ᠵᠢᠷᠭᠠᠯᠲᠤ ᠬᠥᠮᠥᠨ ᠤ ᠠᠮᠢᠳᠤᠷᠠᠯ
ᠨᠡᠶᠢᠲᠡᠯᠡᠭᠰᠡᠨ ᠴᠠᠭ᠄
2024/11/29
                       ᠵᠣᠬᠢᠶᠠᠭᠴᠢ᠄ ᠰᠡᠴᠡᠨᠨᠢᠩᠪᠤ          ᠠᠯᠢ ᠨᠢᠭᠡᠨ ᠡᠳᠦᠷ ᠥᠪᠡᠷ ᠢᠶᠠᠨ ᠴᠤ ᠨᠢᠭᠡ ᠪᠠᠭᠰᠢ ᠪᠣᠯᠴᠢᠬᠠᠭᠠᠳ ᠣᠯᠠᠨ ᠱᠠᠪᠢ ᠲᠠᠢ ᠪᠣᠯᠣᠨ᠎ᠠ ᠭᠡᠵᠦ ᠶᠣᠰᠣᠲᠠᠢ ᠠᠷᠪᠠᠨ ᠵᠡᠭᠦᠳᠦᠨ ᠳᠤ ᠴᠤ ᠪᠠᠶᠢᠭ᠎ᠠ ᠦᠭᠡᠢ᠃     ᠪᠢ ᠪᠣᠯ ᠨᠢᠭᠡᠨ ᠪᠠᠭᠰᠢ ᠬᠥᠮᠥᠨ᠂ ᠲᠡᠷᠡ ᠮᠥᠷᠲᠡᠭᠡᠨ ᠮᠤᠨᠳᠠᠭ ᠪᠠᠶᠠᠨ ᠪᠠᠭᠰᠢ᠂ ᠡᠷ᠎ᠡ ᠶᠢᠨ ᠬᠡᠶᠢᠮᠣᠷᠢ ᠪᠠᠷ ᠣᠭᠰᠢᠭᠰᠠᠨ ᠭᠡᠷ ᠳᠦᠭᠦᠷᠡᠩ ᠬᠦᠦᠴᠦᠦᠯ ᠲᠠᠢ᠂ ᠤᠶᠠᠨ ᠵᠥᠭᠡᠯᠡᠨ ᠠᠭᠠᠰᠢ ᠲᠠᠢ ᠤᠬᠠᠭᠠᠯᠢᠭ ᠣᠯᠠᠨ ᠬᠡᠦᠬᠡᠨᠴᠦᠳ ᠲᠠᠢ᠃          ᠪᠠᠭᠰᠢ ᠬᠥᠮᠥᠨ ᠬᠠᠶᠢᠷ᠎ᠠ ᠶᠢᠨ ᠪᠦᠷᠢᠯᠸ᠎ᠠ ᠪᠠᠶᠢᠬᠤ ᠶᠣᠰᠣᠲᠠᠢ ᠭᠡᠵᠦ ᠪᠢ ᠦᠷᠭᠦᠯᠵᠢ ᠰᠡᠳᠬᠢᠯ ᠳᠤ ᠪᠠᠨ ᠪᠤᠳᠤᠳᠠᠭ᠃ ᠶᠠᠭ ᠡᠶᠢᠮᠦ ᠠᠴᠠ ᠪᠢ ᠠᠩᠬ᠎ᠠ ᠰᠤᠷᠤᠭᠴᠢ ᠲᠠᠢ ᠪᠠᠨ ᠤᠴᠠᠷᠠᠬᠤ ᠳᠤ ᠲᠡᠳᠡ ᠨᠠᠷ ᠢ ᠪᠦᠷ ᠥᠪᠡᠷ ᠤᠨ ᠢᠶᠠᠨ ᠬᠡᠦᠬᠡᠳ ᠰᠢᠭ ᠬᠠᠯᠠᠭᠤᠨ ᠡᠯᠢᠭᠡᠨ ᠳᠤ ᠪᠠᠨ ᠲᠡᠪᠡᠷᠢᠵᠦ ᠠᠪᠤᠭᠰᠠᠨ ᠶᠤᠮ᠃ ᠠᠵᠢᠯ ᠳᠤ ᠭᠠᠷᠤᠭᠠᠳ ᠠᠩᠭᠢ ᠶᠢᠨ ᠡᠷᠬᠢᠯᠡᠭᠴᠢ ᠪᠣᠯᠤᠭᠰᠠᠨ ᠠᠩᠬᠠᠨ ᠤ ᠭᠠᠷᠠᠭ ᠪᠢᠯᠡ᠃ ᠡᠳᠦᠷ ᠢᠶᠠᠷ ᠬᠡᠦᠬᠡᠳ ᠤᠳ ᠤᠨ ᠳᠤᠮᠳᠠ ᠡᠨᠡ ᠲᠡᠷᠡ ᠭᠡᠳ ᠭᠦᠶᠦᠵᠦ ᠨᠢᠰᠦᠭᠡᠳ ᠦᠳᠡᠰᠢ ᠪᠣᠯᠬᠤ ᠪᠠᠷ ᠨᠢ ᠪᠦᠷ ᠶᠠᠳᠠᠷᠠᠭᠠᠳ ᠨᠢᠭᠡ ᠶᠠᠭᠤᠮ᠎ᠠ ᠪᠣᠯᠴᠢᠬᠠᠳᠠᠭ᠃ ᠲᠡᠷᠡ ᠦᠶ᠎ᠡ ᠳᠤ ᠡᠵᠢ ᠳᠤ ᠪᠠᠨ ᠤᠲᠠᠰᠤ ᠠᠪᠤᠭᠠᠳ ᠨᠢᠭᠡ ᠡᠳᠦᠷ ᠤᠨ ᠢᠶᠠᠨ ᠶᠠᠭᠠᠷᠠᠤ ᠪᠠᠨ ᠲᠣᠭᠠᠴᠢᠬᠤ ᠳᠤ᠂ ᠡᠵᠢ ᠮᠢᠨᠢ᠄ ︽ᠲᠠᠶᠢᠪᠤᠩ ᠪᠠᠢ᠂ ᠬᠡᠦᠬᠡᠨ ᠠ᠋᠂ ᠬᠥᠯ ᠭᠠᠷ ᠢᠶᠠᠨ ᠤᠬᠢᠶᠠᠭᠠᠳ ᠰᠠᠶᠢᠬᠠᠨ ᠠᠮᠠᠷᠠᠭᠠᠳ ᠠᠪ᠂ ᠮᠠᠷᠭᠠᠰᠢ ᠰᠠᠶᠢᠬᠠᠨ ᠪᠣᠯᠴᠢᠬᠠᠨ᠎ᠠ︾ ᠭᠡᠳ ᠲᠠᠶᠢᠳᠬᠤᠷᠠᠭᠤᠯᠵᠤ ᠬᠡᠯᠡᠵᠦ ᠪᠠᠶᠢᠭᠰᠠᠨ ᠶᠤᠮ᠃ ᠡᠨᠡᠷᠢᠯ ᠤᠨ ᠲᠡᠭᠷᠢ ᠡᠵᠢ ᠶᠢᠨ ᠢᠶᠠᠨ ᠬᠡᠯᠡᠭᠰᠡᠨ ᠢᠶᠠᠷ ᠰᠠᠶᠢᠬᠠᠨ ᠠᠮᠠᠷᠠᠭᠠᠳ ᠳᠠᠷᠠᠭ᠎ᠠ ᠡᠳᠦᠷ ᠤᠨ ᠬᠢᠨᠢ ᠥᠷᠯᠥᠭᠡ ᠡᠷᠲᠡ ᠰᠤᠷᠭᠠᠭᠤᠯᠢ ᠶᠢᠨ ᠡᠭᠦᠳᠡᠨ ᠳᠡᠭᠡᠷ᠎ᠡ ᠬᠡᠦᠬᠡᠳ ᠢᠶᠠᠨ ᠲᠤᠰᠬᠤ ᠪᠠᠷ ᠣᠴᠢᠬᠤ ᠳᠤ᠂ ᠨᠠᠷᠠᠨ ᠰᠠᠷᠠᠨ ᠰᠢᠭ ᠭᠡᠷᠡᠯᠲᠦᠭᠰᠡᠨ ᠬᠡᠦᠬᠡᠳ ᠤᠳ ᠮᠢᠨᠢ ︽ᠪᠠᠭᠰᠢ ᠠ᠋᠂ ᠥᠷᠯᠥᠭᠡ ᠰᠠᠶᠢᠨ︕︾ ᠭᠡᠳ ᠮᠢᠨᠤ ᠥᠭᠡᠳᠡ ᠠᠴᠠ ᠬᠦᠷᠦᠭᠡᠳ ᠢᠷᠡᠬᠦ ᠪᠠᠷ ᠤᠷᠢᠳᠤ ᠡᠳᠦᠷ ᠤᠨ ᠪᠠᠶᠢᠳᠠᠭ ᠶᠠᠳᠠᠷᠠᠭ᠎ᠠ ᠵᠦᠳᠡᠷᠡᠭᠡ ᠪᠦᠷ ᠣᠷᠣ ᠦᠭᠡᠢ ᠠᠯᠠᠭ᠎ᠠ ᠪᠣᠯᠴᠢᠬᠠᠭᠰᠠᠨ᠃          ᠶᠠᠭ ᠯᠠ ᠡᠵᠢ ᠶᠢᠨ ᠮᠢᠨᠢ ᠢᠰᠢᠭᠡ ᠬᠤᠷᠠᠭ᠎ᠠ ᠶᠢᠨ ᠢᠶᠠᠨ ᠮᠠᠶᠢᠯᠠᠯᠳᠤᠬᠤ ᠳᠠᠭᠤᠨ᠂ ᠬᠥᠷᠥᠪᠡᠵᠢᠬᠦ ᠶᠢ ᠨᠢ ᠬᠠᠷᠠᠭᠠᠳ ᠪᠠᠶᠠᠰᠳᠠᠭ ᠲᠠᠢ ᠠᠳᠠᠯᠢ ᠪᠢ ᠴᠤ ᠶᠠᠭ ᠡᠨᠡ ᠬᠥᠭᠡᠷᠦᠬᠦᠨ ᠬᠡᠦᠬᠡᠳ ᠤᠳ ᠢᠶᠠᠨ ᠬᠠᠷᠠᠬᠤ ᠪᠠᠷ ᠴᠤᠭ ᠬᠡᠶᠢᠮᠣᠷᠢ ᠮᠢᠨᠢ ᠪᠠᠳᠠᠷᠠᠵᠤ᠂ ᠤᠯᠠᠮ ᠵᠣᠷᠢᠭᠲᠠᠢ᠂ ᠨᠠᠷᠠᠯᠠᠭ ᠪᠣᠯᠳᠠᠭ᠃          ᠬᠡᠦᠬᠡᠳ ᠭᠡᠵᠦ ᠡᠷᠴᠢ ᠡᠷᠴᠢᠮ ᠨᠢ ᠮᠤᠨᠳᠠᠭ᠂ ᠦᠨᠡᠬᠡᠷ ᠪᠠᠭ᠋ᠠᠷᠬᠠᠵᠤ ᠬᠠᠶᠢᠷᠠᠯᠠᠬᠤ ᠠᠴᠠ ᠥᠭᠡᠷ᠎ᠡ ᠠᠷᠭ᠎ᠠ ᠦᠭᠡᠢ ᠬᠥᠭᠡᠷᠦᠬᠦᠨ ᠠᠮᠢᠲᠠᠳ᠃ ᠮᠢᠨᠤ ᠬᠡᠦᠬᠡᠳ ᠤᠳ ᠦᠷᠭᠦᠯᠵᠢ ᠨᠠᠳᠠ ᠠᠴᠠ ︽ᠪᠠᠭᠰᠢ ᠠ᠋᠂ ᠲᠠᠨ ᠤ ᠬᠡᠦᠬᠡᠳ ᠬᠦᠦ ᠶᠤᠮ ᠤᠤ︖ ᠬᠡᠦᠬᠡᠨ ᠶᠤᠮ ᠤᠤ︖︾ ᠭᠡᠵᠦ ᠠᠰᠠᠭᠤᠳᠠᠭ᠃ ᠲᠡᠷᠡ ᠦᠶ᠎ᠡ ᠳᠤᠨᠢ ᠪᠢ᠄ ︽ᠪᠠᠭᠰᠢ ᠳᠤᠨᠢ ᠬᠡᠦᠬᠡᠨ ᠴᠤ ᠪᠠᠶᠢᠨ᠎ᠠ᠂ ᠬᠦᠦ ᠴᠤ ᠪᠠᠶᠢᠨ᠎ᠠ᠂ ᠪᠠᠶᠢᠬᠤ ᠪᠠᠶᠢᠬᠤ ᠳᠤ ᠪᠠᠨ ᠪᠦᠷ ᠭᠤᠴᠢᠭᠠᠳ ᠬᠦᠦ ᠬᠡᠦᠬᠡᠨ ᠲᠠᠢ ᠰᠢᠤ︕︾ ᠭᠡᠵᠦ ᠣᠮᠤᠭ ᠪᠠᠷᠳᠠᠮ ᠬᠠᠷᠢᠭᠤᠯᠬᠤ ᠳᠤ᠂ ᠮᠢᠨᠤ ᠬᠡᠦᠬᠡᠳ ᠤᠳ ︽ᠪᠢᠰᠢ ᠠ᠋᠂ ᠪᠠᠭᠰᠢ ᠠ᠋᠂ ᠲᠠᠨ ᠤ ᠭᠡᠷ ᠲᠤ ᠪᠠᠶᠢᠭ᠎ᠠ ᠬᠡᠦᠬᠡᠳ ᠢ ᠲᠠᠨᠢ ᠬᠡᠯᠡᠵᠦ ᠪᠠᠶᠢᠨ᠎ᠠ︾ ᠭᠡᠬᠦ ᠶᠤᠮ ᠪᠢᠯᠡ᠃ ᠤᠰᠤᠨ ᠤ ᠰᠢᠪᠠᠭᠤ ᠰᠢᠭ ᠱᠤᠯᠤᠭᠠᠨᠠᠳᠠᠭ ᠬᠡᠦᠬᠡᠳ ᠤᠳ ᠳᠠᠩᠳᠠ ᠪᠠᠨ ᠤᠷᠮ᠎ᠠ ᠵᠣᠷᠢᠭ ᠬᠠᠶᠢᠷᠠᠯᠠᠳᠠᠭ᠃          ᠳᠡᠭᠡᠷ᠎ᠡ ᠬᠤᠭᠤᠴᠠᠭ᠎ᠠ ᠮᠠᠨ ᠤ ᠠᠩᠭᠢ ᠶᠢᠨ ᠮᠠᠯᠢᠺᠠ ᠭᠡᠰᠡᠨ ᠨᠡᠷ᠎ᠡ ᠲᠠᠢ ᠬᠥᠭᠡᠷᠦᠬᠦᠨ ᠥᠬᠢᠨ ᠠᠪᠤ ᠡᠵᠢ ᠶᠢᠨ ᠬᠢᠨᠢ ᠠᠵᠢᠯ ᠠᠯᠪᠠ ᠶᠢᠨ ᠤᠴᠢᠷ ᠠᠴᠠ ᠪᠣᠯᠵᠤ ᠠᠷᠭ᠎ᠠ ᠦᠭᠡᠢ ᠪᠠᠶᠢᠳᠠᠯ ᠤᠨ ᠳᠣᠣᠷ᠎ᠠ ᠰᠤᠷᠭᠠᠭᠤᠯᠢ ᠰᠢᠯᠵᠢᠬᠦ ᠪᠠᠷ ᠪᠣᠯᠪᠠ᠃ ᠪᠢ ᠡᠨᠡ ᠴᠢᠮᠡᠭᠡ ᠶᠢ ᠤᠷᠢᠳᠤ ᠡᠳᠦᠷ ᠨᠢ ᠡᠵᠢ ᠶᠢᠨ ᠬᠢᠨᠢ ᠶᠠᠷᠢᠶᠠᠨ ᠠᠴᠠ ᠰᠣᠨᠣᠰᠤᠭᠰᠠᠨ ᠠᠴᠠ ᠬᠤᠶᠢᠰᠢ ᠰᠡᠳᠬᠢᠯ ᠨᠢᠭᠡ ᠯᠠ ᠣᠨᠳᠣᠣ ᠪᠠᠶᠢᠭᠰᠠᠨ ᠶᠤᠮ ᠪᠢᠯᠡ᠃ ᠶᠠᠭ ᠶᠠᠪᠤᠬᠤ ᠲᠡᠷᠡ ᠥᠷᠯᠥᠭᠡ ᠪᠢ ᠮᠠᠯᠢᠺᠠ ᠬᠡᠦᠬᠡᠨ ᠢᠶᠠᠨ ᠬᠠᠵᠠᠭᠤ ᠳᠤ ᠪᠠᠨ ᠳᠠᠭᠤᠳᠠᠵᠤ ᠠᠪᠴᠢᠷᠠᠭᠠᠳ ᠬᠤᠶᠠᠷ ᠦᠭᠡ ᠵᠠᠬᠢᠵᠤ ᠰᠣᠯᠢᠶ᠎ᠠ ᠭᠡᠰᠡᠨ ᠴᠢᠨᠢ ᠨᠢᠳᠦ ᠪᠠᠨ ᠤᠯᠠᠶᠢᠯᠭᠠᠨ ᠬᠠᠵᠠᠭᠤ ᠳᠤ ᠮᠢᠨᠢ ᠵᠣᠭᠰᠣᠭᠰᠠᠨ ᠬᠥᠭᠡᠷᠦᠬᠦᠨ ᠬᠠᠷᠠᠴᠠ ᠶᠢ ᠨᠢ ᠬᠠᠷᠠᠭᠠᠳ  ᠬᠥᠭᠡᠷᠦᠬᠦᠶᠢᠯᠡᠬᠦ ᠲᠠᠢ᠂ ᠰᠠᠯᠵᠤ ᠶᠠᠳᠠᠬᠤ ᠲᠠᠢ᠂ ᠲᠡᠷᠡ ᠳᠣᠣᠷ᠎ᠠ ᠪᠠᠨ ᠮᠢᠨᠤ ᠬᠤᠭᠤᠯᠠᠢ ᠵᠠᠩᠭᠢᠷᠠᠵᠤ ᠤᠬᠢᠯᠠᠬᠤ ᠰᠢᠬᠠᠮ ᠪᠣᠯᠣᠯ᠎ᠠ᠃ ᠬᠡᠵᠢᠶ᠎ᠡ ᠴᠤ ᠬᠥᠮᠥᠨ ᠤ ᠡᠮᠦᠨ᠎ᠡ ᠨᠢᠯᠪᠤᠰᠤ ᠤᠨᠠᠭᠠᠬᠤ ᠦᠭᠡᠢ ᠪᠠᠶᠢᠬᠤ ᠶᠢ ᠬᠢᠴᠢᠶᠡᠨ ᠥᠪᠡᠷ ᠢ ᠪᠠᠨ ᠬᠠᠲᠠᠭᠤᠬᠠᠨ ᠱᠠᠭᠠᠷᠳᠠᠳᠠᠭ ᠪᠢ ᠪᠤᠰᠢᠭᠤᠬᠠᠨ ᠮᠠᠯᠢᠺᠠ ᠠᠴᠠ ᠪᠠᠨ ᠪᠤᠷᠤᠭᠤᠯᠠᠨ ᠨᠢᠯᠪᠤᠰᠤ ᠪᠠᠨ ᠠᠷᠴᠢᠯ᠎ᠠ᠃ ᠠᠷᠭ᠎ᠠ ᠦᠭᠡᠢ ᠰᠠᠶᠢᠬᠠᠨ ᠳᠠᠰᠤᠭᠰᠠᠨ ᠶᠤᠮ ᠳ᠋ᠠ ᠁          ᠲᠡᠷᠡ ᠭᠱᠠᠨ ᠢ ᠪᠢ ᠡᠭᠦᠷᠢᠳᠡ ᠮᠠᠷᠲᠠᠬᠤ ᠦᠭᠡᠢ︕ ᠶᠠᠭ ᠯᠠ ᠵᠢᠷᠦᠬᠡ ᠶᠢ ᠮᠢᠨᠢ ᠵᠡᠭᠦᠦ ᠪᠠᠷ ᠰᠢᠪᠡᠵᠦ ᠪᠠᠶᠢᠭ᠎ᠠ ᠠᠳᠠᠯᠢ ᠡᠪᠡᠳᠴᠦ ᠪᠠᠶᠢᠪᠠ᠃          ᠮᠠᠯᠢᠺᠠ ᠪᠣᠯ ᠮᠢᠨᠤ ᠠᠩᠬᠠᠨ ᠤ ᠰᠤᠷᠤᠭᠴᠢ᠂ ᠮᠥᠨ ᠴᠦ ᠮᠢᠨᠤ ᠬᠠᠶᠢᠷᠠᠲᠠᠢ ᠬᠡᠦᠬᠡᠨ ᠶᠤᠮ ᠰᠢᠤ︕ ᠲᠡᠷᠡ ᠵᠢᠯ ᠪᠢ ᠠᠩᠭᠢ ᠶᠢᠨ ᠡᠷᠬᠢᠯᠡᠭᠴᠢ ᠪᠤᠯᠬᠤ ᠳᠤ ᠬᠠᠮᠤᠭ ᠤᠨ ᠤᠷᠢᠳ ᠢᠶᠠᠷ ᠬᠠᠵᠠᠭᠤ ᠳᠤ ᠮᠢᠨᠢ ᠬᠦᠷᠴᠦ ᠢᠷᠡᠭᠰᠡᠨ ᠮᠢᠨᠤ ᠠᠩᠬᠠᠨ ᠤ ᠱᠠᠪᠢ ᠶᠤᠮ᠃ ᠰᠤᠷᠭᠠᠭᠤᠯᠢ ᠶᠢᠨ ᠬᠦᠷᠢᠶᠡᠨ ᠳᠤ ᠮᠠᠯᠢᠺᠠ ᠬᠡᠦᠬᠡᠨ ᠢᠶᠠᠨ ᠳᠠᠭᠠᠭᠤᠯᠤᠭᠠᠳ ᠶᠠᠪᠤᠬᠤ ᠳᠤ ᠪᠤᠰᠤᠳ ᠪᠠᠭᠰᠢ ᠨᠠᠷ ︽ᠬᠡᠦᠬᠡᠨ ᠴᠢᠨᠢ ᠶᠤᠮ ᠤᠤ︖ ᠴᠢᠮ᠎ᠠ ᠲᠠᠢ ᠶᠠᠭᠠᠬᠢᠭᠰᠠᠨ ᠠᠳᠠᠯᠢ ᠪᠤᠢ︕︾ ᠭᠡᠳ ᠪᠦᠷ ᠡᠡ᠊ᠨᠳᠡᠭᠦᠷᠡᠵᠦ ᠪᠠᠶᠢᠭᠰᠠᠨ ᠶᠤᠮ᠃          ᠮᠠᠯᠢᠺᠠ ᠮᠢᠨᠢ ᠬᠥᠮᠥᠨ ᠲᠦᠮᠡᠨ ᠤ ᠳᠤᠮᠳᠠ ᠣᠷᠣᠶᠢᠯᠠᠵᠤ ᠶᠠᠪᠤᠭᠠᠷᠠᠢ︕ ᠰᠣᠳᠣᠨ ᠰᠤᠷᠤᠭᠠᠷᠠᠢ︕ ᠭᠡᠵᠦ ᠪᠠᠭᠰᠢ ᠨᠢ ᠬᠠᠮᠤᠭ ᠤᠨ ᠰᠠᠶᠢᠨ ᠰᠠᠶᠢᠬᠠᠨ ᠢᠷᠦᠭᠡᠯ ᠢᠶᠠᠨ ᠵᠥᠩᠨᠡᠶ᠎ᠡ︕          ᠪᠠᠶᠢᠳᠠᠰᠤ ᠰᠦᠷᠦᠭ ᠰᠣᠯᠢᠳᠠᠭ ᠰᠢᠭ ᠬᠡᠦᠬᠡᠳ ᠤᠳ ᠰᠣᠯᠢᠭᠳᠠᠭᠠᠳ ᠶᠠᠪᠤᠬᠤ ᠳᠤ᠂ ᠬᠠᠮᠤᠭ ᠡᠷᠴᠢ ᠴᠢᠳᠠᠯ ᠢ  ᠨᠢ ᠬᠤᠷᠤᠶᠢᠯᠠᠵᠤ᠂ ᠵᠢᠷᠭᠠᠯ ᠲᠠᠢ ᠠᠮᠢᠳᠤᠷᠠᠯ ᠢᠶᠠᠨ ᠤᠭᠲᠤᠨ᠂ ᠰᠢᠨ᠎ᠡ ᠰᠤᠷᠤᠭᠴᠢᠳ ᠲᠠᠢ ᠪᠠᠨ ᠠᠭᠤᠯᠵᠠᠵᠤ ᠵᠢᠷᠭᠠᠵᠤ ᠠᠮᠢᠳᠤᠷᠠᠳᠠᠭ ᠶᠤᠮ ᠠ᠋᠃ 
 
ᠢᠷᠡᠯᠲᠡ᠄ ᠣᠷᠳᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号