ᠮᠠᠯᠴᠢᠨ ᠲᠦᠮᠡᠨ ᠤ ᠨᠣᠮ ᠤᠨ ᠦᠷᠦᠭᠡ - ᠬᠥᠬᠡ ᠣᠴᠢ ᠨᠣᠮ ᠤᠨ ᠦᠷᠦᠭᠡ
ᠨᠡᠶᠢᠲᠡᠯᠡᠭᠰᠡᠨ ᠴᠠᠭ᠄
2023/12/1
     ᠮᠣᠩᠭᠤᠯᠴᠤᠳ ᠡᠷᠲᠡ ᠳᠡᠭᠡᠳᠦ ᠠᠴᠠ ᠪᠠᠨ ᠠᠪᠤᠭᠠᠳ ᠥᠪᠡᠷ ᠢᠶᠠᠨ ᠤᠷᠠᠩᠬᠠᠢ᠂ ᠨᠥᠬᠦᠭᠡᠰᠦᠲᠡᠢ ᠲᠡᠪᠡᠯ ᠡᠮᠦᠰᠦᠭᠰᠡᠨ ᠴᠦ ᠨᠣᠮ ᠰᠤᠳᠤᠷ ᠢᠶᠠᠨ ᠲᠣᠷᠭ᠎ᠠ ᠬᠤᠷᠭᠤᠢ ᠪᠠᠷ ᠪᠠᠷᠢᠨᠲᠠᠭᠯᠠᠨ ᠳᠡᠭᠡᠳᠦᠯᠡᠳᠡᠭ ᠶᠤᠮ᠃ ᠢᠨᠲ᠋ᠧᠷ ᠰᠦᠯᠵᠢᠶ᠎ᠡ᠂ ᠭᠠᠷ ᠤᠲᠠᠰᠤ ᠥᠷᠭᠡᠨ ᠢᠶᠠᠷ ᠲᠦᠭᠡᠮᠡᠯᠵᠢᠭᠰᠡᠨ ᠥᠨᠥᠳᠥᠷ ᠤᠯᠠᠮᠵᠢᠯᠠᠯ ᠢᠶᠠᠨ ᠬᠦᠨᠳᠦᠳᠬᠡᠨ᠂ ᠨᠣᠮ ᠪᠢᠴᠢᠭ ᠢᠶᠠᠨ ᠳᠡᠭᠡᠳᠦᠯᠡᠵᠦ ᠶᠠᠪᠤᠭ᠎ᠠ ᠶᠢᠨ ᠨᠢᠭᠡᠨ ᠦᠯᠢᠭᠡᠷ ᠵᠢᠱᠢᠶ᠎ᠡ ᠪᠣᠯ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠠᠭᠠᠨᠮᠣᠳᠤ ᠰᠤᠮᠤ ᠶᠢᠨ ᠥᠪᠥᠷᠵᠢᠯᠠᠭ᠎ᠠ ᠭᠠᠴᠠᠭᠠᠨ ᠤ ᠠᠬᠠᠮᠠᠳ ᠪᠠᠭᠰᠢ ᠪᠣᠯᠣᠨ᠎ᠠ᠃      ᠪᠥᠬᠡᠪᠠᠶᠠᠷ 1985 ᠣᠨ ᠳᠤ ᠤᠯᠠᠭᠠᠨᠮᠣᠳᠤ ᠪᠠᠭ᠎ᠠ ᠰᠤᠷᠭᠠᠭᠤᠯᠢ ᠳᠤ ᠠᠵᠢᠯ ᠤᠨ ᠭᠠᠷᠤᠭ᠎ᠠ ᠪᠠᠨ ᠠᠪᠴᠤ ᠪᠠᠭᠰᠢᠯᠠᠭᠠᠳ ᠨᠢᠭᠡᠨᠲᠡ ᠭᠤᠴᠢᠭᠠᠳ ᠵᠢᠯ ᠤᠨ ᠨᠢᠭᠤᠷ ᠢ ᠦᠵᠡᠪᠡ᠃ ᠲᠡᠷᠡ ᠶᠡᠷᠦ ᠨᠢ ᠨᠣᠮ ᠪᠢᠴᠢᠭ ᠲᠤ ᠳᠤᠷ᠎ᠠ ᠪᠠᠭ᠋ᠠᠲᠠᠢ ᠪᠠᠶᠢᠳᠠᠭ   ᠠᠴᠠ ᠨᠠᠰᠦᠨ ᠲᠤᠷᠰᠢᠲᠠ ᠪᠠᠨ ᠤᠯᠠᠨ ᠨᠣᠮ ᠴᠤᠭᠯᠠᠭᠤᠯᠵᠤ ᠤᠩᠰᠢᠳᠠᠭ ᠪᠠᠶᠢᠯ᠎ᠠ᠃      ᠭᠠᠢ ᠭᠠᠵᠠᠷ ᠳᠣᠣᠷ᠎ᠠ ᠠᠴᠠ ᠭᠡᠳᠡᠭᠴᠢᠯᠡᠨ 2010 ᠣᠨ ᠳᠤ ᠪᠥᠬᠡᠪᠠᠶᠠᠷ ᠲᠡᠷᠭᠡᠨ ᠠᠳᠡᠯ ᠠᠴᠠ ᠪᠣᠯᠵᠤ ᠬᠢᠴᠢᠶᠡᠯ ᠤᠨ ᠲᠠᠶᠢᠰᠠ ᠳᠤ ᠭᠠᠷᠴᠤ ᠬᠢᠴᠢᠶᠡᠯ ᠵᠢᠭᠠᠵᠤ ᠲᠠᠶᠢᠯᠭᠦ ᠪᠠᠨ ᠪᠣᠯᠢᠭᠰᠠᠨ ᠴᠤ ᠥᠭᠡᠷ᠎ᠡ ᠶᠠᠮᠠᠷ ᠨᠢᠭᠡᠨ ᠠᠷᠭ᠎ᠠ ᠪᠠᠷ ᠰᠤᠷᠤᠬᠴᠢ᠂ ᠤᠯᠠᠨ ᠲᠦᠮᠡᠨ ᠢᠶᠠᠨ ᠨᠣᠮ ᠪᠢᠴᠢᠭ ᠲᠠᠢ ᠣᠶᠢᠷᠠᠲᠤᠭᠤᠯᠬᠤ ᠪᠢᠯᠡ ᠭᠡᠵᠦ ᠵᠥᠩᠳᠡᠭᠡᠨ ᠪᠤᠳᠤᠵᠦ᠂ ᠨᠣᠮ ᠤᠨ ᠦᠷᠦᠭᠡ ᠪᠠᠶᠢᠭᠤᠯᠬᠤ ᠪᠠᠷ ᠵᠣᠷᠢᠭ ᠰᠢᠭᠤᠳᠴᠠᠢ᠃ 2019 ᠣᠨ ᠤ 1 ᠰᠠᠷ᠎ᠠ ᠳᠤ᠂ ᠨᠡᠶᠢᠭᠡᠮ  ᠤᠨ ᠡᠯ᠎ᠡ ᠡᠲᠡᠭᠡᠳ ᠤᠨ ᠬᠠᠯᠠᠭᠤᠨ ᠳᠡᠮᠵᠢᠯᠭᠡ ᠳᠣᠣᠷ᠎ᠠ ᠪᠥᠬᠡᠪᠠᠶᠠᠷ ᠪᠠᠭᠰᠢ ︽ᠬᠥᠬᠡ ᠣᠴᠢ ᠨᠣᠮ ᠤᠨ ᠦᠷᠦᠭᠡ︾  ᠪᠠᠨ ᠪᠠᠶᠢᠭᠤᠯᠤᠭᠰᠠᠨ ᠪᠠᠶᠢᠨ᠎ᠠ᠃      ᠨᠣᠮ ᠤᠨ ᠥᠷᠥᠭᠡᠨ ᠳᠤ ᠲᠡᠭᠦᠨ ᠤ ᠤᠤᠯ ᠤᠨ ᠬᠠᠳᠠᠭᠠᠯᠠᠵᠤ ᠴᠤᠭᠯᠠᠭᠤᠯᠤᠭᠰᠠᠨ ᠨᠣᠮ ᠠᠴᠠ ᠭᠠᠳᠠᠨ᠎ᠠ᠂ ᠥᠪᠥᠷ ᠮᠣᠩᠭᠤᠯ ᠤᠨ ᠨᠣᠮ ᠤᠨ ᠰᠠᠩ᠂ ᠠᠶᠢᠮᠠᠭ ᠤᠨ ᠨᠣᠮ ᠤᠨ ᠰᠠᠩ᠂ ᠬᠤᠰᠢᠭᠤᠨ ᠤ ᠨᠣᠮ ᠤᠨ ᠰᠠᠩ᠂ ᠬᠠᠯᠠᠭᠤᠨ ᠰᠡᠳᠬᠢᠯᠲᠦ ᠮᠠᠯᠴᠢᠳ ᠪᠣᠯᠣᠨ ᠤᠯᠠᠭᠠᠨᠮᠣᠳᠤ ᠲᠤᠮᠳᠠᠳᠤ ᠰᠤᠷᠭᠠᠭᠤᠯᠢ᠂ ᠤᠯᠠᠭᠠᠨᠮᠣᠳᠤ ᠪᠠᠭ᠎ᠠ ᠰᠤᠷᠭᠠᠭᠤᠯᠢ ᠠᠴᠠ ᠬᠠᠨᠳᠢᠪᠯᠡᠭ᠌ᠰᠠᠨ ᠬᠢᠲᠠᠳ ᠮᠣᠩᠭᠤᠯ ᠡᠯ᠎ᠡ ᠲᠦᠷᠦᠯ ᠤᠨ ᠨᠣᠮ 10000 ᠭᠠᠷᠤᠢ ᠳᠡᠪᠲᠡᠷ ᠪᠠᠶᠢᠨ᠎ᠠ᠃ ᠲᠤᠰ ᠨᠣᠮ  ᠤᠨ ᠦᠷᠦᠭᠡ ᠵᠢᠯ ᠤᠨ ᠲᠦᠷᠪᠡᠨ ᠤᠯᠠᠷᠢᠯ ᠳᠤ ᠡᠭᠦᠳᠡ ᠪᠠᠨ ᠨᠡᠭᠡᠭᠡᠵᠦ᠂ ᠮᠠᠯᠴᠢᠨ ᠲᠦᠮᠡᠨ ᠪᠠ ᠰᠤᠷᠤᠬᠴᠢᠳ ᠤᠨ ᠨᠣᠮ ᠪᠢᠴᠢᠭ ᠦᠵᠡᠬᠦ ᠳᠤ ᠪᠣᠯᠣᠮᠵᠢ ᠬᠠᠩᠭᠠᠪᠠ᠃ ᠲᠤᠰ ᠨᠣᠮ ᠤᠨ ᠦᠷᠦᠭᠡ ᠪᠠᠶᠢᠭᠤᠯᠤᠭᠳᠠᠭᠰᠠᠨ ᠠᠴᠠ ᠨᠠᠭᠠᠰᠢ᠂ ᠪᠠᠭᠠᠴᠤᠳ ᠬᠡᠦᠬᠡᠳ ᠤᠨ ᠤᠷᠠᠨ ᠤᠩᠰᠢᠯᠭ᠎ᠠ ᠶᠢᠨ ᠤᠷᠤᠯᠳᠤᠭᠠᠨ᠂ ᠤᠯᠠᠮᠵᠢᠯᠠᠯᠲᠤ ᠱᠠᠭ᠎ᠠ ᠨᠠᠭᠠᠳᠤᠮ ᠤᠨ ᠤᠷᠤᠯᠳᠤᠭᠠᠨ ᠵᠡᠷᠭᠡ ᠡᠯᠪᠡᠭ ᠠᠭᠤᠯᠭ᠎ᠠ ᠲᠠᠢ ᠠᠵᠢᠯᠯᠠᠭ᠎ᠠ ᠨᠤᠭᠤᠳ ᠢ ᠡᠷᠭᠢᠯᠡᠵᠦ᠂ ᠤᠯᠠᠨ ᠲᠦᠮᠡᠨ ᠤ ᠰᠣᠶᠣᠯ ᠤᠨ ᠠᠮᠢᠳᠤᠷᠠᠯ ᠢ ᠶᠡᠭᠡ ᠪᠠᠷ ᠪᠠᠶᠠᠯᠢᠭᠵᠢᠭᠤᠯᠵᠠᠢ᠃ ᠪᠥᠬᠡᠪᠠᠶᠠᠷ ᠪᠠᠭᠰᠢ ᠶᠢᠨ ︽ᠬᠥᠬᠡ ᠣᠴᠢ ᠨᠣᠮ ᠤᠨ ᠦᠷᠦᠭᠡ︾ ᠨᠢ ᠥᠪᠥᠷ ᠮᠣᠩᠭᠤᠯ ᠤᠨ ᠨᠣᠮ ᠤᠨ ᠰᠠᠩ ᠤᠨ ᠬᠤᠪᠢᠶᠠᠷᠢ ᠰᠠᠩ᠂ ᠬᠢᠩᠭᠠᠨ ᠠᠶᠢᠮᠠᠭ ᠤᠨ ᠨᠣᠮ ᠤᠨ ᠰᠠᠩ ᠤᠨ ᠤᠯᠠᠭᠠᠨᠮᠣᠳᠤ ᠲᠠᠯ᠎ᠠ ᠨᠤᠲᠤᠭ ᠤᠨ ᠮᠣᠩᠭᠤᠯ ᠭᠡᠷ ᠨᠣᠮ ᠤᠨ ᠦᠷᠦᠭᠡ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠣᠮ ᠤᠨ ᠰᠠᠩ ᠤᠨ ᠤᠯᠠᠭᠠᠨᠮᠣᠳᠤ ᠲᠠᠯ᠎ᠠ ᠨᠤᠲᠤᠭ ᠤᠨ ᠦᠨᠳᠦᠰᠦᠨ ᠱᠠᠲᠤᠨ ᠳᠠᠬᠢ ᠦᠢᠯᠡᠴᠢᠯᠡᠭᠡᠨ ᠤ ᠭᠠᠵᠠᠷ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠭᠠᠵᠠᠷ ᠪᠣᠯᠤᠭᠰᠠᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号