ᠬᠡᠦᠬᠡᠳ ᠪᠠᠭᠠᠴᠤᠳ ᠤᠨ ᠰᠦᠯᠵᠢᠶ᠎ᠡ ᠠᠰᠢᠭᠯᠠᠬᠤ ᠶᠢ ᠰᠠᠶᠢᠲᠤᠷ ᠬᠥᠲᠥᠯᠥᠶ᠎ᠡ
ᠨᠡᠶᠢᠲᠡᠯᠡᠭᠰᠡᠨ ᠴᠠᠭ᠄
2024/3/5
     ᠥᠰᠬᠡᠨ ᠳᠥᠰᠬᠡᠨ ᠦᠭᠡᠢ ᠶᠠᠷᠢᠪᠠᠯ ᠥᠨᠥᠳᠥᠷ ᠨᠠᠢᠮᠠᠨ ᠨᠠᠰᠤ ᠲᠠᠢ ᠬᠡᠦᠬᠡᠳ ᠠᠴᠠ ᠨᠠᠶᠠᠨ ᠨᠠᠰᠤ ᠲᠠᠢ ᠪᠤᠭᠤᠷᠤᠯ ᠭᠦᠷᠲᠡᠯ᠎ᠡ ᠭᠠᠷ ᠤᠲᠠᠰᠤ ᠲᠣᠶ᠋ᠢᠯᠠᠵᠦ ᠰᠦᠯᠵᠢᠶ᠎ᠡ ᠠᠰᠢᠭᠯᠠᠬᠤ ᠪᠣᠯᠪᠠ᠃ ᠭᠠᠷ ᠤᠲᠠᠰᠤ᠂ ᠰᠦᠯᠵᠢᠶ᠎ᠡ ᠲᠠᠢ ᠪᠣᠯᠤᠭᠰᠠᠨ ᠠᠴᠠ ᠬᠥᠮᠥᠰ ᠤᠨ ᠤᠬᠠᠭᠠᠨ ᠤ ᠵᠠᠢ ᠲᠡᠯᠡᠵᠦ ᠳᠡᠯᠡᠬᠡᠢ ᠶᠢᠨ ᠵᠠᠢ ᠪᠠᠭᠠᠰᠤᠨ᠂ ᠴᠠᠭ ᠤᠨ ᠬᠤᠷᠳᠤ ᠲᠦᠷᠭᠡᠰᠪᠡ᠃ ᠢᠳᠡᠬᠦ᠂ ᠡᠮᠦᠰᠬᠦ᠂ ᠶᠠᠪᠤᠬᠤ᠂ ᠰᠠᠭᠤᠬᠤ ᠭᠡᠳ ᠠᠮᠢᠳᠤᠷᠠᠯ ᠤᠨ ᠲᠠᠯ᠎ᠠ ᠪᠦᠭᠦᠨ ᠳᠤ ᠭᠠᠷ ᠤᠲᠠᠰᠤ ᠬᠡᠷᠡᠭᠯᠡᠵᠦ᠂ ᠰᠦᠯᠵᠢᠶ᠎ᠡ ᠠᠰᠢᠭᠯᠠᠨ᠎ᠠ᠃ ᠰᠦᠯᠵᠢᠶ᠎ᠡ ᠨᠢ ᠲᠦᠭᠦᠮ ᠴᠢᠯᠦᠭᠡᠲᠡᠢ ᠭᠡᠬᠦ ᠣᠨᠴᠠᠯᠢᠭ ᠢᠶᠠᠷ ᠢᠶᠠᠨ ᠣᠯᠠᠨ ᠬᠥᠮᠥᠰ ᠢ ᠤᠶᠠᠵᠤ ᠲᠠᠲᠠᠵᠤ᠂ ᠤᠯᠠᠮ ᠢᠶᠠᠷ ᠬᠥᠮᠥᠰ ᠤᠨ ᠨᠡᠶᠢᠭᠡᠮ ᠲᠠᠢ ᠬᠠᠷᠢᠯᠴᠠᠬᠤ ︽ᠨᠢᠳᠦ᠂ ᠴᠢᠬᠢ᠂ ᠬᠠᠮᠠᠷ︾ ᠪᠣᠯᠤᠭᠰᠠᠨ ᠪᠠᠶᠢᠨ᠎ᠠ᠃ ᠲᠡᠷᠡᠴᠢᠯᠡᠨ ᠰᠦᠯᠵᠢᠶ᠎ᠡ ᠶᠢ ᠲᠦᠭᠡᠮᠡᠯ ᠠᠰᠢᠭᠯᠠᠵᠤ ᠬᠡᠷᠡᠭᠯᠡᠬᠦ ᠶᠢ ᠳᠠᠭᠠᠯᠳᠤᠨ᠂ ᠬᠡᠦᠬᠡᠳ ᠪᠠᠭᠠᠴᠤᠳ ᠴᠦ ᠰᠦᠯᠵᠢᠶᠡᠨ ᠢᠷᠭᠡᠳ ᠤᠨ ᠡᠩᠨᠡᠭᠡ ᠳᠤ ᠬᠠᠮᠤᠷᠤᠭᠳᠠᠨ ᠪᠠᠭᠲᠠᠵᠤ᠂ ᠶᠠᠪᠤᠬᠤ ᠲᠣᠲᠣᠮ ᠥᠷᠭᠡᠵᠢᠵᠦ ᠪᠠᠶᠢᠭ᠎ᠠ ᠶᠢ ᠠᠩᠬᠠᠷᠤᠭᠤᠰᠢᠲᠠᠢ᠃      ᠵᠠᠭᠤᠴᠢᠯᠠᠭᠤᠷ ᠲᠤ ᠮᠡᠳᠡᠭᠡᠯᠡᠭᠰᠡᠨ ᠢᠶᠠᠷ᠂ ᠡᠪ ᠬᠠᠮᠲᠤ ᠵᠠᠯᠠᠭᠤᠴᠤᠳ ᠤᠨ ᠡᠪᠯᠡᠯ ᠤᠨ ᠲᠥᠪ ᠬᠤᠷᠢᠶ᠎ᠠ ᠶᠢᠨ ᠵᠠᠯᠠᠭᠤᠴᠤᠳ ᠪᠠᠭᠠᠴᠤᠳ ᠤᠨ ᠡᠷᠬᠡ ᠠᠰᠢᠭ ᠢ ᠬᠠᠮᠠᠭᠠᠯᠠᠬᠤ ᠬᠡᠯᠲᠡᠰ᠂ ᠲᠣᠮᠲᠠᠲᠣ ᠤᠯᠤᠰ ᠤᠨ ᠢᠨᠲ᠋ᠧᠷ ᠰᠦᠯᠵᠢᠶ᠎ᠡ ᠶᠢᠨ ᠮᠡᠳᠡᠭᠡ ᠵᠠᠩᠭᠢ ᠶᠢᠨ ᠲᠥᠪ ᠵᠡᠷᠭᠡ ᠰᠠᠯᠠᠭ᠎ᠠ ᠮᠥᠴᠢᠷ ᠲᠦᠷᠦᠭᠦᠬᠡᠨ︽ᠲᠠᠪᠤᠳᠤᠭᠠᠷ ᠤᠳᠠᠭᠠᠨ ᠤ ᠪᠦᠭᠦ ᠤᠯᠤᠰ ᠤᠨ ᠨᠠᠰᠣᠨ ᠳᠤ ᠦᠯᠦ ᠭᠦᠷᠦᠭᠰᠡᠳ ᠤᠨ ᠢᠨᠲ᠋ᠧᠷ ᠰᠦᠯᠵᠢᠶ᠎ᠡ ᠠᠰᠢᠭᠯᠠᠬᠤ ᠪᠠᠶᠢᠳᠠᠯ ᠤᠨ ᠪᠠᠶᠢᠴᠠᠭᠠᠯᠲᠠ ᠶᠢᠨ ᠮᠡᠳᠡᠭᠦᠯᠦᠯᠲᠡ︾ ᠶᠢ ᠨᠡᠶᠢᠲᠡᠯᠡᠵᠦ᠂ 2022 ᠣᠨ ᠳᠤ ᠮᠠᠨ ᠤ ᠤᠯᠤᠰ ᠤᠨ ᠨᠠᠰᠣᠨ ᠳᠤ ᠦᠯᠦ ᠭᠦᠷᠦᠭᠰᠡᠨ ᠰᠦᠯᠵᠢᠶᠡᠨ ᠢᠷᠭᠡᠳ ᠨᠢᠭᠡᠨᠲᠡ 1.93 ᠳ᠋ᠦᠩᠰᠢᠭᠤᠷ ᠢ ᠳᠠᠪᠠᠭᠰᠠᠨ ᠪᠥᠭᠡᠳ ᠨᠠᠰᠣᠨ ᠳᠤ ᠦᠯᠦ ᠭᠦᠷᠦᠭᠰᠡᠨ ᠰᠦᠯᠵᠢᠶᠡᠨ ᠢᠷᠭᠡᠳ ᠡᠳᠦᠷ ᠲᠣᠲᠣᠮ ᠨᠡᠮᠡᠭᠳᠡᠵᠦ᠂ ᠥᠷᠭᠡᠴᠡ ᠪᠣᠯᠣᠨ ᠭᠦᠨᠴᠡ ᠨᠢ ᠠᠭᠠᠵᠢᠮ ᠢᠶᠠᠷ ᠲᠡᠯᠡᠵᠦ᠂ ᠭᠤᠣᠯᠳᠠᠭᠤ ᠰᠦᠯᠵᠢᠶᠡᠨ ᠳᠡᠭᠡᠷ᠎ᠡ ᠰᠤᠷᠤᠯᠴᠠᠬᠤ᠂ ᠰᠦᠯᠵᠢᠶᠡᠨ ᠤ ᠲᠣᠭᠯᠠᠭᠠᠮ ᠨᠠᠭᠠᠳᠬᠤ᠂ ᠳᠠᠭᠤᠤ ᠬᠥᠭᠵᠢᠮ ᠰᠣᠨᠣᠰᠬᠤ᠂ ᠸᠢᠳᠢᠤ᠋ ᠰᠣᠨᠢᠷᠬᠠᠬᠤ᠂ ᠵᠣᠭᠤᠭᠳᠠᠵᠤ ᠶᠠᠷᠢᠯᠴᠠᠬᠤ ᠵᠡᠷᠭᠡ ᠲᠠᠪᠤᠨ ᠠᠭᠤᠯᠭ᠎ᠠ ᠳᠤ ᠲᠥᠪᠯᠡᠷᠡᠵᠦ ᠪᠠᠶᠢᠭ᠎ᠠ ᠶᠢ ᠢᠯᠡᠷᠡᠭᠦᠯᠦᠭᠰᠡᠨ ᠪᠠᠶᠢᠨ᠎ᠠ᠃ ᠡᠶᠢᠨ ᠬᠦ ᠬᠡᠦᠬᠡᠳ ᠪᠠᠭᠠᠴᠤᠳ ᠤᠨ ᠬᠡᠷᠬᠢᠨ ᠰᠦᠯᠵᠢᠶ᠎ᠡ ᠠᠰᠢᠭᠯᠠᠬᠤ ᠶᠢ ᠬᠥᠲᠥᠯᠥᠨ ᠵᠢᠯᠤᠭᠤᠳᠬᠤ ᠨᠢ ᠭᠡᠷ ᠤᠨ ᠠᠬᠠᠮᠠᠳ ᠪᠣᠯᠣᠨ ᠪᠠᠭᠰᠢ ᠨᠠᠷ ᠤᠨ ᠬᠠᠯᠠᠮᠰᠢᠯ ᠵᠣᠭᠤᠭ ᠪᠣᠯᠵᠤ᠂ ᠬᠡᠦᠬᠡᠳ ᠪᠠᠭᠠᠴᠤᠳ ᠰᠦᠯᠵᠢᠶᠡᠨ ᠤ ᠰᠢᠨᠤᠯ ᠭᠠᠷ ᠤᠲᠠᠰᠤᠨ ᠤ ᠬᠡᠨᠡᠭᠡ ᠲᠠᠢ ᠪᠣᠯᠪᠠᠯ ᠶᠠᠭᠠᠬᠢᠨ᠎ᠠ ᠬᠡᠮᠡᠨ ᠣᠯᠠᠩᠬᠢ ᠬᠥᠮᠥᠰ ᠰᠠᠨᠠᠭᠠᠰᠢᠷᠠᠵᠤ ᠪᠠᠶᠢᠯ᠎ᠠ᠃      ᠰᠠᠶᠢᠨ ᠮᠠᠭᠤ ᠬᠤᠶᠠᠷ ᠲᠠᠯ᠎ᠠ ᠲᠠᠢ᠂ ᠰᠠᠭᠠᠭ ᠭᠤᠷᠪᠠᠨ ᠲᠠᠯ᠎ᠠ ᠲᠠᠢ᠃ ᠰᠦᠯᠵᠢᠶ᠎ᠡ ᠨᠢ ᠣᠲᠣ ᠦᠶ᠎ᠡ ᠶᠢᠨ ᠠᠮᠢᠳᠤᠷᠠᠯ ᠰᠤᠷᠤᠯᠭ᠎ᠠ ᠶᠢᠨ ᠨᠢᠭᠡ ᠬᠡᠰᠡᠭ ᠪᠣᠯᠤᠭᠰᠠᠨ ᠤ ᠬᠤᠪᠢ ᠳᠤ᠂ ᠰᠦᠯᠵᠢᠶ᠎ᠡ ᠶᠢ ᠠᠰᠢᠭᠯᠠᠵᠤ ᠰᠤᠷᠬᠤ ᠪᠣᠯ ᠬᠡᠦᠬᠡᠳ ᠪᠠᠭᠠᠴᠤᠳ ᠤᠨ ᠡᠵᠡᠮᠰᠢᠬᠦ ᠶᠣᠰᠣᠲᠠᠢ ᠮᠡᠷᠭᠡᠵᠢᠯ ᠤᠨ ᠨᠢᠭᠡ ᠬᠡᠰᠡᠭ ᠪᠤᠯᠬᠤ ᠶᠤᠮ᠃ ᠬᠠᠷᠢᠨ ᠡᠯᠳᠡᠪ ᠰᠢᠯᠲᠠᠭ ᠲᠣᠬᠤᠵᠦ ᠰᠦᠯᠵᠢᠶ᠎ᠡ ᠠᠴᠠ ᠬᠠᠰᠢᠵᠤ ᠬᠤᠷᠢᠭᠯᠠᠨ᠂ ᠭᠠᠷ ᠤᠲᠠᠰᠤ ᠠᠴᠠ ᠠᠩᠭᠢᠳᠠ ᠬᠤᠯᠠ ᠪᠠᠶᠢᠯᠭᠠᠬᠤ ᠭᠡᠲᠡᠭ ᠨᠢ ᠪᠣᠯᠣᠮᠵᠢ ᠦᠭᠡᠢ ᠮᠥᠷᠲᠡᠭᠡᠨ ᠪᠡᠶᠡᠯᠡᠰᠢ ᠦᠭᠡᠢ ᠬᠡᠷᠡᠭ᠃ ᠢᠩᠭᠢᠬᠦ ᠳᠡᠭᠡᠨ ᠰᠦᠯᠵᠢᠶ᠎ᠡ ᠶᠢ ᠠᠰᠢᠭᠯᠠᠵᠤ ᠰᠤᠷᠬᠤ ᠮᠥᠷᠲᠡᠭᠡᠨ ᠪᠠᠰᠠ ᠠᠩᠬᠠᠷᠴᠤ ᠰᠠᠨᠠᠭᠤᠯᠵᠤ ᠬᠢᠨᠠᠬᠤ ᠶᠢ ᠴᠠᠭ ᠢᠮᠠᠭᠲᠠ ᠬᠢᠴᠢᠶᠡᠭᠦᠰᠢᠲᠡᠢ᠃ ᠲᠣᠯᠣᠭᠠᠢ ᠰᠢᠭᠢᠷ᠎ᠡ ᠲᠠᠢ ᠪᠠᠨ ᠨᠡᠶᠢᠯᠡᠵᠦ ᠲᠣᠭᠤᠭ᠎ᠠ ᠳᠦᠭᠦᠷᠦᠨ᠎ᠡ ᠭᠡᠲᠡᠭ ᠢᠶᠠᠷ ᠰᠦᠯᠵᠢᠶ᠎ᠡ ᠪᠠᠷ ᠰᠠᠶᠢᠨ ᠪᠠ ᠰᠢᠭᠠᠷᠤ ᠬᠤᠯᠢᠯᠳᠤᠨ ᠰᠠᠴᠤᠭᠳᠠᠵᠤ ᠪᠠᠶᠢᠳᠠᠭ᠃ ᠡᠲᠡᠭᠡᠷ ᠪᠦᠭᠦᠨ ᠢ ᠢᠯᠭᠠᠨ ᠲᠠᠨᠢᠵᠤ ᠪᠢᠯᠢᠭ ᠤᠨ ᠨᠢᠳᠦ ᠪᠠᠷ ᠠᠵᠢᠵᠤ ᠲᠤᠩᠭᠠᠨ᠂ ᠪᠣᠯᠪᠠᠰᠤᠷᠠᠯ ᠳᠠᠳᠬᠠᠯ ᠢ ᠬᠥᠮᠥᠵᠢᠭᠦᠯᠬᠦ ᠳᠤ ᠭᠡᠷ ᠤᠨ ᠠᠬᠠᠮᠠᠳ ᠪᠣᠯᠣᠭᠰᠠᠳ ᠦᠪᠡᠰᠦᠪᠡᠨ ᠬᠡᠪ ᠳᠠᠭᠤᠷᠢᠶᠠᠯ ᠦᠵᠡᠭᠦᠯᠦᠨ᠂ ᠰᠦᠯᠵᠢᠶ᠎ᠡ ᠠᠴᠠ ᠰᠤᠷᠴᠤ ᠮᠡᠳᠡᠬᠦ ᠵᠦᠢᠯ ᠢᠶᠠᠨ ᠡᠵᠡᠮᠰᠢᠬᠦ ᠶᠢ ᠬᠥᠲᠥᠯᠥᠨ ᠵᠢᠯᠤᠭᠤᠳᠬᠤ ᠪᠣᠯ ᠴᠢᠬᠤᠯᠠ ᠶᠤᠮ᠃      ᠬᠡᠦᠬᠡᠳ ᠪᠠᠭᠠᠴᠤᠳ ᠰᠦᠯᠵᠢᠶ᠎ᠡ ᠠᠰᠢᠭᠯᠠᠬᠤ ᠳᠤ ᠬᠡᠮᠵᠢᠶ᠎ᠡ ᠲᠠᠢ ᠮᠥᠷᠲᠡᠭᠡᠨ ᠬᠢᠨᠠᠯᠲᠠ ᠲᠠᠢ ᠪᠠᠶᠢᠪᠠᠯ ᠵᠣᠬᠢᠨ᠎ᠠ᠃ ᠡᠰᠡ ᠲᠡᠭᠡᠪᠡᠯ ᠰᠤᠷᠤᠯᠭ᠎ᠠ ᠠᠮᠢᠳᠤᠷᠠᠯ ᠢᠶᠠᠨ ᠬᠠᠷᠰᠢᠯᠠᠬᠤ ᠪᠠᠷ ᠦᠯᠦ ᠪᠠᠷᠠᠮ ᠡᠷᠡᠭᠦᠯ ᠮᠡᠨᠲᠦ ᠪᠠᠨ ᠴᠦ ᠨᠥᠯᠥᠭᠡᠯᠡᠬᠦ ᠪᠣᠯᠣᠨ᠎ᠠ᠃ ᠶᠠᠭᠤᠮ᠎ᠠ ᠪᠦᠭᠦᠨ ᠭᠡᠮ ᠲᠠᠢ ᠵᠢᠷᠤᠮ ᠲᠠᠢ᠃ ᠬᠡᠦᠬᠡᠳ ᠪᠠᠭᠠᠴᠤᠳ ᠰᠦᠯᠵᠢᠶ᠎ᠡ ᠠᠰᠢᠭᠯᠠᠬᠤ  ᠳᠤ ᠴᠠᠭ ᠬᠤᠭᠤᠴᠠᠭ᠎ᠠ ᠲᠣᠭᠲᠠᠭᠠᠬᠤ᠂ ᠳᠦᠷᠢᠮ ᠭᠤᠷᠢᠮ ᠢᠶᠠᠷ ᠪᠠᠷᠢᠮᠵᠢᠶᠠᠯᠠᠬᠤ ᠵᠡᠷᠭᠡ ᠠᠷᠭ᠎ᠠ ᠬᠡᠮᠵᠢᠶ᠎ᠡ ᠪᠠᠷ ᠲᠡᠳᠡᠨ ᠤ ᠵᠥᠪ ᠳᠠᠳᠬᠠᠯ ᠢ ᠬᠥᠮᠥᠵᠢᠭᠦᠯᠵᠦ᠂ ᠡᠭᠦᠨ ᠤ ᠤᠯᠠᠮ ᠢᠶᠠᠷ ᠪᠡᠶ᠎ᠡ ᠪᠠᠨ ᠳᠠᠭᠠᠭᠠᠬᠤ᠂ ᠪᠣᠯᠪᠠᠰᠤᠨ ᠪᠠ ᠪᠣᠯᠬᠢ ᠶᠢ ᠢᠯᠭᠠᠨ ᠲᠠᠨᠢᠬᠤ ᠴᠢᠳᠠᠪᠤᠷᠢ ᠶᠢ ᠨᠢ ᠬᠥᠮᠥᠵᠢᠭᠦᠯᠬᠦ ᠬᠡᠷᠡᠭᠲᠡᠢ᠃      ᠰᠦᠯᠵᠢᠶ᠎ᠡ ᠭᠡᠵᠦ ᠰᠢᠳᠢ ᠶᠢᠨ ᠶᠠᠭᠤᠮ᠎ᠠ᠃ ᠲᠡᠭᠦᠨ ᠢ ᠠᠰᠢᠭᠯᠠᠵᠤ ᠤᠯᠠᠷᠢᠭᠤᠯᠪᠠᠯ ᠡᠷᠳᠡᠮ᠂ ᠠᠮᠲᠠᠰᠢᠵᠤ ᠰᠢᠨᠤᠪᠠᠯ ᠣᠯᠢᠬ᠃ ᠪᠢᠳᠡ ᠬᠡᠦᠬᠡᠳ ᠪᠠᠭᠠᠴᠤᠳ ᠤᠨ ᠰᠦᠯᠵᠢᠶ᠎ᠡ ᠠᠰᠢᠭᠯᠠᠬᠤ ᠶᠢ ᠦᠯᠦ ᠬᠤᠷᠢᠭᠯᠠᠬᠤ ᠪᠤᠯᠪᠠᠴᠣ ᠰᠦᠯᠵᠢᠶᠡᠨ ᠳᠤ ᠰᠢᠨᠤᠬᠤ ᠶᠢ ᠲᠡᠪᠴᠢᠵᠦ᠂ ᠵᠣᠬᠢᠰᠲᠠᠢ ᠴᠠᠭ ᠵᠦᠢᠲᠡᠢ ᠵᠢᠯᠣᠭᠤᠳᠤᠯᠭ᠎ᠠ ᠪᠠᠷ ᠵᠥᠪ ᠳᠠᠳᠬᠠᠯ ᠢ ᠨᠢ ᠬᠥᠮᠥᠵᠢᠭᠦᠯᠪᠡᠯ ᠵᠣᠬᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号