶᠠᠨ ᠰᠡᠷᠡᠵᠦ᠂ ᠨᠡᠶᠢᠲᠡ 16 ᠲᠦᠮᠡ ᠭᠠᠷᠤᠢ ᠲᠥᠭᠦᠷᠢᠭ ᠤᠨ ᠬᠤᠬᠢᠷᠠᠯ ᠳᠤ ᠤᠴᠠᠷᠠᠵᠠᠢ᠃      ᠴᠠᠭᠳᠠᠭᠠᠨ ᠤ ᠲᠠᠯ᠎ᠠ ᠶᠢᠨ ᠰᠠᠨᠠᠭᠤᠯᠤᠮᠵᠢ᠄ ᠬᠤᠪᠢ ᠬᠥᠮᠥᠨ ᠤ ᠢᠲᠡᠭᠡᠮᠵᠢ ᠶᠢᠨ ᠮᠡᠳᠡᠭᠡ ᠵᠠᠩᠭᠢ ᠶᠢ ᠳᠤᠮᠳᠠᠳᠤ ᠤᠯᠤᠰ ᠤᠨ ᠠᠷᠠᠳ ᠤᠨ ᠪᠠᠩᠬᠢ ᠪᠣᠯᠣᠨ ᠲᠡᠭᠦᠨ ᠤ ᠲᠣᠮᠢᠯᠠᠭᠰᠠᠨ ᠪᠠᠶᠢᠭᠤᠯᠤᠮᠵᠢ ᠠᠴᠠ ᠨᠢᠭᠡᠳᠦᠯᠲᠡᠢ ᠬᠠᠮᠢᠶᠠᠷᠤᠨ᠎ᠠ᠂ ᠶᠠᠮᠠᠷᠪᠠ ᠪᠠᠶᠢᠭᠤᠯᠤᠮᠵᠢ ᠪᠤᠶᠤ ᠬᠤᠪᠢ ᠬᠥᠮᠥᠨ ᠳᠤ ᠪᠠᠯᠠᠯᠬᠤ ᠪᠤᠶᠤ ᠵᠠᠰᠠᠬᠤ ᠡᠷᠬᠡ ᠦᠭᠡᠢ᠂ ︽ᠢᠲᠡᠭᠡᠮᠵᠢ ᠶᠢᠨ ᠮᠡᠳᠡᠭᠡ ᠵᠠᠩᠭᠢ ᠶᠢᠨ ᠬᠠᠷ᠎ᠠ ᠳᠠᠩᠰᠠ ᠶᠢ ᠠᠷᠢᠯᠭᠠᠬᠤ︾ ᠳᠤ ᠬᠤᠯᠪᠣᠭᠳᠠᠭᠰᠠᠨ ᠬᠡᠯᠡᠯᠭᠡ ᠴᠥᠮ ᠮᠡᠬᠡᠯᠡᠯ ᠮᠥᠨ᠃ ᠢᠨᠲ᠋ᠧᠷ ᠰᠦᠯᠵᠢᠶᠡᠨ ᠤ ᠲᠠᠪᠴᠠᠩ ᠳᠠᠬᠢ ᠬᠡᠷᠡᠭᠯᠡᠭᠴᠢᠳ ᠤᠨ ᠦᠢᠯᠡᠴᠢᠯᠡᠭᠡ ᠨᠢ ᠬᠤᠪᠢ ᠬᠥᠮᠥᠨ ᠤ ᠭᠠᠷ ᠤᠲᠠᠰᠤᠨ ᠤ ᠨᠣᠮᠧᠷ ᠪᠤᠶᠤ ᠪᠤᠰᠤᠳ ᠠᠯᠪᠠᠨ ᠤ ᠪᠤᠰᠤ ᠨᠡᠶᠢᠭᠡᠮ ᠤᠨ ᠬᠠᠷᠢᠯᠴᠠᠭᠠᠨ ᠤ ᠠᠷᠭ᠎ᠠ ᠮᠠᠶ᠋ᠢᠭ ᠢᠶᠠᠷ ᠬᠡᠷᠡᠭᠯᠡᠭᠴᠢ ᠲᠠᠢ ᠬᠠᠷᠢᠯᠴᠠᠬᠤ ᠦᠭᠡᠢ ᠶᠤᠮ᠃  ︽ᠦᠢᠯᠡᠴᠢᠯᠡᠭᠴᠢ ᠶᠢᠨ ᠦᠢᠯᠡᠴᠢᠯᠡᠭᠡ︾ ᠠᠴᠠ ᠢᠷᠡᠭᠦᠯᠦᠭᠰᠡᠨ ᠤᠲᠠᠰᠤ ᠶᠢ ᠲᠤᠰᠬᠤ ᠳᠠᠭᠠᠨ ᠰᠣᠨᠣᠷ ᠰᠡᠷᠡᠮᠵᠢ ᠪᠠᠨ ᠳᠡᠭᠡᠭᠰᠢᠯᠡᠭᠦᠯᠵᠦ᠂ ᠬᠤᠪᠢ ᠬᠥᠮᠥᠨ ᠤ ᠮᠡᠳᠡᠭᠡ ᠵᠠᠩᠭᠢ ᠶᠢ ᠭᠢᠯᠪᠠᠷᠬᠠᠨ ᠢᠶᠠᠷ ᠵᠠᠳᠠᠷᠠᠭᠤᠯᠵᠤ ᠪᠤᠯᠬᠤ ᠥᠭᠡᠶ;ᠭᠡᠷᠪᠡ ᠮᠠᠳᠠᠭ ᠲᠠᠢ ᠪᠣᠯ ᠲᠠᠪᠴᠠᠩ ᠤᠨ ᠠᠯᠪᠠᠨ ᠤ ᠲᠠᠯ᠎ᠠ ᠶᠢᠨ ᠦᠢᠯᠡᠴᠢᠯᠡᠭᠡᠨ ᠤ ᠤᠲᠠᠰᠤ ᠪᠠᠷ ᠰᠢᠭᠤᠳ ᠬᠠᠷᠭᠤᠭᠤᠯᠵᠤ ᠪᠣᠯᠣᠨ᠎ᠠ᠃ ᠨᠠᠶᠢᠵᠠ ᠶᠢᠨ ᠢᠶᠠᠨ ᠳᠡᠯᠭᠡᠴᠡ ᠬᠤᠪᠢᠶᠠᠯᠴᠠᠨ ᠨᠡᠮᠡᠬᠦ ᠭᠤᠶᠤᠴᠢᠯᠠᠯ ᠳᠤ ᠪᠣᠯᠭᠤᠮᠵᠢᠲᠠᠢ ᠬᠠᠨᠳᠤᠬᠤ ᠬᠡᠷᠡᠭᠲᠡᠢ᠂ ᠰᠠᠶᠢᠨ ᠨᠠᠶᠢᠵᠠ ᠶᠢᠨ ᠳᠡᠯᠭᠡᠴᠡ ᠬᠤᠪᠢᠶᠠᠯᠴᠠᠨ ᠨᠡᠮᠡᠬᠦ ᠪᠣᠯ ᠬᠠᠭᠤᠷᠮᠠᠭ ᠢᠲᠡᠭᠡᠮᠵᠢ ᠶᠢᠨ ᠮᠡᠳᠡᠭᠡ ᠵᠠᠩᠭᠢ ᠶᠢᠨ ᠲᠥᠷᠥᠯ ᠤᠨ ᠮᠡᠬᠡᠯᠡᠯ ᠤᠨ ᠨᠡᠶᠢᠲᠡᠯᠢᠭ ᠠᠷᠭ᠎ᠠ ᠵᠠᠮ ᠮᠥᠨ᠂ ᠭᠢᠯᠪᠠᠷᠬᠠᠨ ᠢᠶᠠᠷ ᠸᠢᠳᠢᠤ᠋ ᠪᠠᠷ ᠵᠣᠭᠤᠭᠳᠠᠬᠤ ᠪᠤᠶᠤ ᠳᠡᠯᠭᠡᠴᠡ ᠬᠤᠪᠢᠶᠠᠯᠴᠠᠬᠤ ᠰᠣᠹᠲ ᠢ ᠰᠠᠭᠤᠯᠭᠠᠵᠤ ᠲᠠᠨᠢᠯ ᠪᠤᠰᠤ ᠬᠥᠮᠥᠨ ᠲᠠᠢ ᠵᠣᠭᠤᠭᠳᠠᠵᠤ ᠪᠤᠯᠬᠤ ᠦᠭᠡᠢ᠂ ᠨᠠᠩ ᠴᠤ ᠳᠡᠯᠭᠡᠴᠡ ᠬᠤᠪᠢᠶᠠᠯᠴᠠᠨ ᠪᠠᠩᠬᠢ ᠶᠢᠨ ᠲᠠᠩᠰᠠᠨ ᠤ ᠠᠵᠢᠯᠯᠠᠭ᠎ᠠ ᠬᠢᠵᠦ ᠪᠤᠯᠬᠤ ᠦᠭᠡᠢ᠂ ᠬᠤᠪᠢ ᠬᠥᠮᠥᠨ ᠤ ᠮᠡᠳᠡᠭᠡ ᠵᠠᠩᠭᠢ ᠶᠢ ᠵᠠᠳᠠᠷᠠᠭᠤᠯᠬᠤ ᠠᠴᠠ ᠰᠡᠷᠭᠡᠶᠢᠯᠡᠬᠦ ᠬᠡᠷᠡᠭᠲᠡᠢ᠃ᠮᠡᠬᠡᠯᠡᠯ ᠭᠤᠷᠪᠠ᠄ ᠲᠠᠨᠢᠯ ᠪᠤᠰᠤ ᠲᠦᠷᠭᠡᠨ ᠬᠦᠷᠭᠡᠯᠲᠡ      ᠬᠤᠲᠠ ᠶᠢᠨ ᠠᠷᠠᠳ ᠸᠠᠩ ᠠᠪᠠᠭ᠋ᠠᠢ ᠴᠠᠭᠳᠠᠭ᠎ᠠ ᠳᠤ ᠬᠡᠷᠡᠭ ᠮᠡᠳᠡᠭᠦᠯᠬᠦ ᠳᠡᠭᠡᠨ᠂ ᠲᠡᠷᠡ ᠨᠢᠭᠡᠨ ᠲᠦᠷᠭᠡᠨ ᠬᠦᠷᠭᠡᠯᠲᠡ ᠲᠤᠰᠴᠠᠢ᠂ ᠲᠦᠷᠭᠡᠨ ᠬᠦᠷᠭᠡᠯᠲᠡ ᠳᠤ ᠬᠤᠶᠠᠷ ᠬᠡᠮᠵᠢᠯᠲᠦ ᠺᠣᠳ᠋ ᠲᠠᠢ ᠪᠤᠳᠤᠭᠲᠤ ᠺᠠᠷᠲ ᠬᠤᠶᠠᠷ ᠪᠤᠢ᠃ ᠸᠠᠩ ᠠᠪᠠᠭ᠋ᠠᠢ ᠰᠣᠨᠢᠷᠬᠠᠯ ᠲᠦᠷᠦᠭᠡᠳ ᠬᠤᠶᠠᠷ ᠬᠡᠮᠵᠢᠯᠲᠦ ᠺᠣᠳ᠋ ᠢ ᠤᠩᠰᠢᠭᠤᠯᠤᠭᠰᠠᠨ ᠳᠤ᠂ ᠨᠢᠭᠡᠨ ᠠᠵᠤ ᠠᠬᠤᠶᠢᠯᠠᠯ ᠤᠨ ᠠᠯᠪᠠᠨ ᠤ ᠳ᠋ᠤᠭᠠᠷ ᠢ ᠨᠡᠮᠡᠭᠰᠡᠨ ᠪᠥᠭᠡᠳ ᠨᠢᠭᠡᠨ ᠴᠤᠭᠯᠠᠷᠠᠯ ᠳᠤ ᠲᠠᠲᠠᠭᠳᠠᠨ ᠣᠷᠣᠵᠠᠢ᠃ ᠣᠯᠠᠨ ᠢᠶᠠᠷ ᠢᠶᠠᠨ ᠵᠣᠭᠤᠰ ᠮᠥᠩᠭᠦ ᠣᠯᠬᠤ ᠠᠷᠭ᠎ᠠ ᠵᠠᠮ ᠲᠠᠨᠢᠯᠴᠠᠭᠤᠯᠵᠤ ᠬᠡᠯᠡᠬᠦ ᠶᠢ ᠰᠣᠨᠣᠰᠤᠭᠠᠳ ᠸᠠᠩ ᠠᠪᠠᠭ᠋ᠠᠢ ᠨᠥᠭᠦᠭᠡ ᠡᠲᠡᠭᠡᠳ ᠤᠨ ᠢᠶᠠᠨ ᠵᠢᠭᠠᠭᠰᠠᠨ ᠶᠣᠰᠣᠭᠠᠷAPP ᠰᠠᠭᠤᠯᠭᠠᠨ ᠠᠪᠴᠤ ᠳᠠᠩᠰᠠ ᠰᠢᠯᠵᠢᠭᠦᠯᠦᠭᠰᠡᠨ ᠳᠤ ᠲᠦᠷᠦᠭᠦᠦ ᠬᠤᠶᠠᠷ ᠤᠳᠠᠭ᠎ᠠ ᠨᠢ ᠦᠨᠡᠬᠡᠷ ᠠᠰᠢᠭ ᠣᠯᠵᠠᠢ᠂ ᠭᠡᠪᠡᠴᠦ ᠳᠠᠷᠠᠭᠠᠴᠢ ᠶᠢᠨ ᠳᠠᠩᠰᠠ ᠶᠢ ᠰᠢᠯᠵᠢᠭᠦᠯᠵᠦ ᠠᠰᠢᠭ ᠬᠤᠨᠵᠢᠪᠤᠷᠢ ᠶᠢ ᠨᠢ ᠠᠪᠬᠤ ᠭᠡᠰᠡᠨ ᠳᠤ ᠭᠠᠷᠭᠠᠵᠤ ᠳᠡᠶᠢᠯᠭᠦ ᠦᠭᠡᠢ ᠪᠣᠯᠵᠠᠢ᠂ ᠢᠩᠭᠢᠭᠡᠳ ᠲᠡᠷᠡ ᠰᠠᠶ᠋ᠢ ᠮᠡᠬᠡᠯᠡᠭᠳᠡᠭᠰᠡᠨ ᠢᠶᠠᠨ ᠮᠡᠳᠡᠵᠦ᠂ ᠨᠡᠶᠢᠲᠡ 3 ᠲᠦᠮᠡ ᠭᠠᠷᠤᠢ ᠲᠥᠭᠦᠷᠢᠭ ᠬᠤᠬᠢᠷᠠᠭᠰᠠᠨ ᠪᠠᠶᠢᠨ᠎ᠠ᠃      ᠴᠠᠭᠳᠠᠭᠠᠨ ᠤ ᠲᠠᠯ᠎ᠠ ᠶᠢᠨ ᠰᠠᠨᠠᠭᠤᠯᠤᠮᠵᠢ᠄ ᠵᠠᠬᠢᠶᠠᠯᠠᠭ᠎ᠠ ᠶᠢᠨ ᠲᠥᠷᠥᠯ ᠤᠨ ᠮᠡᠬᠡᠯᠡᠯ ᠳᠤ᠂ ᠲᠦᠷᠦᠭᠦᠴᠢ ᠶᠢᠨ ᠬᠤᠭᠤᠴᠠᠭᠠᠨ ᠳᠤ ᠮᠡᠬᠡᠯᠡᠭᠴᠢ ᠨᠡᠶᠢᠭᠡᠮ ᠤᠨ ᠬᠠᠷᠢᠯᠴᠠᠭᠠᠨ ᠤ APP ᠢᠶᠠᠷ ᠳᠠᠮᠵᠢᠭᠤᠯᠤᠨ ᠬᠥᠮᠥᠨ ᠤ ᠰᠣᠨᠢᠷᠬᠠᠯ ᠢ ᠲᠠᠲᠠᠬᠤ ᠵᠠᠷ ᠨᠡᠶᠢᠲᠡᠯᠡᠵᠦ᠂ ᠬᠤᠬᠢᠷᠠᠯ ᠠᠮᠰᠠᠭᠴᠢ ᠶᠢ ᠲᠠᠲᠠᠵᠤ ᠲᠤᠰᠢᠶᠠᠯ ᠬᠠᠪᠰᠤᠷᠭᠠᠨ ᠵᠠᠬᠢᠶᠠᠯᠠᠭ᠎ᠠ ᠶᠢᠨ ᠬᠤᠬᠢᠷᠠᠯ ᠠᠮᠰᠠᠭᠴᠢ ᠠᠩᠬ᠎ᠠ ᠠᠯᠬᠤᠮ ᠤᠨ ᠳᠠᠩᠰᠠ ᠪᠤᠳᠤᠬᠤ ᠡᠭᠦᠷᠭᠡ ᠪᠠᠨ ᠪᠡᠶᠡᠯᠡᠭᠦᠯᠪᠡᠯ᠂ ᠮᠡᠬᠡᠯᠡᠭᠴᠢ ᠪᠠᠭ᠎ᠠ ᠲᠣᠭᠠᠨ ᠤ ᠬᠥᠯᠥᠰᠦᠨ ᠮᠥᠩᠭᠦ ᠶᠢ ᠪᠤᠴᠠᠭᠠᠨ ᠥᠭᠴᠦ ᠬᠤᠬᠢᠷᠠᠯ ᠠᠮᠰᠠᠭᠴᠢ ᠶᠢᠨ ᠢᠲᠡᠭᠡᠯ ᠢ ᠤᠯᠳᠠᠭ;ᠮᠡᠭᠡᠯᠡᠭᠴᠢ ᠢᠲᠡᠭᠡᠯ ᠢ ᠣᠯᠣᠭᠰᠠᠨ ᠤ ᠳᠠᠷᠠᠭ᠎ᠠ᠂ ᠲᠠᠩᠰᠠ ᠲᠠᠶᠢᠯᠬᠤ ᠵᠣᠭᠤᠰ ᠤᠨ ᠲᠤᠭ᠎ᠠ ᠨᠢ ᠢᠳᠡᠭ ᠢᠳᠡᠭ ᠢᠶᠠᠷ ᠨᠡᠮᠡᠭᠳᠡᠵᠦ᠂ ᠳᠠᠷᠠᠭ᠎ᠠ ᠨᠢ ᠲᠠᠪᠴᠠᠩ ᠳᠤ ︽ᠪᠡᠯᠡᠨ ᠮᠥᠩᠭᠦ ᠭᠠᠷᠭᠠᠵᠤ ᠲᠡᠶᠢᠯᠭᠦ ᠦᠭᠡᠢ︾ ᠪᠠᠶᠢᠳᠠᠯ ᠢᠯᠡᠷᠡᠵᠦ᠂ ᠴᠢᠨᠠᠭᠰᠢᠯᠠᠪᠠᠯ ᠬᠤᠬᠢᠷᠠᠯ ᠠᠮᠰᠠᠭᠴᠢ ᠪᠠᠷ ᠦᠷᠭᠦᠯᠵᠢᠯᠡᠨ ︽ᠪᠠᠲᠤᠯᠠᠭ᠎ᠠ ᠶᠢᠨ ᠮᠥᠩᠭᠦ︾᠂ ︽ᠴᠡᠪᠳᠡᠭᠰᠢᠭᠦᠯᠦᠯ ᠠᠴᠠ ᠲᠠᠶᠢᠯᠬᠤ ᠵᠠᠷᠤᠳᠠᠯ︾ ᠲᠤᠰᠢᠶᠠᠯᠭᠠᠬᠤ ᠪᠠᠷ ᠱᠠᠭᠠᠷᠳᠠᠬᠤ ᠪᠣᠯᠣᠨ᠎ᠠ᠃ ᠰᠦᠯᠵᠢᠶᠡᠨ ᠳᠡᠭᠡᠷᠡᠬᠢ ᠳᠠᠩᠰᠠ ᠵᠣᠬᠢᠶᠠᠬᠤ ᠪᠣᠯ ᠲᠡᠷᠡ ᠴᠢᠭ ᠢᠶᠠᠷ ᠢᠶᠠᠨ ᠮᠡᠬᠡᠯᠡᠯ ᠪᠠᠶᠢᠵᠤ᠂ ᠬᠠᠤᠯᠢ ᠠᠴᠠ ᠵᠥᠷᠢᠴᠡᠭᠰᠡᠨ ᠠᠵᠢᠯᠯᠠᠭ᠎ᠠ ᠮᠥᠨ᠂ ᠰᠦᠯᠵᠢᠶᠡᠨ ᠳᠡᠭᠡᠷᠡᠬᠢ ︽ᠥᠨᠳᠥᠷ ᠬᠥᠯᠥᠰᠦᠨ ᠮᠥᠩᠭᠦ︾᠂ ︽ᠤᠷᠢᠳ ᠢᠶᠠᠷ ᠣᠷᠣᠯᠠᠨ ᠲᠤᠰᠢᠶᠠᠬᠤ︾ ᠵᠡᠷᠭᠡ ᠲᠤᠰᠢᠶᠠᠯ ᠬᠠᠪᠰᠤᠷᠭᠠᠭᠰᠠᠨ ᠳᠠᠩᠰᠠ ᠵᠣᠬᠢᠶᠠᠬᠤ ᠮᠡᠳᠡᠭᠡ ᠵᠠᠩᠭᠢ ᠶᠢ ᠠᠮᠠᠷᠬᠠᠨ ᠢᠲᠡᠭᠡᠵᠦ ᠪᠤᠯᠬᠤ ᠦᠭᠡᠢ᠂ ᠶᠠᠭᠠᠬᠢᠭᠰᠠᠨ ᠴᠤ ᠶᠡᠭᠡ ᠬᠡᠮᠵᠢᠶᠡᠨ ᠤ ᠬᠥᠯᠥᠰᠦ ᠣᠯᠭᠤᠮᠵᠢ ᠳᠤ ᠲᠥᠭᠡᠷᠢᠭᠳᠡᠵᠦ ᠪᠤᠯᠬᠤ ᠦᠭᠡᠢ᠃ ᠲᠠᠨᠢᠯ ᠪᠤᠰᠤ ᠬᠤᠯᠪᠣᠭᠠᠰᠤ ᠶᠢ ᠬᠠᠮᠢᠶ᠎ᠠ ᠦᠭᠡᠢ ᠲᠣᠪᠴᠢᠳᠠᠵᠤ ᠪᠤᠯᠬᠤ ᠦᠭᠡᠢ᠂ ᠲᠠᠨᠢᠯ ᠪᠤᠰᠤ ᠮᠡᠳᠡᠭᠡ ᠵᠠᠩᠭᠢ ᠶᠢ ᠳᠤᠷ᠎ᠠ ᠪᠠᠷ ᠬᠠᠷᠢᠭᠤᠯᠵᠤ ᠪᠤᠯᠬᠤ ᠦᠭᠡᠢ᠂ ᠨᠠᠩ ᠴᠤ ᠲᠠᠨᠢᠯ ᠪᠤᠰᠤ ᠲᠠᠩᠰᠠᠨ ᠳᠤ ᠮᠥᠩᠭᠦ ᠰᠢᠯᠵᠢᠭᠦᠯᠵᠦ ᠪᠤᠯᠬᠤ ᠦᠭᠡᠢ᠃      ︵︽ᠲᠤᠮᠳᠠᠳᠤ ᠤᠯᠤᠰ ᠤᠨ ᠠᠵᠤ ᠠᠬᠤᠢ ᠰᠦᠯᠵᠢᠶ᠎ᠡ︾ ᠠᠴᠠ ᠣᠷᠴᠢᠭᠤᠯᠤᠨ ᠨᠠᠶᠢᠷᠠᠭᠤᠯᠪᠠ︶
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号