ᠮᠣᠩᠭᠤᠯ ᠦᠰᠦᠭ ᠤᠨ ᠢᠷᠡᠯᠲᠡ
ᠨᠡᠶᠢᠲᠡᠯᠡᠭᠰᠡᠨ ᠴᠠᠭ᠄
2024/10/31
       ᠮᠣᠩᠭᠤᠯᠴᠤᠳ ᠪᠣᠰᠤᠭ᠎ᠠ ᠪᠢᠴᠢᠭ ᠲᠡᠭᠡᠨ ᠵᠣᠬᠢᠴᠠᠭᠤᠯᠵᠤ ᠦᠵᠦᠭ ᠬᠡᠷᠡᠭᠯᠡᠵᠦ ᠪᠠᠶᠢᠭᠰᠠᠨ ᠭᠡᠳᠡᠭ ᠢ ᠶᠠᠭᠤᠨ ᠤ ᠡᠮᠦᠨ᠎ᠡ ᠲᠡᠭᠷᠢ ᠰᠢᠲᠦᠯᠭᠡ ᠶᠢᠨ ᠦᠵᠡᠯ ᠠᠴᠠ ᠪᠤᠢ ᠪᠣᠯᠤᠭᠰᠠᠨ ᠪᠣᠰᠤᠭ᠎ᠠ ᠲᠡᠩᠭᠡᠯᠢᠭ ᠤᠨ ᠴᠣᠭᠴᠠᠲᠤ ᠰᠡᠳᠬᠢᠬᠦᠢ ᠠᠴᠠ ᠨᠢ ᠲᠠᠨᠢᠨ ᠮᠡᠳᠡᠷᠡᠵᠦ ᠪᠣᠯᠣᠨ᠎ᠠ᠃ ᠮᠣᠩᠭᠤᠯ ᠦᠰᠦᠭ ᠪᠣᠯ ᠠᠮᠢ ᠲᠠᠢ ᠪᠣᠰᠤᠭ᠎ᠠ ᠴᠣᠭᠴᠠ ᠶᠤᠮ᠃ ᠲᠢᠲᠢᠮ᠂ ᠲᠣᠯᠣᠭᠠᠢ᠂ ᠰᠢᠳᠤ᠂ ᠨᠢᠷᠤᠭᠤ᠂ ᠭᠡᠳᠡᠰᠦ᠂ ᠰᠢᠯᠪᠢ᠂ ᠰᠡᠬᠦᠯ ᠬᠡᠮᠡᠨ ᠠᠮᠢ ᠲᠠᠢ ᠡᠷᠬᠡᠲᠡᠨ ᠢᠶᠠᠷ ᠨᠡᠷᠡᠯᠡᠬᠦ ᠪᠠ ᠳᠡᠭᠡᠷ᠎ᠡ ᠠᠴᠠ ᠳᠣᠷᠣᠭᠰᠢ ᠭᠤᠯᠳᠤ ᠪᠠᠷ ᠪᠢᠴᠢᠵᠦ ᠲᠡᠭᠷᠢ ᠭᠠᠵᠠᠷ ᠬᠥᠮᠥᠨ ᠠᠮᠢᠳᠠᠨ ᠤ ᠨᠢᠭᠡᠳᠦᠯ ᠢ ᠲᠣᠳᠣᠷᠬᠠᠢ ᠢᠯᠡᠷᠬᠡᠶᠢᠯᠡᠵᠦ ᠪᠠᠶᠢᠳᠠᠭ᠃ ᠵᠦᠪᠭᠡᠨ ︽ᠬᠠᠨ︾ ᠭᠡᠳᠡᠭ ᠦᠭᠡ ᠶᠢᠨ ᠡᠷᠲᠡᠨ ᠤ ᠪᠢᠴᠢᠯᠭᠡ ᠪᠠᠷ ᠦᠵᠡᠪᠡᠯ᠂ ᠲᠡᠭᠷᠢ ᠠᠴᠠ ᠤᠯᠪᠠᠭ᠎ᠠ ᠲᠠᠢ ᠡᠨᠡ ᠦᠰᠦᠭ ᠲᠡᠭᠦᠨ ᠤ ︽‍ᠨ︾ ᠭᠡᠰᠡᠨ ᠵᠢᠷᠤᠯᠭᠠᠲᠤ ᠰᠡᠬᠦᠯ ᠢᠶᠠᠷ ᠢᠶᠠᠨ ᠲᠤᠯᠭᠠᠭᠤᠷᠢ ᠪᠤᠯᠭᠠᠵᠤ ᠲᠡᠭᠷᠢ ᠶᠢᠨ ᠪᠣᠱᠤᠭ ᠭᠠᠵᠠᠷ ᠤᠨ ᠡᠰᠢ ᠶᠢ ᠬᠤᠯᠪᠣᠵᠤ ᠪᠠᠶᠢᠬᠤ ᠪᠠᠷ ᠪᠡᠯᠭᠡᠳᠡᠵᠡᠢ᠃ ᠡᠷᠲᠡᠨ ᠤ ᠮᠣᠩᠭᠤᠯ ᠦᠰᠦᠭ ᠤᠨ ᠤᠷᠤᠭᠰᠢ ᠬᠤᠶᠢᠰᠢ ᠪᠢᠴᠢᠭᠳᠡᠬᠦ ᠰᠠᠬᠦᠯ ᠢ ᠴᠥᠮ ᠵᠣᠬᠢᠬᠤ ᠬᠡᠮᠵᠢᠶ᠎ᠡ ᠪᠠᠷ ᠳᠣᠷᠣᠭᠰᠢ ᠰᠤᠩᠭᠠᠨ ᠲᠠᠲᠠᠨ᠎ᠠ᠃ ᠡᠨᠡ ᠢᠯᠡᠷᠬᠡᠶᠢᠯᠡᠯ ᠢ ᠵᠠᠪᠠᠯ ᠬᠠᠲᠠᠭᠤ ᠮᠠᠲ᠋ᠧᠷᠢᠶᠠᠯ ᠢᠶᠠᠷ ᠬᠢᠭᠰᠡᠨ ᠦᠵᠦᠭ ᠢᠶᠠᠷ ᠪᠢᠴᠢᠵᠦ ᠪᠡᠶᠡᠯᠡᠭᠳᠡᠭᠦᠯᠬᠦ ᠶᠢ ᠱᠠᠭᠠᠷᠳᠠᠬᠤ ᠠᠵᠢ᠃ ᠲᠠᠷᠠᠭ᠎ᠠ ᠨᠢ᠂ ᠠᠪᠢᠶᠠᠨ ᠤ ᠲᠡᠮᠳᠡᠭ ᠤᠨ ᠤᠨᠴᠠᠭᠠᠢ ᠰᠣᠩᠭᠤᠯᠲᠠ ᠠᠴᠠ ᠭᠠᠳᠠᠨ᠎ᠠ ᠪᠢᠴᠢᠯᠭᠡ ᠶᠢᠨ ᠭᠡᠯᠪᠡᠷᠢ ᠨᠢ ᠴᠦ ᠤᠳᠤ ᠶᠢᠨ ᠪᠢᠴᠢᠯᠭᠡ ᠠᠴᠠ ᠥᠭᠡᠷ᠎ᠡ ᠦᠨᠳᠦᠰᠦᠨ ᠲᠣᠭᠲᠠᠯᠴᠠᠭ᠎ᠠ ᠲᠠᠢ ᠪᠠᠶᠢᠳᠠᠭ ᠨᠢ ᠦᠵᠦᠭ ᠲᠠᠢ ᠰᠢᠭᠤᠳ ᠬᠤᠯᠪᠣᠭᠳᠠᠯᠲᠠᠢ ᠠᠴᠠ ᠪᠣᠯᠵᠠᠢ᠃ ᠵᠢᠱᠢᠶᠡᠯᠡᠪᠡᠯ᠂ ︽ᠠ᠂ ᠪᠠ᠂ ᠬᠠ᠂ ᠬᠡ᠂ ᠯᠠ᠂ ᠮᠠ᠂ ᠳ᠋ᠠ᠂ ᠵᠠ᠂ ᠢ᠂ ᠤ᠂ ‍ᠠ᠂ ‍ᠪ︾ ᠮᠡᠲᠦ ᠶᠢᠨ ᠦᠰᠦᠭᠯᠡᠪᠤᠷᠢ ᠶᠢ ᠪᠢᠴᠢᠬᠦ ᠠᠷᠭ᠎ᠠ ᠳᠤ ᠠᠴᠤᠭ ᠪᠣᠯ ᠦᠨᠳᠦᠰᠦᠨ ᠳᠡᠭᠡᠨ ᠬᠡᠪᠲᠡᠭᠡ ᠴᠢᠭᠯᠡᠯ ᠳᠤ ᠪᠢᠴᠢᠭᠳᠡᠳᠡᠭ᠂ ︽ᠮᠠ᠂ ᠯᠠ︾ ᠶᠢᠨ ᠭᠡᠵᠢᠭᠡ ᠡᠪᠡᠷ ᠨᠢ ᠴᠦ ᠲᠡᠭᠰᠢ ᠥᠨᠴᠥᠭ ᠲᠠᠢ᠂ ᠣᠨᠴᠠᠭᠠᠶᠢᠯᠠᠨ ︽ ᠶᠢᠨ︾ ᠢ ᠪᠢᠴᠢᠬᠦ ᠳᠤ ᠤᠷᠳᠤ ᠰᠢᠯᠪᠢ ᠶᠢ ᠤᠳᠤ ᠶᠢᠨ ᠮᠡᠲᠦ ᠵᠡᠭᠦᠨ ᠤᠷᠤᠭᠰᠢ ᠭᠤᠯᠭᠤᠭᠤᠯᠬᠤ ᠪᠢᠰᠢ᠂ ᠬᠠᠷᠢᠨ ᠵᠡᠭᠦᠨ ᠲᠠᠰᠢᠭᠤ ᠠᠴᠠ ᠪᠠᠷᠠᠭᠤᠨᠰᠢ ᠥᠭᠡᠳᠡᠯᠡᠭᠦᠯᠦᠨ ᠨᠢᠷᠤᠭᠤ ᠬᠦᠷᠭᠡᠭᠡᠳ᠂ ᠰᠡᠬᠦᠯ ︵ᠣᠷᠬᠢᠴᠠ ᠶᠢ︶ ᠢ ᠨᠢ ᠴᠦ ᠠᠷᠤ ᠵᠦᠭ ᠤᠷᠬᠢᠬᠤ ᠶᠢ ᠴᠢᠬᠤᠯᠠᠴᠢᠯᠠᠬᠤ ᠪᠢᠰᠢ᠂ ᠬᠠᠷᠢᠨ ᠲᠤᠰ ᠪᠦᠷᠢ ᠳᠣᠷᠣᠭᠰᠢ ᠲᠠᠲᠠᠵᠤ ᠭᠠᠷᠭᠠᠳᠠᠭ ᠣᠨᠴᠠᠯᠢᠭ ᠲᠠᠢ ᠪᠠᠶᠢᠨ᠎ᠠ᠃ ᠡᠨᠡ ᠨᠢ ᠠᠶᠠᠨᠳᠠᠭᠠᠨ ᠦᠵᠦᠭ ᠤᠨ ᠪᠢᠴᠢᠯᠭᠡ ᠳᠤ ᠲᠣᠬᠢᠷᠠᠵᠤ ᠪᠠᠶᠢᠨ᠎ᠠ᠃
 
ᠢᠷᠡᠯᠲᠡ᠄ ᠲᠤᠮᠳᠠᠳᠦ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号