ᠮᠠᠯ ᠲᠠᠮᠠᠭᠠᠯᠠᠬᠤ ᠶᠣᠰᠣᠨ
ᠨᠡᠶᠢᠲᠡᠯᠡᠭᠰᠡᠨ ᠴᠠᠭ᠄
2024/10/24
         ᠮᠠᠯ ᠲᠠᠮᠠᠭᠠᠯᠠᠬᠤ ᠶᠣᠰᠣᠨ                                                            ᠠ᠊ · ᠥᠯᠵᠡᠢ            ᠮᠠᠯ ᠤᠨ ᠲᠠᠮᠠᠭ᠎ᠠ ᠶᠢᠨ ᠰᠣᠶᠣᠯ ᠪᠣᠯ ᠨᠡᠭᠦᠳᠡᠯ ᠮᠠᠯᠵᠢᠯ ᠤᠨ ᠰᠣᠶᠣᠯ ᠤᠨ ᠨᠢᠭᠡᠨ ᠪᠦᠷᠢᠯᠳᠦᠭᠦᠨ ᠬᠡᠰᠡᠭ  ᠨᠢ ᠮᠥᠨ᠃ ᠮᠣᠩᠭᠤᠯᠴᠤᠳ ᠬᠡᠳᠦᠨ ᠮᠢᠩᠭᠠᠨ ᠵᠢᠯ ᠤᠨ ᠲᠤᠷᠰᠢ ᠮᠠᠯ ᠮᠠᠯᠵᠢᠵᠤ᠂ ᠬᠠᠲᠠᠭᠤᠵᠢᠯᠲᠠᠢ ᠪᠠᠷ ᠠᠵᠢᠯᠯᠠᠵᠤ ᠢᠷᠡᠭᠰᠡᠨ ᠤ ᠳᠤᠮᠳᠠᠬᠢ ᠰᠢᠨᠵᠢᠯᠡᠬᠦ ᠤᠬᠠᠭᠠᠨᠴᠢ ᠡᠵᠡᠩᠨᠡᠯᠲᠡ ᠶᠢᠨ ᠠᠷᠭ᠎ᠠ ᠪᠠᠷᠢᠯ ᠢ ᠪᠠᠷᠢᠮᠲᠠᠯᠠᠭᠰᠠᠨ ᠰᠣᠶᠣᠯ ᠮᠥᠨ᠃ ᠲᠡᠦᠬᠡ ᠰᠤᠳᠤᠷ ᠲᠤ ᠮᠠᠯ ᠤᠨ ᠲᠠᠮᠠᠭ᠎ᠠ ᠶᠢᠨ ᠰᠣᠶᠣᠯ ᠢ ᠲᠡᠮᠳᠡᠭᠯᠡᠭᠰᠡᠨ ᠪᠠᠷᠢᠮᠲᠠ 4000 - 5000 ᠵᠢᠯ ᠤᠨ ᠲᠡᠦᠬᠡ ᠲᠠᠢ ᠪᠣᠯᠵᠠᠢ᠃ ᠳᠠᠷᠤᠢ ᠲᠥᠪ ᠠᠽᠢᠶ᠎ᠠ᠂ ᠲᠣᠮᠳᠠᠳᠣ ᠠᠽᠢᠶ᠎ᠠ ᠶᠢᠨ ᠨᠤᠲᠤᠭ  ᠢᠶᠠᠷ ᠨᠡᠭᠦᠳᠡᠯᠯᠡᠨ ᠮᠠᠯᠵᠢᠵᠤ ᠢᠷᠡᠭᠰᠡᠨ ᠮᠣᠩᠭᠤᠯᠴᠤᠳ ᠤᠨ ᠮᠠᠰᠢ ᠡᠷᠲᠡᠨ ᠤ ᠲᠠᠮᠠᠭᠠᠨ ᠲᠡᠦᠬᠡ ᠶᠢ ᠰᠤᠳᠤᠷ ᠪᠢᠴᠢᠭ ᠤᠳ ᠲᠤ ᠲᠡᠮᠳᠡᠭᠯᠡᠵᠦ ᠪᠤᠢ᠃ ᠲᠠᠮᠠᠭ᠎ᠠ ᠬᠡᠳᠡᠭ ᠪᠣᠯ ᠤᠳᠣᠠ ᠭᠠᠷᠠᠭ᠂ ᠬᠥᠮᠥᠨ ᠠᠮᠢᠳᠠᠠ᠂ ᠡᠪᠡᠰᠦ ᠤᠷᠭᠤᠮᠠᠯ᠂ ᠡᠳ᠋ ᠶᠠᠭᠤᠮ᠎ᠠ ᠶᠢᠨ ᠬᠡᠪ ᠵᠠᠭᠪᠤᠷ ᠢ ᠳᠠᠭᠤᠷᠢᠶᠠᠨ ᠵᠣᠬᠢᠶᠠᠭᠰᠠᠨ ᠲᠡᠮᠦᠷ ᠢᠶᠠᠷ ᠦᠢᠯᠡᠳᠦᠭᠰᠡᠨ ᠪᠠᠭᠠᠵᠢ ᠮᠥᠨ ︵ᠡᠷᠲᠡᠨ ᠳᠡᠭᠡᠨ ᠬᠦᠷᠡᠯ  ᠢᠶᠠᠷ ᠦᠢᠯᠡᠳᠴᠦ ᠪᠠᠶᠢᠪᠠ︶᠃ ᠮᠠᠯᠴᠢᠳ ᠲᠠᠮᠠᠭ᠎ᠠ ᠪᠠᠷ ᠢᠶᠠᠨ ᠥᠪᠡᠷ ᠤᠨ ᠮᠠᠯ ᠢᠶᠠᠨ ᠪᠤᠰᠤᠳ ᠤᠨ ᠮᠠᠯ  ᠠᠴᠠ ᠢᠯᠭᠠᠪᠤᠷᠢᠯᠠᠬᠤ ᠭᠠᠷ ᠲᠡᠮᠳᠡᠭ ᠪᠣᠯᠭᠠᠳᠠᠭ᠃ ᠮᠣᠩᠭᠤᠯᠴᠤᠳ ᠶᠡᠭᠡ ᠡᠷᠲᠡᠨ ᠠᠴᠠ ᠠᠪᠤᠭᠠᠳ ᠥᠪᠡᠷ ᠤᠨ ᠮᠠᠯ ᠢᠶᠠᠨ ᠥᠩᠭᠡ ᠵᠢᠰᠦᠮ᠂ ᠣᠨᠴᠠᠯᠢᠭ ᠰᠢᠨᠵᠢ ᠪᠠᠷ ᠨᠢ ᠢᠯᠭᠠᠨ ᠲᠠᠨᠢᠵᠤ ᠪᠦᠷᠢᠳᠬᠡᠳᠡᠭ ᠪᠤᠯᠪᠠᠴᠣ ᠠᠯᠳᠠᠭᠰᠠᠨ ᠬᠡᠬᠡᠭᠰᠠᠠ ᠪᠤᠶᠤ ᠪᠤᠰᠤᠳ ᠤᠨ ᠰᠦᠷᠦᠭ ᠲᠤ ᠨᠡᠶᠢᠯᠡᠭᠰᠡᠨ ᠮᠠᠯ ᠢᠶᠠᠨ ᠲᠠᠨᠢᠵᠤ ᠠᠪᠬᠤ ᠳᠠᠭᠠᠨ ᠢᠮ ᠲᠠᠮᠠᠭ᠎ᠠ ᠪᠠᠷ ᠨᠢ ᠬᠠᠤᠯᠢ ᠶᠢᠨ ᠭᠡᠷᠡᠴᠢ ᠪᠣᠯᠭᠠᠳᠠᠭ ᠪᠢᠯᠡ᠃ ᠲᠠᠶᠢᠮᠣ ᠠᠴᠠ ︽ᠠᠯᠳᠠ ᠪᠡᠶ᠎ᠡ ᠳᠤ ᠠᠮᠠ ᠭᠡᠷᠡᠴᠢ᠂ ᠠᠳᠤᠭᠤ ᠮᠠᠯ ᠳᠤ ᠲᠠᠮᠠᠭ᠎ᠠ ᠭᠡᠷᠡᠴᠢ︾ ᠬᠡᠳᠡᠭ᠃ ᠲᠠᠮᠠᠭ᠎ᠠ ᠨᠢ ᠬᠠᠤᠯᠢ ᠪᠠᠷ ᠪᠠᠲᠤᠯᠠᠬᠤ ᠭᠡᠷᠡᠴᠢ ᠪᠠᠷᠢᠮᠲᠠ ᠪᠤᠯᠳᠠᠬ ᠢᠶᠠᠷ ᠦᠯᠣ ᠪᠠᠷᠠᠮ᠂ ᠮᠠᠯ ᠤᠨ ᠡᠩᠬᠡ ᠮᠠᠠᠳᠣ ᠶᠢ ᠢᠪᠡᠭᠡᠬᠦ᠂ ᠥᠨᠢᠷ ᠥᠰᠬᠦ ᠶᠢ ᠰᠣᠶᠣᠷᠬᠠᠬᠤ ᠷᠢᠳᠢ ᠰᠢᠳᠢ ᠲᠠᠢ ᠪᠡᠯᠭᠡ ᠲᠡᠮᠳᠡᠭ ᠬᠡᠮᠡᠨ ᠦᠵᠡᠳᠡᠭ᠃ ᠮᠠᠯ ᠲᠠᠮᠠᠭᠠᠯᠠᠬᠤ ᠳᠤ ᠡᠬᠢᠨ ᠤ ᠲᠠᠮᠠᠭ᠎ᠠ ᠶᠢ ᠵᠠᠪᠠᠯ ᠭᠡᠷ ᠤᠨ ᠡᠵᠡᠨ ᠨᠢ ᠤᠷᠢᠳᠠᠪᠠᠷ ᠳᠠᠷᠤᠬᠤ ᠪᠤᠶᠤ ᠠᠶᠢᠯ ᠰᠠᠭᠠᠬᠠᠯᠲᠠ ᠳᠠᠭᠠᠨ ᠬᠦᠨᠳᠦᠲᠡᠢ᠂ ᠠᠳᠤᠭᠤ ᠮᠠᠯ ᠳᠠᠭᠠᠨ ᠬᠠᠶᠢᠷᠠᠲᠠᠢ ᠨᠠᠰᠤᠲᠠᠨ ᠢ ᠤᠷᠢᠵᠤ ᠳᠠᠷᠤᠭᠤᠯᠳᠠᠭ᠃ ᠠᠳᠤᠭᠤ ᠲᠠᠮᠠᠭᠠᠯᠠᠬᠤ ᠳᠤ ᠶᠡᠷᠦᠩᠬᠡᠢ ᠳᠡᠭᠡᠨ ᠬᠠᠪᠤᠷ ᠤᠨ ᠠᠳᠤᠭᠤ ᠲᠠᠮᠠᠭᠠᠯᠠᠬᠤ ᠶᠢ ᠲᠣᠬᠢᠶᠠᠯᠳᠤᠭᠤᠯᠤᠨ᠎ᠠ᠃ ᠠᠳᠤᠭᠤᠨ ᠳᠤ ᠲᠠᠮᠠᠭ᠎ᠠ ᠳᠠᠷᠤᠬᠤ ᠳᠠᠭᠠᠨ ᠲᠠᠮᠠᠭᠠᠯᠠᠬᠤ ᠭᠠᠵᠠᠷ ᠤᠨ ᠬᠢᠨᠢ ᠦᠰᠦ  ᠶᠢ ᠬᠠᠶᠢᠴᠢᠯᠠᠬᠤ ᠪᠤᠶᠤ ᠤᠰᠤ ᠪᠠᠷ ᠨᠣᠷᠣᠭᠠᠬᠰᠠᠠ ᠤ ᠲᠠᠷᠠᠭ᠎ᠠ ᠬᠠᠯᠠᠭᠤᠨ ᠲᠠᠮᠠᠭ᠎ᠠ ᠪᠠᠨ ᠡᠪ ᠲᠣᠬᠢᠲᠠᠢ ᠳᠠᠷᠤᠳᠠᠭ᠃ ᠲᠠᠮᠠᠭ᠎ᠠ ᠶᠢ ᠠᠷᠭᠠᠯ ᠤᠨ ᠭᠠᠯ ᠢᠶᠠᠷ ᠬᠠᠯᠠᠭᠠᠵᠤ ᠬᠡᠳᠣ ᠤᠯᠠᠶᠢᠯᠠᠭᠠᠬᠤ ᠦᠭᠡᠢ ᠪᠠᠶᠢᠳᠠᠭ᠃ ᠮᠣᠷᠢᠨ ᠤ ᠬᠠ ᠳᠡᠭᠡᠷ᠎ᠡ ᠲᠠᠮᠠᠭ᠎ᠠ ᠳᠠᠷᠤᠬᠤ ᠶᠢ ᠴᠡᠭᠡᠷᠯᠡᠳᠡᠭ᠃ ᠠᠳᠤᠭᠤ ᠶᠢ ᠵᠥᠪᠲᠡᠢ ᠲᠠᠯ᠎ᠠ ᠶᠢᠨ ᠭᠤᠶ᠎ᠠ ᠪᠤᠶᠤ ᠲᠠᠰᠢᠶ᠎ᠠ ᠳᠤᠨᠢ ᠲᠠᠮᠠᠭᠠᠯᠠᠨ᠎ᠠ᠃ ᠮᠣᠩᠭᠤᠯᠴᠤᠳ ᠵᠥᠪ ᠲᠠᠯ᠎ᠠ ᠳᠤᠨᠢ ᠲᠠᠮᠠᠭᠠᠯᠠᠬᠤ ᠶᠢ ᠡᠷᠬᠢᠮᠯᠠᠳᠡᠭ ᠨᠢ ᠨᠠᠷᠠᠠ ᠵᠥᠪ ᠡᠷᠭᠢᠬᠦ ᠶᠣᠰᠣ ᠶᠢ ᠳᠡᠭᠡᠳᠦᠯᠡᠵᠦ᠂ ᠵᠥᠪ ᠲᠠᠯ᠎ᠠ ᠶᠢ ᠪᠡᠯᠭᠡ ᠲᠠᠢ ᠭᠡᠵᠦ ᠦᠵᠡᠳᠡᠭ ᠲᠠᠢ ᠨᠢ ᠬᠤᠯᠪᠣᠭᠳᠠᠬᠤ ᠪᠥᠭᠡᠳ ᠭᠦᠳᠠᠯᠮᠣᠷᠢ ᠶᠢᠨ ᠵᠠᠩᠰᠢᠯ ᠳᠠᠳᠬᠠᠯ ᠲᠠᠢ ᠨᠢ ᠴᠣ᠋ ᠬᠤᠯᠪᠣᠭᠠᠲᠠᠢ᠃ ᠲᠠᠮᠠᠭ᠎ᠠ ᠶᠢᠨ ᠲᠣᠭᠤᠷᠢᠭ ᠤᠨ ᠬᠡᠮᠵᠢᠶ᠎ᠡ ᠨᠢ ᠴᠠᠢ ᠶᠢᠨ ᠴᠣᠮᠣ ᠴᠢᠨᠡᠭᠡᠨ ᠪᠠᠶᠢᠳᠠᠭ᠃ ᠪᠤᠬ ᠮᠠᠯ ᠳᠤ ᠬᠡᠷᠡᠭᠯᠡᠬᠦ ᠲᠠᠮᠠᠭ᠎ᠠ ᠶᠢᠨ ᠬᠡᠯᠪᠠᠷᠢ ᠨᠢ ᠮᠠᠰᠢ ᠤᠯᠠᠠ ᠵᠦᠢᠯ ᠪᠠᠶᠢᠳᠠᠭ ᠴᠣ᠋ ᠶᠡᠭᠡ ᠪᠠᠭ᠎ᠠ ᠨᠢ ᠶᠡᠷᠦ ᠳᠡᠭᠡᠨ ᠬᠤᠷᠤᠭᠤᠨ ᠥᠨᠳᠡᠭᠡᠨ ᠬᠢᠷᠢᠲᠡᠢ ᠯᠠ ᠪᠠᠶᠢᠳᠠᠭ᠃ ᠪᠤᠬ ᠮᠠᠯ ᠢ ᠠᠯᠢ ᠤᠯᠠᠷᠢᠯ ᠳᠤ ᠴᠣ᠋ ᠲᠠᠮᠠᠭᠠᠯᠠᠵᠤ ᠪᠤᠯᠳᠠᠬ᠃ ᠭᠡᠪᠡᠴᠦ ᠥᠯᠵᠡᠢ ᠪᠡᠯᠭᠡ ᠲᠠᠢ ᠰᠠᠶᠢᠬᠠᠨ ᠡᠳᠦᠷ ᠢ ᠰᠣᠩᠭᠤᠳᠠᠭ ᠶᠤᠮ᠃ ᠡᠪᠡᠷ ᠪᠤᠶᠤ ᠴᠢᠬᠢ ᠳᠡᠭᠡᠷ᠎ᠡ ᠨᠢ ᠲᠠᠮᠠᠭᠠᠯᠠᠨ᠎ᠠ᠃ ᠲᠠᠮᠠᠭ᠎ᠠ ᠶᠢᠨ ᠲᠣᠯᠣᠭᠠᠢ ᠲᠠᠯ᠎ᠠ ᠶᠢ ᠵᠠᠪᠠᠯ ᠮᠠᠯ ᠤᠨ ᠲᠣᠯᠣᠭᠠᠢ ᠲᠠᠰᠢ ᠡᠰᠡᠬᠦᠯ᠎ᠡ ᠨᠢᠷᠤᠭᠤ ᠲᠠᠰᠢ ᠬᠠᠨᠳᠤᠭᠤᠯᠤᠨ ᠳᠠᠷᠤᠳᠠᠭ ᠶᠣᠰᠣᠲᠠᠢ᠃ ᠮᠣᠩᠭᠤᠯᠴᠤᠳ ᠮᠠᠯ ᠤᠨ ᠲᠠᠮᠠᠭ᠎ᠠ ᠶᠢ ᠬᠦᠨᠳᠦᠳᠬᠡᠨ ᠦᠵᠡᠳᠡᠭ᠃ ᠡᠩ ᠤᠨ ᠦᠶ᠎ᠡ ᠳᠤ ᠮᠠᠯ ᠤᠨ ᠲᠠᠮᠠᠭ᠎ᠠ ᠶᠢ ᠬᠠᠳᠠᠭᠠᠯᠠᠬᠤ ᠳᠠᠭᠠᠨ ᠡᠰᠢᠨ ᠳᠤᠨᠢ ᠬᠠᠳᠠᠬ ᠤᠶᠠᠵᠤ ᠤᠨᠢ ᠳᠤ ᠬᠠᠪᠴᠢᠭᠤᠯᠬᠤ ᠪᠤᠶᠤ ᠬᠠᠨ᠎ᠠ ᠶᠢᠨ ᠲᠣᠯᠣᠭᠠᠢ ᠳᠤ ᠡᠯᠭᠦᠨ᠎ᠡ᠃ ᠬᠤᠳᠠᠯᠳᠤᠭᠰᠠᠨ ᠮᠠᠯ ᠤᠨ ᠢᠶᠠᠨ ᠨᠣᠣᠰᠣ᠂ ᠲᠠᠯ᠂ ᠰᠠᠭᠦᠯ ᠠᠴᠠ ᠠᠪᠴᠤ ᠲᠠᠮᠠᠭᠠᠨ ᠤ ᠪᠠᠷᠢᠭᠤᠯ ᠳᠤ ᠤᠶᠠᠳᠠᠭ᠃ ᠲᠠᠮᠠᠭᠠᠨ ᠤ ᠳᠡᠭᠡᠭᠦᠷ ᠠᠯᠬᠤᠬᠤ ᠶᠢ ᠴᠡᠭᠡᠷᠯᠡᠨ᠎ᠡ᠃ ᠲᠠᠮᠠᠭᠠᠨ ᠤ ᠲᠣᠯᠣᠭᠠᠢ ᠶᠢ ᠳᠣᠭᠤᠭᠰᠢ ᠬᠠᠨᠳᠤᠭᠤᠯᠬᠤ ᠪᠤᠶᠤ ᠭᠠᠵᠠᠷ ᠳᠠᠷᠤᠬᠤ ᠶᠢ ᠴᠡᠭᠡᠷᠯᠡᠨ᠎ᠡ᠃ ᠮᠠᠯ ᠢᠶᠠᠨ ᠲᠠᠮᠠᠭᠠᠯᠠᠵᠤ ᠪᠠᠷᠠᠪᠠᠯ᠄ ︽ ᠲᠠᠮᠠᠭᠠᠯᠠᠭᠰᠠᠨ ᠮᠠᠯ ᠮᠢᠨᠢ ᠲᠠᠯ᠎ᠠ ᠳᠦᠭᠦᠷᠴᠦ᠂ ᠲᠡᠮᠳᠡᠭᠯᠡᠭᠰᠡᠨ ᠮᠠᠯ ᠮᠢᠨᠢ ᠲᠡᠭᠷᠢ ᠶᠢᠨ ᠤᠳᠣ ᠪᠣᠯᠤᠭ︕︾ ᠭᠡᠵᠦ ᠪᠡᠯᠭᠡᠳᠡᠭᠡᠳ ᠰᠦᠷᠦᠭ ᠤᠨ ᠡᠵᠡᠨ ᠨᠢ ᠨᠠᠶᠢᠷᠯᠠᠳᠠᠭ ᠪᠠᠶᠢᠭᠰᠠᠨ ᠵᠠᠩᠰᠢᠯ ᠲᠠᠢ᠃ ᠪᠢᠳᠠ ᠮᠠᠯ ᠤᠨ ᠲᠠᠮᠠᠭᠠᠨ ᠰᠣᠶᠣᠯ ᠢ ᠮᠣᠩᠭᠤᠯ ᠰᠣᠶᠣᠯ ᠤᠨ ᠢᠶᠠᠨ ᠴᠢᠬᠤᠯᠠ ᠨᠢᠭᠡ ᠪᠦᠷᠢᠯᠳᠦᠭᠦᠨ  ᠢᠶᠠᠷ ᠲᠠᠨᠢᠵᠤ᠂ ᠵᠠᠯᠭᠠᠮᠵᠢᠯᠠᠨ ᠳᠡᠯᠭᠡᠷᠡᠭᠦᠯᠬᠦ ᠬᠡᠷᠡᠭᠲᠡᠢ ᠪᠠᠶᠢᠨ᠎ᠠ᠃ ᠡᠨᠡ ᠪᠣᠯ ᠦᠢ ᠤᠯᠠᠠ ᠮᠠᠯᠴᠢᠳ ᠤᠨ ᠮᠠᠨᠢ ᠥᠪᠡᠷ ᠤᠨ ᠬᠢᠨᠢ ᠶᠠᠪᠤᠳᠠᠯ ᠮᠥᠨ᠃ ᠥᠪᠡᠷ ᠤᠨ ᠶᠠᠪᠤᠳᠠᠯ ᠢᠶᠠᠨ ᠥᠪᠡᠷ ᠢᠶᠠᠨ ᠬᠢᠬᠦ ᠦᠭᠡᠢ ᠥᠭᠡᠷ᠎ᠡ ᠬᠡᠨ ᠬᠢᠬᠦ ᠪᠤᠢ︖ ᠲᠠᠬᠡᠭᠦ ᠳᠤ ᠤᠳᠣ ᠬᠠᠷᠢᠨ ᠲᠠᠪᠤᠨ ᠬᠤᠰᠢᠭᠤ ᠮᠠᠯ ᠳᠠᠭᠠᠨ ᠥᠩᠭᠡ ᠪᠤᠳᠤᠬ ᠬᠤᠯᠢᠵᠤ ᠲᠣᠯᠣᠭᠠᠢ ᠲᠦᠷᠣᠭᠦᠣ ᠦᠭᠡᠢ ᠪᠤᠵᠠᠷᠲᠤᠭᠤᠯᠵᠤ ᠯᠠ ᠪᠠᠶᠢᠨ᠎ᠠ᠃ ᠮᠠᠯ ᠤᠨ ᠵᠢᠰᠦᠮ ᠳᠤ ᠥᠩᠭᠡ ᠪᠤᠳᠤᠬ ᠲᠠᠯᠪᠢᠬᠤ  ᠨᠢ ᠮᠠᠯ ᠤᠨ ᠤᠩᠭᠠᠰᠤ ᠨᠣᠣᠰᠣᠨ ᠳᠤ ᠨᠥᠯᠥᠭᠡ ᠲᠠᠢ ᠪᠠᠷ ᠦᠯᠣ ᠪᠠᠷᠠᠮ᠂ ᠮᠠᠯ ᠤᠨ ᠥᠩᠭᠡ ᠰᠦᠯᠳᠡ ᠶᠢ ᠴᠣ᠋ ᠦᠵᠡᠮᠦᠷᠢ ᠦᠭᠡᠢ ᠪᠣᠯᠭᠠᠳᠠᠭ ᠶᠤᠮ᠃
 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号