ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠶᠡᠷᠦ ᠶᠢᠨ ᠮᠡᠳᠡᠯᠭᠡ - ᠭᠠᠵᠠᠷ ᠬᠥᠳᠡᠯᠦᠯᠲᠡ ᠠᠴᠠ ᠥᠪᠡᠷ ᠢ ᠪᠠᠨ ᠠᠪᠤᠷᠠᠬᠤ ᠠᠮᠤᠷ ᠲᠦᠪᠰᠢᠨ ᠤ ᠵᠦᠭᠯᠡᠭᠦᠷ
ᠨᠡᠶᠢᠲᠡᠯᠡᠭᠰᠡᠨ ᠴᠠᠭ᠄
2025/1/15
      ᠭᠠᠵᠠᠷ ᠬᠥᠳᠡᠯᠦᠯᠲᠡ ᠶᠢᠨ ᠤᠷᠢᠳᠴᠢᠯᠠᠭᠰᠠᠨ ᠮᠡᠳᠡᠭᠡ ᠶᠢ ᠭᠠᠷ ᠤᠲᠠᠰᠤᠨ ᠳᠤ ᠤᠭᠰᠠᠷᠠᠬᠤ ᠠᠷᠭ᠎ᠠ           ᠭᠠᠷ ᠤᠲᠠᠰᠤᠨ ᠤ ᠭᠠᠵᠠᠷ ᠬᠥᠳᠡᠯᠦᠯᠲᠡ ᠶᠢᠨ ᠤᠷᠢᠳᠴᠢᠯᠠᠭᠰᠠᠨ ᠮᠡᠳᠡᠭᠡ ᠶᠢᠨ ᠴᠢᠳᠠᠮᠵᠢ ᠲᠤᠶᠢᠯ ᠤᠨ ᠴᠢᠬᠤᠯᠠ᠂ ᠵᠠᠩᠭᠢᠯᠠᠭ᠎ᠠ ᠶᠢᠨ ᠦᠶ᠎ᠡ ᠳᠤ ᠲᠣᠮᠣ ᠦᠢᠯᠡᠳᠦᠯ ᠲᠠᠢ ᠪᠠᠶᠢᠳᠠᠭ᠃ ᠸᠢᠴᠠᠲ ᠤᠨ ᠭᠠᠵᠠᠷ ᠬᠥᠳᠡᠯᠦᠯᠲᠡ ᠶᠢᠨ ᠤᠷᠢᠳᠴᠢᠯᠠᠭᠰᠠᠨ ᠮᠡᠳᠡᠭᠡ ᠶᠢᠨ ᠵᠢᠵᠢᠭ ᠫᠷᠣᠭ᠍ᠷᠠᠮ ᠢ ᠲᠣᠬᠢᠷᠠᠭᠤᠯᠵᠤ᠂ ᠠᠶᠤᠯ ᠲᠦᠭᠰᠢᠭᠦᠷᠢ ᠶᠢ ᠰᠡᠷᠭᠡᠶᠢᠯᠡᠵᠦ ᠪᠣᠯᠣᠨ᠎ᠠ᠃ ᠶᠠᠭᠠᠬᠢᠵᠤ ᠤᠭᠰᠠᠷᠠᠬᠤ ᠶᠢ ᠰᠤᠷᠤᠯᠴᠠᠶ᠎ᠠ︕           ᠸᠢᠴᠠᠲ ᠤᠨ ᠭᠠᠵᠠᠷ ᠬᠥᠳᠡᠯᠦᠯᠲᠡ ᠶᠢᠨ ᠤᠷᠢᠳᠴᠢᠯᠠᠭᠰᠠᠨ ᠮᠡᠳᠡᠭᠡ ᠨᠢ ᠪᠥᠬᠦ ᠤᠯᠤᠰ ᠤᠨ ᠬᠡᠷᠡᠭᠯᠡᠭᠴᠢᠳ ᠲᠤ ᠠᠯᠪᠠᠨ ᠤ᠂ ᠡᠷᠬᠡ ᠰᠦᠷᠲᠦ᠂ ᠨᠠᠷᠢᠯᠢᠭ ᠣᠨᠣᠴᠠᠲᠠᠢ᠂ ᠲᠦᠷᠭᠡᠨ ᠤᠷᠢᠳᠴᠢᠯᠠᠭᠰᠠᠨ ᠮᠡᠳᠡᠭᠡ ᠬᠠᠩᠭᠠᠵᠤ᠂ ᠠᠶᠤᠯ ᠠᠴᠠ ᠵᠠᠶᠢᠯᠠᠬᠤ ᠪᠠ ᠪᠠᠴᠢᠮ ᠪᠠᠶᠢᠳᠠᠯ ᠢ ᠪᠦᠲᠦᠮᠵᠢᠲᠡᠶ ᠠᠷᠭᠠᠴᠠᠬᠤ ᠳᠤ ᠡᠷᠬᠢᠮ ᠨᠠᠨᠳᠢᠨ ᠴᠠᠭ  ᠢ ᠣᠯᠭᠤᠵᠤ᠂ ᠭᠠᠵᠠᠷ ᠬᠥᠳᠡᠯᠦᠯᠲᠡ ᠶᠢᠨ ᠭᠠᠮᠰᠢᠭ ᠢ ᠪᠠᠭᠠᠰᠬᠠᠬᠤ ᠪᠣᠳᠠᠲᠤ ᠦᠷ᠎ᠡ ᠪᠦᠲᠦᠮᠵᠢ ᠶᠢ ᠪᠠᠳᠠᠷᠠᠭᠤᠯᠬᠤ ᠳᠤ ᠬᠦᠴᠦᠨ ᠨᠡᠮᠡᠷᠢᠯᠡᠵᠦ᠂ ᠬᠥᠮᠥᠨ ᠤ ᠦᠬᠦᠯ ᠰᠢᠷᠬᠠᠲᠤᠯ ᠪᠠ ᠡᠳ᠋ ᠬᠥᠷᠥᠩᠭᠡ ᠶᠢᠨ ᠬᠤᠬᠢᠷᠠᠯ ᠢ ᠠᠯᠢ ᠴᠢᠳᠠᠬᠤ ᠪᠠᠷ ᠪᠠᠭᠠᠰᠬᠠᠵᠤ ᠪᠣᠯᠣᠨ᠎ᠠ᠃      ᠬᠡᠷᠬᠢᠨ ᠭᠠᠵᠠᠷ ᠬᠥᠳᠡᠯᠦᠯᠲᠡ ᠠᠴᠠ ᠵᠠᠶᠢᠯᠠᠵᠤ ᠠᠮᠢ ᠵᠢᠭᠤᠲᠠᠵᠤ ᠥᠪᠡᠷ ᠢ ᠪᠠᠨ ᠠᠪᠤᠷᠠᠬᠤ ᠪᠤᠢ︖          ᠭᠠᠵᠠᠷ ᠬᠥᠳᠡᠯᠦᠯᠲᠡ ᠨᠢ ᠭᠡᠨᠡᠳᠲᠡ ᠮᠥᠷᠲᠡᠭᠡᠨ ᠶᠠᠪᠤᠴᠠ ᠨᠢ ᠣᠬᠤᠷᠬᠠᠨ᠂ ᠵᠥᠪᠬᠡᠨ ᠵᠥᠪ ᠣᠨᠣᠪᠴᠢᠲᠠᠢ᠂ ᠰᠢᠨᠵᠢᠯᠡᠬᠦ ᠤᠬᠠᠭᠠᠨᠴᠢ ᠭᠠᠵᠠᠷ ᠬᠥᠳᠡᠯᠦᠯᠲᠡ ᠠᠴᠠ ᠵᠠᠶᠢᠯᠠᠬᠤ ᠠᠷᠭ᠎ᠠ ᠶᠢ ᠡᠵᠡᠮᠰᠢᠪᠡᠯ ᠰᠠᠶ᠋ᠢ ᠬᠤᠬᠢᠷᠠᠯ ᠪᠠ ᠦᠷᠭᠦᠯ ᠰᠢᠷᠬᠠᠲᠤᠯ ᠢ ᠬᠠᠮᠤᠭ ᠳᠣᠣᠷ᠎ᠠ ᠬᠡᠮᠵᠢᠶᠡᠨ ᠳᠤ ᠬᠢᠵᠠᠭᠠᠷᠯᠠᠵᠤ ᠴᠢᠳᠠᠨ᠎ᠠ᠃          ︽ᠭᠠᠵᠠᠷ ᠬᠥᠳᠡᠯᠦᠭᠰᠡᠨ ᠦᠶ᠎ᠡ ᠳᠤ ᠲᠤᠬᠠᠢ ᠶᠢᠨ ᠭᠠᠵᠠᠷ ᠲᠤ ᠠᠶᠤᠯ ᠠᠴᠠ ᠵᠠᠶᠢᠯᠠᠨ᠎ᠠ᠂ ᠭᠠᠵᠠᠷ ᠬᠥᠳᠡᠯᠦᠯᠲᠡ ᠳᠠᠭᠤᠰᠤᠭᠰᠠᠨ ᠤ ᠳᠠᠷᠠᠭ᠎ᠠ ᠲᠦᠷᠭᠡᠨ ᠵᠠᠶᠢᠯᠠᠨ ᠬᠤᠯᠠᠳᠠᠨ᠎ᠠ︾᠃ ᠨᠠᠨ ᠪᠣᠯ ᠪᠠᠴᠢᠮ ᠪᠠᠶᠢᠳᠠᠯ ᠢ ᠠᠷᠭᠠᠴᠠᠵᠤ ᠭᠠᠵᠠᠷ ᠬᠥᠳᠡᠯᠦᠯᠲᠡ ᠠᠴᠠ ᠵᠠᠶᠢᠯᠠᠬᠤ ᠶᠢᠨ ᠦᠨᠳᠦᠰᠦᠨ ᠪᠠᠷᠢᠮᠵᠢᠶ᠎ᠠ ᠮᠥᠨ᠃ ᠭᠠᠵᠠᠷ ᠬᠥᠳᠡᠯᠦᠯᠲᠡ ᠶᠢᠨ ᠤᠷᠢᠳᠴᠢᠯᠠᠭᠰᠠᠨ ᠮᠡᠳᠡᠭᠡ ᠮᠡᠳᠡᠭᠡᠯᠡᠪᠡᠯ ᠶᠠᠭᠠᠬᠢᠵᠤ ᠬᠢᠪᠡᠯ ᠵᠣᠬᠢᠬᠤ ᠪᠤᠢ︖           ᠭᠠᠵᠠᠷ ᠬᠥᠳᠡᠯᠦᠯᠲᠡ ᠲᠣᠬᠢᠶᠠᠯᠳᠤᠪᠠᠯ ᠪᠢᠲᠡᠭᠡᠢ ᠪᠠᠴᠢᠮᠳᠠᠵᠤ ᠰᠠᠨᠳᠤᠷ᠂ ᠠᠶᠤᠯ ᠠᠴᠠ ᠵᠠᠶᠢᠯᠠᠭᠰᠠᠨ ᠤ ᠳᠠᠷᠠᠭ᠎ᠠ᠂ ᠵᠠᠰᠠᠭ ᠤᠨ ᠣᠷᠳᠣᠨ ᠤ ᠵᠢᠭᠠᠨ ᠲᠣᠭᠲᠠᠭᠠᠭᠰᠠᠨ ᠴᠡᠴᠡᠷᠯᠢᠭ᠂ ᠨᠣᠭᠤᠭᠠᠨ ᠵᠦᠯᠭᠡ ᠵᠡᠷᠭᠡ ᠪᠠᠴᠢᠮ ᠪᠠᠶᠢᠳᠠᠯ ᠢ ᠠᠷᠭᠠᠴᠠᠵᠤ ᠠᠶᠤᠯ ᠠᠴᠠ ᠵᠠᠶᠢᠯᠠᠬᠤ ᠭᠠᠵᠠᠷ ᠲᠤ ᠣᠴᠢᠵᠤ᠂ ᠲᠣᠬᠢᠷᠠᠭᠤᠯᠤᠯᠲᠠ ᠪᠠᠶᠢᠷᠢᠯᠠᠭᠤᠯᠤᠯᠲᠠ ᠶᠣᠰᠣᠭᠠᠷ ᠭᠠᠮᠰᠢᠭ ᠠᠴᠠ ᠠᠪᠤᠷᠠᠬᠤ ᠡᠳ᠋ ᠪᠣᠳᠠᠰ ᠢ ᠡᠮᠬᠢ ᠵᠢᠷᠤᠮ ᠲᠠᠢ ᠪᠠᠷ ᠠᠪᠬᠤ ᠬᠡᠷᠡᠭᠲᠡᠢ᠃ ᠭᠠᠵᠠᠷ ᠬᠥᠳᠡᠯᠦᠯᠲᠡ ᠡᠭᠦᠰᠦᠭᠰᠡᠨ ᠤ ᠳᠠᠷᠠᠭ᠎ᠠ ᠪᠠᠰᠠ ᠳᠠᠭᠠᠯᠲᠠ ᠬᠥᠳᠡᠯᠦᠯᠲᠡ ᠪᠠ ᠡᠭᠦᠰᠦᠮᠡᠯ ᠭᠠᠮᠰᠢᠭ ᠢ ᠠᠩᠬᠠᠷᠤᠨ ᠰᠡᠷᠭᠡᠶᠢᠯᠡᠵᠦ᠂ ᠬᠤᠶᠠᠳᠠᠭᠢ ᠤᠳᠠᠭᠠᠨ ᠤ ᠰᠢᠷᠬᠠᠲᠤᠯ ᠡᠭᠦᠰᠬᠦ ᠠᠴᠠ ᠵᠠᠶᠢᠯᠠᠰᠬᠢᠬᠦ ᠬᠡᠷᠡᠭᠲᠡᠢ᠃           ᠭᠠᠵᠠᠷ ᠬᠥᠳᠡᠯᠦᠯᠲᠡ ᠶᠢᠨ ᠪᠠᠴᠢᠮ ᠪᠠᠶᠢᠳᠠᠯ ᠢ ᠠᠷᠭᠠᠴᠠᠬᠤ ᠪᠣᠭᠤᠳᠠᠯ ᠢ ᠬᠡᠷᠬᠢᠨ ᠪᠡᠯᠡᠳᠬᠡᠬᠦ ᠪᠤᠢ︖           ᠭᠡᠷ ᠪᠦᠯᠢ ᠶᠢᠨ ᠭᠠᠮᠰᠢᠭ ᠢ ᠰᠡᠷᠭᠡᠶᠢᠯᠡᠬᠦ ᠪᠣᠭᠴᠣ ᠪᠣᠯ ᠭᠡᠨᠡᠳᠲᠡ ᠶᠢᠨ ᠬᠡᠷᠡᠭ ᠢ ᠠᠷᠭᠠᠴᠠᠬᠤ᠂ ᠭᠠᠮᠰᠢᠭ ᠢ ᠰᠡᠷᠭᠡᠶᠢᠯᠡᠬᠦ ᠪᠠ ᠪᠠᠭᠠᠰᠬᠠᠬᠤ᠂ ᠪᠠᠴᠢᠮ ᠪᠠᠶᠢᠳᠠᠯ ᠢ ᠠᠷᠭᠠᠴᠠᠬᠤ ᠬᠠᠮᠤᠭ ᠤᠨ ᠦᠨᠳᠦᠰᠦᠨ ᠬᠡᠷᠡᠭᠴᠡᠭᠡ ᠶᠢ ᠬᠠᠩᠭᠠᠳᠠᠭ᠃ ᠥᠪᠡᠷ ᠢ ᠪᠠᠨ ᠠᠪᠤᠷᠠᠬᠤ ᠬᠠᠷᠢᠯᠴᠠᠨ ᠠᠪᠤᠷᠠᠬᠤ ᠴᠢᠳᠠᠪᠤᠷᠢ ᠶᠢ ᠳᠡᠭᠡᠭᠰᠢᠯᠡᠭᠦᠯᠵᠦ ᠠᠮᠢ ᠨᠠᠰᠤ ᠪᠠᠨ ᠠᠷᠭᠠᠴᠠᠬᠤ ᠴᠠᠭ ᠢ ᠬᠠᠮᠤᠭ ᠤᠨ ᠶᠡᠭᠡ ᠬᠡᠮᠵᠢᠶ᠎ᠡ ᠪᠠᠷ ᠤᠷᠲᠤᠳᠬᠠᠬᠤ ᠶᠢᠨ ᠲᠥᠯᠥᠭᠡ ᠭᠡᠷ ᠪᠦᠯᠢ ᠶᠢᠨ ᠪᠠᠴᠢᠮ ᠪᠠᠶᠢᠳᠠᠯ ᠢ ᠠᠷᠭᠠᠴᠠᠬᠤ ᠪᠣᠭᠴᠣ ᠪᠡᠯᠡᠳᠬᠡᠬᠦ ᠴᠢᠬᠤᠯᠠᠲᠠᠢ᠃ ᠭᠡᠷ ᠪᠦᠯᠢ ᠶᠢᠨ ᠭᠠᠵᠠᠷ ᠬᠥᠳᠡᠯᠦᠯᠲᠡ ᠶᠢᠨ ᠲᠦᠷᠭᠡᠨ ᠠᠪᠤᠷᠠᠯᠲᠠ ᠶᠢᠨ ᠪᠣᠭᠴᠣ ᠶᠢ ᠠᠪᠬᠤ ᠬᠡᠷᠡᠭᠯᠡᠬᠦ ᠳᠤ ᠳᠥᠭᠦᠮ ᠪᠠᠶᠢᠷᠢᠨ ᠳᠤ ᠲᠠᠯᠪᠢᠵᠤ᠂ ᠪᠠᠴᠢᠮ ᠪᠠᠶᠢᠳᠠᠯ ᠳᠣᠣᠷ᠎ᠠ ᠰᠢᠭᠤᠳ ᠬᠡᠷᠡᠭᠯᠡᠬᠦ ᠳᠤ ᠪᠡᠯᠡᠳᠬᠡᠨ᠎ᠡ᠃ ᠬᠡᠳᠦᠶᠢᠪᠡᠷ ᠭᠡᠷ ᠪᠦᠯᠢ ᠶᠢᠨ ᠪᠠᠴᠢᠮ ᠪᠠᠶᠢᠳᠠᠯ ᠢ ᠠᠷᠭᠠᠴᠠᠬᠤ ᠪᠣᠭᠴᠣ ᠶᠢᠨ ᠬᠡᠷᠡᠭᠯᠡᠯᠲᠡ ᠶᠢᠨ ᠲᠣᠬᠢᠶᠠᠯᠳᠤᠮᠵᠢ ᠲᠤᠶᠢᠯ ᠤᠨ ᠳᠣᠣᠷ᠎ᠠ ᠪᠣᠯᠪᠠᠴᠤ ᠲᠡᠭᠦᠨ ᠤ ᠪᠠᠴᠢᠮ ᠪᠠᠶᠢᠳᠠᠯ ᠤᠨ ᠳᠣᠣᠷᠠᠬᠢ ᠴᠢᠬᠤᠯᠠ ᠴᠢᠨᠠᠷ ᠢ ᠣᠮᠲᠣᠭᠠᠶᠢᠯᠠᠵᠤ ᠪᠣᠯᠣᠰᠢ ᠦᠭᠡᠢ ᠶᠤᠮ᠃ ᠣᠷᠳᠣ ᠬᠤᠭᠤᠴᠠᠭ᠎ᠠ ᠪᠠᠷ ᠰᠤᠯᠠ ᠪᠠᠶᠢᠯ᠎ᠠ ᠴᠤ ᠭᠡᠰᠡᠨ ᠪᠣᠭᠴᠣᠨ ᠳᠣᠲᠣᠷᠠᠬᠢ ᠡᠳ᠋ ᠪᠣᠳᠠᠰ ᠤᠨ ᠪᠦᠷᠢᠨ ᠪᠦᠲᠦᠨ᠂ ᠬᠦᠴᠦᠨ ᠲᠠᠢ ᠪᠠᠶᠢᠬᠤ ᠶᠢ ᠡᠷᠬᠡᠪᠰᠢ ᠪᠠᠲᠤᠯᠠᠬᠤ ᠬᠡᠷᠡᠭᠲᠡᠢ ᠪᠥᠭᠡᠳ ᠲᠣᠭᠲᠠᠭᠰᠠᠨ ᠬᠤᠭᠤᠴᠠᠭ᠎ᠠ ᠲᠠᠢ ᠪᠠᠷ ᠪᠠᠶᠢᠴᠠᠭᠠᠨ ᠰᠢᠨᠡᠴᠢᠯᠡᠵᠦ᠂ ᠡᠭᠦᠰᠴᠦ ᠮᠡᠳᠡᠬᠦ ᠶᠠᠮᠠᠷᠪᠠ ᠪᠠᠴᠢᠮ ᠪᠠᠶᠢᠳᠠᠯ ᠢ ᠠᠷᠭᠠᠴᠠᠭᠠᠬᠤ ᠳᠤ ᠬᠡᠷᠡᠭᠯᠡᠨ᠎ᠡ᠃      ᠢᠷᠡᠯᠲᠡ᠄ ᠥᠪᠡᠷᠲᠡᠭᠡᠨ ᠵᠠᠰᠠᠬᠤ ᠣᠷᠣᠨ ᠤ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠢᠩᠬᠢᠮ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号