1 | | ᠴᠠᠭᠠᠨ ᠳᠡᠷᠡᠰᠦ ᠨᠣᠭᠤᠭᠠᠷᠠᠭᠰᠠᠨ ᠵᠣᠨ ᠤ ᠡᠬᠢᠨ ᠰᠠᠷ᠎ᠠ ᠶᠢᠨ ᠲᠣᠭᠲᠠᠭᠤᠬᠠᠨ ᠨᠢᠭᠡᠨ ᠥᠷᠯᠥᠭᠡ | ᠠᠮᠤᠷᠰᠠᠨᠠᠭ᠎ᠠ ᠶᠢᠨ ᠬᠢ ᠠᠮᠤ ᠬᠠᠭᠤᠷᠤᠨ ᠪᠤᠵᠢᠭᠢᠨᠠᠯᠳᠤᠵᠤ ᠪᠠᠶᠢᠪᠠ᠃ ᠨᠢᠭᠡ ᠨᠢ ᠲᠤᠯᠭ᠎ᠠ ᠶᠢᠨ ᠠᠮᠠᠨ ᠳᠤ ᠵᠠᠪᠢᠯᠠᠨ | ᠰᠠᠭᠤᠵᠤ ᠭᠠᠯ ᠥᠷᠳᠡᠬᠦ ᠪᠥᠭᠡᠳ ᠪᠦᠰᠡᠭᠦᠢ ᠰᠠᠷᠠᠨᠲᠤᠶᠠᠭ᠎ᠠ ᠡᠯᠡᠰᠦ ᠨᠢ ᠬᠠᠷᠠᠯᠠᠵᠤ ᠬᠦᠷᠡᠩ ᠤᠯᠠᠭᠠᠨ ᠪᠣᠯᠤᠭᠰᠠᠨ | ᠲᠣᠭᠤᠭ᠎ᠠ ᠤᠷᠤᠭᠤ ᠪᠠᠨ ᠲᠣᠮᠣ ᠰᠢᠷ᠎ᠠ ᠭᠠᠤᠯᠢᠨ ᠰᠢᠨᠠᠭ᠎ᠠ ᠪᠠᠷ ᠳᠡᠷᠭᠡᠳᠡ ᠨᠢ ᠠᠮᠠ ᠶᠢ ᠨᠢ ᠡᠷᠭᠢᠭᠦᠯᠵᠦ ᠲᠠᠯᠪᠢᠭᠰᠠᠨ | ᠲᠠᠭᠠᠷᠴᠤᠭ ᠲᠠᠢ ᠳᠡᠪᠲᠦᠭᠡᠭᠰᠡᠨ ᠬᠠᠷ᠎ᠠ ᠪᠤᠳᠠᠭᠠᠨ ᠠᠴᠠ ᠤᠳᠬᠤ ᠤᠳᠬᠤ ᠠᠪᠴᠤ ᠳᠡᠭᠡᠷ᠎ᠡ ᠠᠴᠠ ᠭᠤᠭᠤᠵᠢᠭᠤᠯᠤᠨ | ᠬᠢᠬᠦ ᠶᠢᠨ ᠳᠠᠭᠠᠤ ᠬᠤᠳᠬᠤᠭᠤᠷ ᠮᠣᠳᠣ ᠪᠠᠷ ᠢᠶᠠᠨ ᠳᠠᠰᠤᠷᠠᠯᠲᠠ ᠦᠭᠡᠢ ᠬᠥᠳᠡᠯᠭᠡᠬᠦ ᠳᠤ ᠴᠠᠭᠠᠨ ᠠᠭᠤᠷ ᠪᠤᠲᠠᠷᠠᠨ | ᠲᠡᠷᠡᠬᠡᠨ ᠬᠠᠪᠢ ᠪᠠᠷ ᠶᠠᠭᠤ ᠴᠤ ᠦᠯᠦ ᠦᠵᠡᠭᠳᠡᠨ ᠴᠠᠭᠠᠨ ᠮᠠᠯᠠᠭᠠᠢ ᠠᠳᠡ ᠲᠡᠨᠳᠡ ᠦᠭᠡᠢ ᠦᠰᠦᠴᠢᠨ ᠳᠠᠬᠲᠠᠭᠠ | ᠰᠢᠪᠠᠭᠤ ᠴᠥᠯᠮᠦᠵᠦ ᠶᠠᠭᠠᠷᠠᠬᠤ ᠨᠢ ᠰᠠᠶᠢᠬᠠᠨ᠃ | | ︽ᠬᠡᠦᠬᠡᠳ ᠤᠳ ᠬᠠᠮᠢᠭ᠎ᠠ ᠪᠠᠶᠢᠨ᠎ᠠ︖︾ | | ︽ᠤᠷᠢᠳᠤ ᠵᠦᠯᠭᠡᠨ ᠳᠡᠭᠡᠷ᠎ᠡ ᠨᠠᠭᠠᠳᠴᠤ ᠪᠠᠶᠢᠨ᠎ᠠ᠃ ᠭᠠᠯ ᠲᠣᠭᠤᠭᠠᠨ ᠳᠤ ᠣᠷᠣᠴᠢᠬᠠᠬᠤ ᠭᠡᠳ᠂ ᠨᠠᠳᠠ ᠳᠤ | ᠨᠢᠭᠡ ᠬᠡᠯᠡᠭᠳᠡᠵᠦ ᠠᠪᠤᠭᠠᠳ ᠯᠠ ᠶᠠᠪᠤᠭᠰᠠᠨ ᠳ᠋ᠠ︾ | | | ᠡᠨᠡ ᠦᠶ᠎ᠡ ᠳᠤ ᠬᠡᠦᠬᠡᠳ ᠤᠳ ᠤᠨ ᠬᠥᠭᠵᠢᠯᠳᠦᠨ ᠪᠠᠷᠬᠢᠷᠠᠯᠳᠤᠬᠤ ᠴᠢᠮᠡᠭᠡ ᠲᠣᠭᠤᠯᠳᠠᠯᠠ᠃ ᠰᠠᠷᠠᠨᠲᠤᠶᠠᠭ᠎ᠠ | ᠮᠠᠩᠨᠠᠢ ᠶᠢᠨ ᠢᠶᠠᠨ ᠬᠥᠯᠥᠰᠦ ᠶᠢ ᠪᠠᠷᠠᠭᠤᠨ ᠭᠠᠷ ᠤᠨ ᠢᠶᠠᠨ ᠠᠷᠤ ᠪᠠᠷ ᠠᠷᠴᠢᠭᠰᠠᠨ ᠢᠶᠠᠨ ᠨᠠᠷᠠᠨ ᠰᠥᠷᠬᠦ | ᠪᠠᠷᠬᠢᠷᠠᠯᠳᠤᠬᠤ ᠵᠦᠭ ᠲᠤ ᠰᠠᠷᠠᠪᠴᠢᠯᠠᠨ ᠬᠠᠷᠠᠭᠠᠳ ᠬᠠᠴᠠᠷ ᠳᠡᠭᠡᠷ᠎ᠡ ᠪᠠᠨ ᠢᠨᠢᠶᠡᠮᠰᠦᠭᠯᠡᠯ ᠲᠣᠭᠯᠠᠭᠤᠯᠤᠨ ᠶᠠᠭᠠᠷᠠᠨ᠎ᠠ᠃ | ᠡᠵᠢ ᠶᠢᠨ ᠬᠢᠨᠢ ᠪᠠᠶᠠᠷ ᠵᠢᠷᠭᠠᠯ ᠢ ᠲᠠᠯ᠎ᠠ ᠶᠢᠨ ᠵᠢᠪᠠᠷ ᠬᠡᠦᠬᠡᠳ ᠤᠳ ᠤᠨ ᠬᠢᠨᠢ ᠰᠡᠳᠬᠢᠯ ᠳᠤ ᠬᠦᠷᠭᠡᠨ ᠣᠴᠢᠯ᠎ᠠ᠃ | ᠬᠡᠦᠬᠡᠳ ᠤᠳ ᠬᠥᠭᠵᠢᠯᠳᠦᠨ ᠶᠠᠭᠤ ᠨᠢᠭᠡ ᠶᠢ ᠬᠥᠭᠡᠭᠡᠴᠡᠯᠳᠦᠨ ᠪᠤᠵᠢᠭᠢᠨᠠᠯᠳᠤᠵᠤ᠂ ᠨᠢᠭᠡ ᠳᠠᠭᠤ ᠲᠡᠭᠷᠢ ᠳᠤ᠂ ᠨᠢᠭᠡ | ᠳᠠᠭᠤ ᠭᠠᠵᠠᠷ ᠲᠤ ᠬᠠᠳᠠᠨ᠂ ᠴᠤᠤᠷᠢᠶ᠎ᠠ ᠪᠦᠭᠦᠨ ᠠᠪᠤ ᠡᠵᠢ ᠶᠢᠨ ᠬᠢᠨᠢ ᠵᠢᠷᠦᠬᠡᠨ ᠳᠤ ᠬᠤᠨᠣᠭᠰᠢᠬᠤ ᠠᠵᠢ᠃ | | | ︽ᠪᠠᠷᠢ᠂ ᠪᠠᠷᠢ᠂ ᠠᠬ᠎ᠠ︕ ᠪᠠᠷᠢ᠃ ᠶᠠᠭᠤ ᠶᠤᠮ︖︾ | | | ︽ᠬᠤᠯᠤᠭᠠᠨ᠎ᠠ︕ ᠮᠠᠢ᠂ ᠡᠨᠡ ᠮᠣᠳᠣ ᠪᠠᠷ ᠬᠥᠨᠳᠡᠶᠢᠬᠡᠨ ᠳᠠᠷᠤ᠂ ᠪᠢ ᠨᠣᠭᠲᠣᠯᠠᠭᠠᠳ ᠠᠪᠤᠶ᠎ᠠ︕︾ | | | ︽ᠶᠠᠭᠠᠬᠢᠭᠠᠳ ᠴᠠᠭᠠᠨ ᠪᠠᠶᠢᠳᠠᠭ ᠶᠤᠮ ᠪᠤᠢ︖︾ | | | ︽ᠪᠤᠳᠤᠴᠢᠬᠠᠬᠰᠠᠨ ᠮᠥᠨ ᠦᠦ︖︾ | | | ᠵᠢᠷᠵᠢ ᠴᠠᠭᠠᠨ ᠬᠤᠯᠤᠭᠠᠨ᠎ᠠ ᠬᠡᠦᠬᠡᠳ ᠲᠤ ᠪᠠᠷᠢᠭᠳᠠᠯ᠎ᠠ᠃ ︽ᠴᠢᠰ᠂ ᠴᠢᠰ︾ ᠭᠡᠵᠦ ᠳᠤᠤᠭᠠᠷᠬᠤ ᠨᠢ | ᠬᠥᠭᠡᠷᠦᠬᠦᠨ᠃ ᠠᠬ᠎ᠠ ᠪᠣᠯᠤᠭᠰᠠᠨ ᠰᠢᠷ᠎ᠠ ᠪᠠᠨᠳᠢ ᠭᠡᠷ ᠵᠦᠭ ᠭᠦᠶᠦᠵᠦ ᠤᠲᠠᠰᠤ ᠠᠪᠴᠢᠷᠠᠭᠠᠳ ᠨᠣᠭᠲᠣᠯᠠᠬᠤ ᠭᠡᠰᠡᠨ | ᠴᠤ ᠪᠦᠲᠦᠭᠰᠡᠨ ᠦᠭᠡᠢ᠃ ᠬᠦᠵᠦᠭᠦᠦ᠂ ᠶᠡᠭᠡ ᠪᠡᠶ᠎ᠡ ᠪᠠᠷ ᠨᠢ ᠣᠷᠣᠭᠤᠯᠤᠨ ᠣᠭᠤᠰᠣᠷᠯᠠᠵᠤ ᠠᠪᠤᠭᠠᠳ ᠲᠠᠯᠪᠢᠬᠤ ᠳᠤ | ᠬᠤᠯᠤᠭᠠᠨ᠎ᠠ ᠳᠤᠲᠠᠭᠠᠬᠤ ᠭᠡᠳ ᠳᠡᠭᠡᠰᠦᠨ ᠳᠡᠭᠡᠨ ᠲᠠᠲᠠᠭᠳᠠᠨ ᠤᠨᠠᠪᠠ᠃ | | | ︽ᠠᠪᠤ ᠡᠵᠢ ᠳᠤ ᠠᠪᠠᠴᠢᠵᠤ ᠦᠵᠡᠭᠦᠯᠦᠶ᠎ᠡ︕︾ | | | ︽ᠲᠡᠭᠡᠶ᠎ᠡ︕ ᠪᠢ ᠬᠥᠲᠥᠯᠥᠶ᠎ᠡ᠂ ᠲᠠ ᠬᠤᠶᠠᠷ ᠠᠷᠤ ᠠᠴᠠ ᠨᠢ ᠲᠠᠭᠤ︕︾ | | | ᠰᠢᠷ᠎ᠠ ᠪᠠᠨᠳᠢ ᠬᠤᠯᠤᠭᠠᠨ᠎ᠠ ᠶᠢ ᠬᠥᠲᠥᠯᠬᠦ ᠪᠢᠰᠢ ᠴᠢᠷᠴᠦ᠂ ᠬᠥᠯ ᠳᠤ ᠠᠷᠠᠢ ᠣᠷᠣᠭᠰᠠᠨ ᠬᠤᠶᠠᠷ ᠳᠡᠭᠦᠦ ᠨᠢ | ᠠᠷᠤ ᠳᠤ ᠭᠠᠷ ᠬᠥᠯ ᠢᠶᠠᠨ ᠰᠠᠷᠪᠠᠭᠠᠨᠠᠭᠤᠯᠤᠨ ᠳᠡᠪᠬᠡᠴᠡᠨᠡ᠃ ᠠᠳᠡ ᠲᠡᠨᠳᠡ ᠦᠭᠡᠢ ᠨᠦᠬᠡ ᠣᠩᠭᠤᠶᠢᠵᠤ᠂ ᠳᠠᠭᠤ | ᠱᠣᠣ ᠳᠤ ᠪᠠᠵᠠᠭᠠᠳᠠᠬᠰᠠᠨ ᠬᠡᠭᠡᠷ᠎ᠡ ᠶᠢᠨ ᠵᠢᠵᠢᠭ ᠠᠮᠢᠲᠠᠳ ᠡᠭᠦᠷ ᠡᠯᠦ ᠪᠠᠨ ᠣᠯᠵᠤ ᠶᠠᠳᠠᠨ ᠡᠶᠢᠰᠢ ᠲᠡᠶᠢᠰᠢ ᠪᠠᠨ | ᠭᠦᠶᠦᠯᠳᠦᠨ᠎ᠡ᠃ ᠥᠪᠡᠷ ᠤᠨ ᠭᠡᠬᠦ ᠵᠤᠭ᠎ᠠ ᠲᠠᠢ ᠪᠣᠯᠤᠭᠰᠠᠨ ᠬᠡᠦᠬᠡᠳ ᠤᠳ ᠥᠭᠡᠷ᠎ᠡ ᠵᠦᠢᠯ ᠳᠤ ᠰᠣᠨᠢᠷᠬᠠᠯ ᠦᠭᠡᠢ | ᠪᠣᠯᠵᠤ᠂ ᠬᠥᠲᠥᠯᠥᠭᠰᠡᠨ ᠠᠮᠢᠳᠠᠨ ᠤ ᠪᠠᠨ ᠲᠣᠮᠤᠭ᠎ᠠ ᠦᠭᠡᠢ ᠳᠤ ᠬᠥᠭᠵᠢᠨ ᠪᠠᠶᠠᠰᠤᠨ᠎ᠠ᠃ ᠬᠠᠮᠠᠷ ᠠᠮᠠ ᠮᠡᠳᠡᠳᠡᠭ | ᠪᠠᠶᠢᠭᠰᠠᠨ ᠪᠣᠯ ᠬᠡᠦᠬᠡᠳ ᠤᠳ ᠬᠥᠲᠥᠯᠥᠭᠡᠳ ᠬᠠᠮᠢᠭ᠎ᠠ ᠴᠤ ᠬᠦᠷᠴᠢᠬᠡᠬᠦ ᠪᠢᠵᠡ︖ | | | ᠲᠠᠭᠠᠷᠴᠤᠭ ᠲᠠᠢ ᠳᠡᠪᠲᠦᠭᠡᠭᠰᠡᠨ ᠬᠠᠷ᠎ᠠ ᠪᠤᠳᠠᠭ᠎ᠠ ᠬᠠᠭᠠᠰᠯᠠᠵᠤ ᠪᠠᠶᠢᠪᠠ᠃ ᠦᠶ᠎ᠡ ᠦᠶ᠎ᠡ ᠫᠠᠷᠴᠢᠭᠢᠨᠡᠨ᠂ ᠦᠶ᠎ᠡ | ᠦᠶ᠎ᠡ ᠴᠠᠭᠠᠨ ᠠᠭᠤᠷ ᠰᠠᠪᠰᠠᠵᠤ᠂ ᠢᠷᠡᠬᠦ ᠬᠡᠦᠬᠡᠳ ᠤᠨ ᠪᠠᠷ᠎ᠠ ᠨᠢᠭᠡ ᠦᠶ᠎ᠡ ᠳᠠᠯᠳᠠ᠂ ᠨᠢᠭᠡ ᠦᠶ᠎ᠡ ᠢᠯᠡ᠃ | | | ᠠᠮᠤᠷᠰᠠᠨᠠᠭ᠎ᠠ ᠬᠡᠦᠬᠡᠳ ᠤᠨ ᠢᠶᠠᠨ ᠵᠦᠭ ᠥᠨᠳᠡᠶᠢᠨ ᠬᠠᠷᠠᠭᠰᠠᠨ ᠢᠶᠠᠨ᠄ | | | ︽ᠨᠠᠭᠠᠰᠢ ᠪᠠᠨ ᠢᠷᠡᠯ᠎ᠡ᠂ ᠶᠠᠭᠤ ᠠᠪᠴᠢᠬᠠᠭᠰᠠᠨ ᠶᠤᠮ︖︾ ᠭᠡᠯᠡ᠃ | | | ︽ᠨᠢᠭᠡ ᠶᠠᠭᠤᠮ᠎ᠠ ᠴᠢᠷᠴᠢᠬᠡᠭᠰᠡᠨ ᠪᠠᠶᠢᠨ᠎ᠠ᠂ ᠶᠠᠭᠤ ᠴᠢᠷᠴᠦ ᠪᠠᠶᠢᠬᠤ ᠶᠤᠮ︖︾ᠭᠡᠯᠴᠡᠨ ᠪᠠᠶᠢᠲᠠᠯ᠎ᠠ ᠬᠡᠳᠦᠭᠦᠯᠡ | ᠳᠡᠷᠭᠡᠳᠡ ᠨᠢ ᠢᠷᠡᠯ᠎ᠡ᠃ | | | ︽ᠠᠪᠤ ᠠ᠋︕ ᠡᠵᠢ ᠠ᠋︕ ᠠᠬ᠎ᠠ ᠶᠠᠭᠤ ᠬᠥᠲᠥᠯᠴᠢᠬᠡᠭᠰᠡᠨ ᠪᠠᠶᠢᠨ᠎ᠠ︖ ᠦᠵᠡ ᠳ᠋ᠠ︕︾ ᠭᠡᠭᠰᠡᠭᠡᠷ | ᠰᠡᠭᠰᠡᠭᠡᠷ ᠦᠰᠦᠲᠡᠢ ᠪᠢᠴᠢᠬᠠᠨ ᠥᠬᠢᠨ ᠪᠠᠶᠠᠷ ᠮᠡᠳᠡᠭᠦᠯᠵᠦ ᠢᠷᠡᠬᠦ ᠪᠠᠷ ᠠᠪᠤ ᠨᠢ ᠬᠠᠷᠠᠮᠠᠭᠴᠠ ᠭᠠᠵᠠᠷ ᠲᠤᠯᠤᠨ | ᠪᠣᠰᠴᠤ᠄ ︽ᠣᠭᠤᠲᠣᠨ᠎ᠠ ᠪᠠᠶᠢᠨ᠎ᠠ᠃ ᠬᠠᠮᠢᠭ᠎ᠠ ᠠᠴᠠ ᠪᠠᠷᠢᠭᠰᠠᠨ ᠶᠤᠮ︖︾ ᠭᠡᠪᠡ᠃ ᠲᠣᠭᠤᠭᠠᠨ ᠠᠴᠠ ᠠᠮᠤ ᠪᠠᠨ | ᠰᠠᠯᠭᠠᠵᠤ ᠠᠪᠤᠭᠰᠠᠨ ᠰᠠᠷᠠᠨᠲᠤᠶᠠᠭ᠎ᠠ ᠰᠠᠶᠢᠰᠠ ᠪᠠᠨ ᠲᠠᠯᠪᠢᠬᠤ ᠪᠠᠨ ᠪᠠᠶᠢᠵᠤ ᠪᠠᠷᠢᠭᠰᠠᠨ ᠴᠢᠭ ᠲᠡᠭᠡᠨ | ᠬᠠᠷᠠᠭᠰᠠᠨ ᠢᠶᠠᠨ᠄ ︽ᠭᠡᠮ ᠬᠤᠣᠷ ᠦᠭᠡᠢ ᠠᠮᠢᠳᠠᠨ ᠢ ᠮᠠᠭᠤᠴᠢᠯᠠᠨᠠ ᠦᠦ︖ ᠲᠠ ᠬᠡᠳᠦᠭᠦᠯᠡ᠃ ᠪᠠᠶᠢᠭᠰᠠᠨ ᠭᠠᠵᠠᠷ | ᠲᠤᠨᠢ ᠠᠪᠠᠴᠢᠵᠤ ᠲᠠᠯᠪᠢ᠃ ᠲᠠᠨᠤᠰ ᠢ ᠬᠦᠵᠦᠭᠦᠨ ᠠᠴᠠ ᠴᠢᠨᠢ ᠣᠭᠤᠰᠣᠷᠯᠠᠭᠠᠳ ᠴᠢᠷᠦᠶᠡ᠂ ᠰᠠᠶᠢᠬᠠᠨ ᠪᠠᠶᠢᠨ᠎ᠠ ᠦᠦ︖ | ︾ ᠬᠡᠮᠡᠨ ᠳᠠᠩᠭᠢᠨᠠᠯᠠ᠃ | | | 2 | | | ᠲᠡᠷᠡ ᠣᠯᠠᠨ ᠣᠩᠭᠤᠶᠢᠭᠰᠠᠨ ᠨᠦᠬᠡ ᠶᠢᠨ ᠨᠢᠭᠡ ᠨᠢ ᠡᠰᠢᠨᠳᠡᠢ ᠶᠢᠨ ᠡᠭᠦᠷ ᠪᠠᠶᠢᠪᠠ᠃ ᠲᠡᠷᠡ ᠣᠯᠠᠨ | ᠳᠤᠲᠠᠭᠠᠭᠰᠠᠨ ᠵᠢᠵᠢᠭ ᠠᠮᠢᠲᠠᠳ ᠤᠨ ᠨᠢᠭᠡ ᠨᠢ ᠡᠰᠢᠨᠳᠡᠢ ᠪᠠᠶᠢᠪᠠ᠃ ᠠᠶᠤᠭᠰᠠᠨ ᠡᠰᠢᠨᠳᠡᠢ ᠡᠭᠦᠷ ᠤᠨ ᠢᠶᠠᠨ ᠠᠮᠠᠰᠠᠷ | ᠳᠡᠭᠡᠷ᠎ᠡ ᠭᠦᠶᠦᠵᠦ ᠢᠷᠡᠭᠰᠡᠨ ᠢᠶᠠᠨ ᠡᠭᠦᠷ ᠤᠷᠤᠭᠤ ᠪᠠᠨᠣᠷᠣᠭᠰᠠᠨ ᠪᠢᠰᠢ᠂ ᠡᠷᠭᠢᠨ ᠬᠠᠷᠠᠯ᠎ᠠ᠃ ᠲᠡᠭᠦᠨ ᠳᠤ ᠨᠢᠭᠡ | ᠤᠴᠢᠷ ᠰᠣᠨᠢᠷᠬᠠᠯᠲᠠᠢ ᠬᠠᠷᠠᠭᠳᠠᠪᠠ᠃ ᠵᠡᠭᠦᠨ ᠠᠶᠢᠯᠤᠨ ᠬᠢᠨᠢ ᠣᠭᠤᠲᠣᠨ᠎ᠠ ᠬᠡᠦᠬᠡᠳᠲ᠋ᠤ ᠪᠠᠷᠢᠭᠳᠠᠵᠠᠢ᠃ ᠴᠠᠰᠤ | ᠴᠠᠭᠠᠨᠣᠭᠤᠲᠣᠨᠠ ᠪᠣᠪ ᠪᠣᠷᠣ ᠡᠰᠢᠨᠳᠡᠢ ᠶᠢᠨ ᠬᠢᠷᠢ ᠲᠣᠮᠣ ᠴᠤ ᠵᠢᠰᠦᠷᠬᠡᠭ᠃ ᠬᠡᠳᠦᠢ ᠨᠢᠭᠡ ᠲᠦᠷᠦᠯ ᠤᠨ ᠠᠮᠢᠳᠠᠨ | ᠴᠤ ᠵᠣᠪᠬᠢ ᠪᠠᠨ ᠳᠠᠭᠠᠭᠠᠳ ᠤᠯᠠᠭᠠᠨ ᠮᠥᠷᠲᠡᠭᠡᠨ ᠬᠠᠮᠠᠷ ᠠᠮᠠ ᠨᠢ ᠴᠤ ᠤᠯᠠᠭᠠᠨ᠃ ᠬᠥᠭᠡᠷᠦᠬᠦᠨ ᠠᠮᠢᠲᠠᠨ ᠳ᠋ᠠ᠃ | ᠡᠶᠢᠮᠦ ᠬᠥᠭᠡᠷᠦᠬᠦᠨ ᠠᠮᠢᠳᠠᠨ ᠳᠤ ᠠᠲᠠᠭᠠᠷᠬᠠᠳᠠᠭ ᠤᠯᠠᠨ ᠠᠮᠢᠳᠠᠨ ᠤ ᠨᠢᠭᠡ ᠨᠢ ᠡᠰᠢᠨᠳᠡᠢ᠃ ᠬᠥᠮᠥᠨ ᠳᠤ | ᠪᠠᠷᠢᠭᠳᠠᠭᠰᠠᠨ ᠬᠤᠯᠤᠭᠠᠨ᠎ᠠ ᠠᠴᠠ ᠪᠤᠴᠠᠵᠤ ᠢᠷᠡᠭᠰᠡᠨ ᠨᠢ ᠠᠯᠠᠭ᠎ᠠ ᠭᠡᠳᠡᠭ ᠢ ᠡᠰᠢᠨᠳᠡᠢ ᠮᠡᠳᠡᠨ᠎ᠡ᠃ ᠲᠡᠭᠦᠨ ᠤ | ᠤᠳᠤᠮ ᠤᠭᠰᠠᠭᠠᠨ ᠠᠴᠠ ᠴᠤ ᠲᠡᠭᠡᠵᠦ ᠶᠠᠪᠤᠭᠰᠠᠨ ᠢ ᠠᠯᠢ ᠶᠢ ᠲᠡᠷᠡ ᠭᠡᠬᠦ ᠪᠤᠢ᠃ | | | ︽ᠣᠭᠤᠲᠣᠨ᠎ᠠ ᠦᠬᠦᠴᠢᠬᠡᠯ᠎ᠡ︕︾ | | | ᠡᠰᠢᠨᠳᠡᠢ ᠢᠩᠭᠢᠵᠦ ᠪᠤᠳᠤᠭᠠᠳ ᠪᠠᠶᠠᠷᠯᠠᠪᠠ᠂ ᠲᠤᠩ ᠶᠡᠭᠡ ᠪᠠᠶᠠᠷᠯᠠᠪᠠ᠃ ᠬᠡᠦᠬᠡᠳ ᠤᠨ ᠪᠠᠷ᠎ᠠ ᠬᠠᠷᠠᠭᠳᠠᠬᠤ | ᠦᠭᠡᠢ ᠪᠣᠯᠣᠮᠠᠭᠴᠠ ᠣᠭᠤᠲᠣᠨ᠎ᠠ ᠶᠢᠨ ᠡᠭᠦᠷ ᠤᠷᠤᠭᠤ ᠭᠦᠶᠦᠯ᠎ᠡ᠃ ᠲᠡᠷᠡ᠂ ᠣᠭᠤᠲᠣᠨ᠎ᠠ ᠶᠢᠨ ᠢᠳᠡᠭᠡ ᠶᠢ | ᠬᠠᠭᠤᠷᠠᠶᠢᠯᠠᠬᠤ ᠪᠠᠷ ᠮᠠᠭᠤ ᠰᠠᠨᠠᠭ᠎ᠠ ᠡᠪᠦᠷᠯᠡᠪᠡ᠃ ᠬᠡᠳᠦᠨ ᠮᠠᠭᠤ ᠭᠥᠯᠴᠥᠭᠡᠢ ᠭᠡᠷ ᠤᠨ ᠢᠶᠠᠨ ᠪᠤᠯᠤᠩ ᠳᠤ | ᠳᠡᠪᠢᠰᠦᠭᠰᠡᠨ ᠵᠥᠭᠡᠯᠡᠨ ᠳᠡᠪᠢᠰᠬᠡᠷ ᠳᠡᠭᠡᠷ᠎ᠡ ᠠᠮᠲᠠᠲᠠᠶᠢᠬᠠᠨ ᠨᠣᠶᠢᠷᠰᠤᠨᠠ᠃ ᠡᠰᠢᠨᠳᠡᠢ ᠲᠡᠳᠡᠭᠡᠷ ᠤᠨ ᠳᠡᠭᠡᠭᠦᠷ | ᠠᠯᠬᠤᠨ ᠭᠠᠷᠴᠤ ᠬᠤᠷᠢᠶᠠᠭᠰᠠᠨᠢᠳᠡᠰᠢ ᠬᠤᠭᠤᠯᠠᠶᠢ ᠨᠢ ᠭᠠᠳᠠᠭᠰᠢ ᠵᠥᠭᠡᠭᠡᠬᠦ ᠳᠡᠭᠡᠨ ᠤᠷᠢᠳ ᠢᠶᠠᠷ ᠴᠠᠳᠬᠤ | ᠭᠡᠵᠦ ᠠᠮᠠᠠᠮᠠ ᠪᠠᠷ ᠡᠮᠬᠦᠵᠦ ᠪᠠᠶᠢᠲᠠᠯ᠎ᠠ ᠠᠷᠤ ᠳᠤᠨᠢ ᠶᠠᠭᠤᠮ᠎ᠠ ᠳᠤᠤᠭᠠᠷᠬᠤ ᠰᠢᠭ᠋ ᠪᠣᠯᠵᠠᠢ᠃ ᠡᠷᠭᠢᠨ ᠬᠠᠷᠠᠲᠠᠯ᠎ᠠ | ᠣᠭᠤᠲᠣᠨ᠎ᠠ ᠣᠷᠣᠭᠠᠳ ᠢᠷᠡᠯ᠎ᠡ᠄ | | | ︽ᠡᠰᠢᠨᠲᠡᠢ ᠲᠠ ᠶᠠᠭᠠᠬᠢᠵᠤ ᠪᠠᠶᠢᠬᠤ ᠶᠤᠮ︖︾ ᠭᠡᠪᠡ᠃ | | | ︽ᠦ᠂ ᠪᠢ ᠦᠦ︖ ᠲᠠᠨ ᠢ ᠪᠠᠷᠢᠭᠳᠠᠬᠤ ᠪᠠᠷ ᠡᠨᠡ ᠮᠠᠭᠤ ᠬᠡᠳᠦᠨ ᠠᠴᠢ ᠵᠢᠭᠡ ᠮᠢᠨᠢ ᠶᠠᠭᠠᠬᠢᠵᠤ ᠪᠠᠶᠢᠬᠤ | ᠪᠣᠯᠪᠠ ᠦᠦ︖ ᠬᠡᠮᠡᠨ ᠪᠤᠳᠤᠭᠠᠳ᠃ ᠲᠠ ᠶᠠᠭᠠᠬᠢᠭᠠᠳ ᠡᠷᠡᠭᠦᠯ ᠭᠦᠷᠦᠭᠡᠳ ᠢᠷᠡᠴᠢᠬᠡᠪᠡ︖︾ ᠭᠡᠵᠦ ᠡᠰᠢᠨᠲᠡᠢ | ᠠᠮᠢᠳᠤ ᠪᠠᠷ ᠪᠠᠷᠢᠭᠳᠠᠭᠰᠠᠨ ᠳᠠᠭᠠᠨ ᠠᠷᠭ᠎ᠠ ᠠᠯᠲᠠᠷᠬᠠᠤ ᠪᠤᠰᠤ᠂ ᠰᠠᠶᠢᠨ ᠬᠥᠮᠥᠨ ᠪᠣᠯᠵᠤ ᠰᠠᠶᠢᠬᠠᠨ ᠴᠢᠷᠠᠶᠢᠯᠠᠵᠠᠢ᠃ | ᠣᠭᠤᠲᠣᠨ᠎ᠠ ᠰᠢᠯᠢᠨ ᠬᠦᠵᠦᠭᠦᠦ ᠪᠠᠷ ᠬᠤᠯᠭᠤᠭᠰᠠᠨ ᠦᠰᠦ ᠬᠢᠯᠭᠠᠰᠤ ᠪᠠᠨ ᠵᠠᠰᠠᠨ ᠡᠪᠰᠢᠶᠡᠵᠦ᠄ | | | ︽ᠬᠥᠮᠥᠨ ᠳᠤ ᠪᠠᠷᠢᠭᠳᠠᠭᠠᠳ ᠶᠠᠪᠤᠭᠰᠠᠨ ᠨᠢ ᠦᠨᠡᠨ᠃ ᠣᠴᠢᠬᠤ ᠳᠤ ᠥᠭᠡᠳᠡ ᠠᠴᠠ ᠬᠠᠯᠠᠭᠤᠨ ᠴᠠᠢ᠂ | ᠴᠠᠶᠢᠭᠰᠠᠨ ᠠᠮᠤ ᠪᠠᠷ ᠳᠠᠶᠢᠯᠵᠤ᠂ ︿ᠢᠳᠡᠬᠦ ᠦᠭᠡᠢ᠂ ᠢᠳᠡᠬᠦ ᠦᠭᠡᠢ﹀ ᠭᠡᠵᠦ ᠪᠠᠶᠢᠲᠠᠯ᠎ᠠ ᠬᠠᠷᠮᠠᠨ ᠡᠨᠡ ᠲᠡᠷᠡ ᠳᠤ ᠮᠢᠨᠢ | ᠴᠢᠬᠢᠭᠡᠳ᠂ ᠦᠵᠡᠬᠦ ᠦᠭᠡᠢ ᠦᠦ︖ ᠮᠢᠨᠤ ᠵᠠᠵᠢᠯᠤᠭᠤᠷ ᠲᠤ ᠴᠤ ᠳᠦᠭᠦᠷᠡᠩ ᠬᠢᠭᠡᠳ ᠥᠭᠴᠢᠬᠡᠭᠰᠡᠨ ᠰᠢᠤ ᠳ᠋ᠠ︾ | ᠭᠡᠳ ᠠᠮᠠ ᠠᠴᠠ ᠪᠠᠨ ᠬᠡᠳᠦᠨ ᠠᠮᠤ ᠶᠢᠨ ᠴᠠᠭᠠᠨ ᠮᠠᠯᠠᠭᠠᠢ ᠭᠠᠷᠭᠠᠬᠤ ᠳᠤ ᠡᠰᠢᠨᠲᠡᠢ ᠶᠢᠨ ᠨᠢᠳᠦ ᠪᠦᠯᠲᠡᠷᠡᠴᠢᠬᠡᠬᠦ | ᠰᠢᠬᠠᠪᠠ᠃ ᠡᠶᠢᠮᠦ ᠠᠮᠲᠠᠲᠠᠢ ᠢᠳᠡᠭᠡᠨ ᠢ ᠪᠠᠰᠠ ᠥᠭᠴᠦ ᠪᠠᠶᠢᠨ᠎ᠠ ᠦᠦ︖ | | | ︽ᠪᠢ ᠣᠴᠢᠪᠠᠯ ᠥᠭᠭᠦᠨ᠎ᠡ ᠦᠦ︖︾ | | | ︽ᠥᠭᠭᠦᠨ᠎ᠡ᠂ ᠨᠠᠮᠠᠶᠢ ᠨᠠᠭᠠᠰᠢ ᠪᠠᠨ ᠬᠠᠨᠳᠤᠬᠤ ᠳᠤ ᠴᠠᠭᠠᠨ ᠮᠠᠯᠠᠭᠠᠢ ᠪᠤᠲᠠᠷᠠᠵᠤ ᠪᠠᠶᠢᠭᠰᠠᠨ ᠶᠤᠮ᠃ ᠶᠠᠭ | ᠲᠡᠭᠦᠬᠦ ᠳᠡᠭᠡᠷ᠎ᠡ ᠪᠠᠶᠢᠬᠤ ᠳ᠋ᠠ︾ | | | ᠡᠰᠢᠨᠳᠡᠢ ᠶᠠᠭᠠᠷᠠᠤ ᠭᠠᠷᠬᠤ ᠳᠤ ᠣᠭᠤᠲᠣᠨ᠎ᠠ ᠬᠤᠶᠢᠨ᠎ᠠ ᠠᠴᠠ ᠨᠢ ᠬᠠᠷᠠᠭᠰᠠᠭᠠᠷ ᠬᠤᠴᠣᠷᠪᠠ᠃ ᠬᠡᠳᠦᠨ | ᠤᠯᠠᠭᠠᠨ ᠨᠢᠴᠦᠭᠦᠨ ᠦᠷ᠎ᠡ ᠨᠢ ᠡᠷᠡᠭᠦᠯ ᠡᠩᠬᠡ ᠪᠠᠶᠢᠬᠤ ᠳᠤ ᠰᠡᠳᠬᠢᠯ ᠨᠢ ᠠᠮᠠᠷᠠᠵᠠᠢ᠃ ᠲᠠᠯᠪᠢᠭᠳᠠᠭᠠᠳ᠂ ᠭᠡᠷ | ᠤᠷᠤᠭᠤ ᠭᠦᠶᠦᠬᠦ ᠳᠡᠭᠡᠨ ᠲᠠᠭᠠᠷᠠᠬᠰᠠᠨ ᠬᠡᠳᠦᠨ ᠮᠠᠯᠠᠭᠠᠶᠢᠯᠠᠭᠰᠠᠨ ᠠᠮᠤ ᠪᠠᠨ ᠬᠡᠦᠬᠡᠳ ᠲᠡᠭᠡᠨ ᠢᠳᠡᠭᠦᠯᠬᠦ ᠭᠡᠵᠦ | ᠲᠡᠭᠦᠵᠦ᠂ ᠳᠡᠷᠡ ᠶᠢᠨ ᠬᠢᠨᠢ ᠳᠡᠷᠭᠡᠳᠡ ᠲᠠᠯᠪᠢᠬᠤ ᠳᠠᠭᠠᠨ᠄ ︽ᠪᠠᠯᠴᠢᠷ ᠠᠮᠢᠲᠠᠳ ᠭᠡᠵᠦ ᠶᠠᠮᠠᠷ ᠬᠥᠭᠡᠷᠦᠬᠦᠢ ᠶᠤᠮ ᠳ᠋ᠠ᠃ | ᠡᠵᠢ ᠴᠢᠨᠢ ᠬᠥᠮᠥᠨ ᠳᠤ ᠪᠠᠷᠢᠭᠳᠠᠭᠠᠳ ᠵᠣᠪᠠᠵᠤ ᠵᠦᠳᠡᠵᠦ ᠶᠠᠪᠤᠬᠤ ᠳᠤ ᠲᠠ ᠬᠡᠳᠦᠭᠦᠯᠡ ᠶᠠᠭᠤ ᠴᠤ ᠮᠡᠳᠡᠬᠦ ᠦᠭᠡᠢ | ᠤᠨᠲᠠᠨ᠎ᠠ᠃ ᠬᠡᠷᠪᠡ ᠡᠵᠢ ᠴᠢᠨᠢ ᠲᠡᠭᠡᠵᠦ ᠶᠠᠪᠤᠭᠠᠳ ᠦᠬᠦᠴᠢᠬᠡᠪᠡᠯ ᠲᠠ ᠬᠡᠳᠦᠭᠦᠯᠡ ᠮᠢᠨᠢ ᠶᠠᠭᠠᠬᠢᠵᠤ ᠠᠮᠢᠳᠤᠷᠠᠨ᠎ᠠ︖ | ᠵᠠ ᠪᠠᠶᠢᠶ᠎ᠠ᠂ ᠮᠠᠭᠤᠬᠠᠢ ᠶᠠᠭᠤᠮ᠎ᠠ ᠪᠤᠳᠤᠬᠤ ᠪᠠᠨ ᠪᠠᠶᠢᠶ᠎ᠠ᠃ ᠡᠷᠡᠭᠦᠯ ᠰᠠᠷᠠᠭᠤᠯ ᠪᠠᠶᠢᠵᠤ ᠪᠠᠶᠢᠭᠠᠳ ᠦᠬᠦᠯ | ᠬᠠᠭᠠᠴᠠᠯ ᠢ ᠰᠠᠨᠠᠭᠠᠳ︾ ᠭᠡᠵᠦ ᠨᠢᠯᠪᠤᠰᠤ ᠪᠠᠨ ᠠᠷᠴᠢᠭᠠᠳ ᠦᠷ᠎ᠡ ᠪᠠᠨ ᠬᠠᠷᠠᠨ ᠬᠠᠷᠠᠨ ᠢᠨᠢᠶᠡᠯ᠎ᠡ᠃ | | | ᠶᠠᠭᠠᠷᠠᠪᠠᠯ ᠰᠠᠭᠠᠷᠠᠨ᠎ᠠ ᠭᠡᠵᠦ᠂ ᠪᠠᠶᠠᠷᠯᠠᠭᠰᠠᠨ ᠡᠰᠢᠨᠲᠡᠢ ᠳᠠᠶᠢᠰᠤᠨ ᠮᠢᠷᠢᠶᠠᠵᠤ ᠢᠷᠡᠭᠰᠡᠨ ᠢ ᠮᠡᠳᠡᠭᠰᠡᠨ ᠦᠭᠡᠢ | ᠭᠦᠶᠦᠵᠦ ᠪᠠᠶᠢᠪᠠ᠃ ᠡᠪᠡᠰᠦ ᠤᠷᠭᠤᠮᠠᠯ ᠢᠶᠠᠷ ᠬᠠᠯᠬᠠᠪᠴᠢ ᠬᠢᠵᠦ ᠵᠠᠮ ᠢ ᠨᠢ ᠣᠳᠤᠵᠤ ᠪᠠᠶᠢᠭᠰᠠᠨ ᠮᠤᠤᠷ ᠲᠡᠭᠦᠨ ᠢ | ᠠᠮᠠᠷᠬᠠᠨ ᠪᠠᠷᠢᠵᠤ ᠠᠪᠤᠯ᠎ᠠ᠃ ᠠᠮᠤ ᠶᠢᠨ ᠴᠠᠭᠠᠨ ᠮᠠᠯᠠᠭᠠᠢ ᠶᠢ ᠠᠮᠠ ᠠᠮᠠ ᠪᠠᠷ ᠡᠮᠬᠦᠵᠦ ᠢᠳᠡᠨ᠎ᠡ ᠭᠡᠰᠡᠨ | ᠳᠤᠷ᠎ᠠ ᠳᠠᠭᠠᠨ ᠰᠢᠯᠦᠰᠦᠨ ᠳᠡᠭᠡᠨ ᠬᠠᠭ᠋ᠠᠭᠰᠠᠨ ᠡᠰᠢᠨᠲᠡᠢ ᠴᠡᠴᠡᠷᠡᠨ ᠳᠠᠭᠵᠢᠵᠤ᠄ | | | ︽ᠠᠮᠢ ᠶᠢ ᠥᠷᠥᠰᠢᠶᠡᠨ᠎ᠡ ᠦᠦ︖︾ ᠬᠡᠮᠡᠨ ᠭᠤᠶᠤᠯ᠎ᠠ᠃ ᠮᠤᠤᠷ ᠤᠨ ᠬᠢᠯᠢᠩ ᠪᠠᠳᠠᠷᠠᠵᠤ ᠡᠰᠢᠨᠲᠡᠢ ᠶᠢ | ᠠᠳᠬᠤᠨ ᠳᠡᠭᠡᠷ᠎ᠡ ᠡᠷᠭᠦᠭᠡᠳ᠄ | | | ︽ᠥᠷᠥᠰᠢᠶᠡᠨ᠎ᠡ ᠦᠦ︖ ᠭᠡᠨ᠎ᠡ᠃ ᠴᠢᠨᠦ ᠬᠤᠯᠠᠭᠠᠢ ᠵᠠᠩ ᠠᠴᠠ ᠪᠣᠯᠵᠤ ᠪᠢ ᠡᠵᠡᠨ ᠳᠡᠭᠡᠨ ᠬᠡᠴᠢᠨᠡᠨ ᠴᠤ | ᠤᠳᠠᠭ᠎ᠠ ᠵᠠᠩᠨᠠᠭᠤᠯᠤᠭᠰᠠᠨ ᠶᠤᠮ ᠪᠢᠯᠡ︖ ᠲᠤᠭ᠎ᠠ ᠪᠠᠶᠢᠨ᠎ᠠ ᠦᠦ︖ ᠪᠢ ᠴᠢᠮᠠᠶᠢ ᠢᠳᠡᠬᠦ ᠢᠳᠡᠬᠦ ᠳᠡᠭᠡᠨ | ᠲᠠᠪᠠᠷᠲ᠋ᠠᠭᠠᠨ ᠥᠭᠴᠦ ᠨᠠᠭᠠᠳᠤᠭᠤᠯᠵᠤ ᠨᠠᠭᠠᠳᠤᠭᠤᠯᠤᠭᠠᠳ ᠰᠠᠨᠠᠭ᠎ᠠ ᠨᠢ ᠬᠠᠨᠤᠬᠤ ᠳᠤ ᠲᠣᠯᠣᠭᠠᠢ ᠶᠢ ᠴᠢᠨᠢ | ᠭᠠᠭᠴᠠᠬᠠᠨ ᠢᠩᠭᠢᠭᠡᠳ ᠁︾ ᠬᠡᠮᠡᠨ ᠬᠠᠵᠠᠭᠰᠠᠨ ᠳᠦᠷᠢ ᠭᠠᠷᠭᠠᠭᠠᠳ᠄ ︽ᠣᠳᠤ ᠶᠠᠭᠠᠬᠢᠨ᠎ᠠ︖ ᠪᠢᠳᠡᠨ ᠤ | ᠭᠡᠳᠡᠰᠦᠨ ᠳᠤ ᠣᠷᠣᠴᠢᠬᠠᠨ᠎ᠠ ᠰᠢᠤ︾ ᠬᠡᠮᠡᠨ ︽ᠬᠠ ᠬᠠ︾ ᠢᠨᠢᠶᠡᠬᠦ ᠳᠤ ᠠᠶᠤᠭᠠᠳ᠂ ᠭᠤᠶᠤᠭᠠᠳ ᠲᠤᠰᠠᠯᠠᠮᠵᠢ | ᠦᠭᠡᠢ ᠪᠣᠯᠤᠭᠰᠠᠨ ᠢᠶᠠᠨ ᠭᠠᠳᠠᠷᠯᠠᠭᠰᠠᠨ ᠡᠰᠢᠨᠳᠡᠢ ᠶᠢᠨ ᠤᠬᠠᠭ᠎ᠠ ᠴᠣᠭᠤᠷᠠᠵᠤ᠄ | | | ︽ᠮᠢᠨᠤ ᠬᠡᠳᠦᠨ ᠭᠥᠯᠴᠥᠭᠡᠢ ᠡᠭᠦᠷ ᠲᠡᠭᠡᠨ ᠪᠠᠶᠢᠬᠤ᠃ ᠪᠢ ᠲᠠᠨ ᠳᠤ ᠢᠳᠡᠭᠳᠡᠴᠢᠬᠡᠪᠡᠯ ᠲᠡᠷᠡ ᠭᠡᠳᠦ ᠮᠠᠨᠢ ᠴᠤ | ᠥᠯᠪᠡᠷᠴᠦ ᠦᠬᠦᠬᠦ ᠪᠠᠶᠢᠬ᠎ᠠ᠃ ᠲᠡᠭᠡᠭᠦ ᠪᠠᠷ ᠢᠶᠠᠨ ᠪᠢ ᠶᠠᠯ᠎ᠠ ᠪᠠᠨ ᠭᠠᠪᠢᠶ᠎ᠠ ᠪᠠᠷ ᠲᠠᠶᠢᠯᠬᠤ ᠭᠡᠵᠦ ᠡᠭᠦᠷ ᠢᠶᠠᠷ ᠢᠶᠠᠨ | ᠲᠠᠨ ᠤ ᠨᠢᠭᠡ ᠴᠠᠭ ᠤᠨ ᠢᠳᠡᠰᠢ ᠪᠣᠯᠴᠢᠬᠠᠶᠠ᠃ ᠢᠩᠭᠢᠬᠦ ᠶᠢ ᠲᠠ ᠵᠥᠪᠰᠢᠶᠡᠷᠡᠨ᠎ᠡ ᠪᠢᠵᠡ︖︾ ᠬᠡᠮᠡᠨ ᠠᠷᠭᠠᠳᠠᠯ᠎ᠠ᠃ | | | ᠬᠠᠷ᠎ᠠ ᠮᠤᠤᠷ ᠪᠤᠳᠤᠪᠠ᠄ ᠪᠤᠯᠬᠤ ᠴᠤ ᠶᠤᠮ ᠦᠦ︖ ᠡᠭᠦᠷ ᠢᠶᠠᠷ ᠨᠢ ᠪᠠᠷᠢᠴᠢᠬᠠᠪᠠᠯ ᠳᠠᠶᠢᠰᠤᠨ ᠴᠥᠭᠡᠳᠡᠵᠦ | ᠪᠠᠶᠢᠭ᠎ᠠ ᠬᠡᠷᠡᠭ ᠪᠢᠰᠢ ᠶᠤᠮ ᠦᠦ︖ | | | ᠡᠰᠢᠨᠲᠡᠢ ᠶᠢ ᠬᠠᠷ᠎ᠠ ᠮᠤᠤᠷ ᠬᠦᠵᠦᠭᠦᠨ ᠡᠷᠢᠭᠡ ᠪᠠᠷ ᠣᠭᠤᠰᠣᠷᠯᠠᠭᠠᠳ ᠲᠠᠭᠤᠵᠤ ᠶᠠᠪᠤᠯ᠎ᠠ᠃ ᠡᠰᠢᠨᠳᠡᠢ | ᠡᠭᠦᠷ ᠤᠨ ᠢᠶᠠᠨ ᠵᠦᠭ ᠪᠤᠰᠤ᠂ ᠣᠭᠤᠲᠣᠨ᠎ᠠ ᠶᠢᠨ ᠭᠠᠳᠠᠨ᠎ᠠ ᠬᠦᠷᠴᠦ ᠢᠷᠡᠭᠡᠳ ᠨᠦᠬᠡ ᠤᠷᠤᠭᠤ ᠨᠢ ᠣᠷᠣᠬᠤ ᠭᠡᠪᠡ᠃ | ᠮᠤᠤᠷ ᠳᠡᠭᠡᠰᠦ ᠠᠴᠠ ᠨᠢ ᠲᠠᠲᠠᠵᠤ ᠵᠣᠭᠰᠣᠭᠠᠭᠠᠳ᠄ ︽ᠳᠠᠭᠤᠳᠠ︕︾ ᠭᠡᠪᠡ᠃ ᠡᠰᠢᠨᠳᠡᠢ ᠬᠤᠭᠤᠯᠠᠢ ᠪᠠᠨ ᠵᠠᠰᠠᠨ | ᠪᠠᠶᠢᠵᠤ᠄ | | | ︽ᠠᠶᠢᠯ ᠠᠶᠢᠮᠠᠭ ᠮᠢᠨᠢ ᠠ᠋︕ ᠭᠠᠷᠤᠭᠠᠳ ᠢᠷ᠎ᠡ᠃ ᠪᠢ ᠣᠯᠣᠭᠰᠠᠨ ᠢᠳᠡᠰᠢ ᠪᠠᠨ ᠡᠭᠦᠷᠴᠦ ᠶᠠᠳᠠᠭᠠᠳ᠂ | ᠵᠢᠭᠠᠬᠠᠨ ᠲᠤᠰᠠᠯᠠᠭᠠᠳ ᠥᠭᠭᠦᠨ᠎ᠡ ᠦᠦ︖︾ ᠬᠡᠮᠡᠨ ᠬᠠᠰᠬᠢᠷᠤᠯ᠎ᠠ᠃ | | | ᠡᠰᠢᠨᠲᠡᠢ ᠶᠢ ᠬᠠᠭᠤᠷᠴᠤ ᠶᠠᠪᠤᠭᠤᠯᠤᠭᠰᠠᠨ ᠳᠠᠭᠠᠨ ᠵᠣᠪᠠᠵᠤ ᠪᠠᠶᠢᠭᠰᠠᠨ ᠣᠭᠤᠲᠣᠨ᠎ᠠ ᠬᠤᠶᠢᠨ᠎ᠠ ᠠᠴᠠ ᠨᠢ | ᠶᠠᠪᠤᠵᠤ ᠦᠵᠡᠬᠦ ᠴᠤ ᠶᠤᠮ ᠦᠦ ᠬᠡᠮᠡᠨ ᠪᠤᠳᠤᠵᠤ ᠪᠠᠶᠢᠭᠰᠠᠨ ᠠᠵᠢ᠃ ᠣᠳᠤ ᠳᠠᠭᠤᠳᠠᠬᠤ ᠪᠠᠷ ᠭᠠᠶᠢᠬᠠᠨ ᠭᠠᠷᠴᠤ | ᠢᠷᠡᠬᠦ ᠳᠤ ᠮᠢᠷᠢᠶᠠᠵᠤ ᠪᠠᠶᠢᠭᠰᠠᠨ ᠮᠤᠤᠷ ᠲᠤ ᠠᠮᠠᠷᠬᠠᠨ ᠪᠠᠷᠢᠭᠳᠠᠯ᠎ᠠ᠃ ᠬᠠᠷ᠎ᠠ ᠮᠤᠤᠷ ᠬᠤᠶᠠᠷ ᠠᠮᠢᠳᠠᠨ ᠢ ᠬᠤᠯᠪᠣᠵᠤ | ᠤᠶᠠᠭᠠᠳ᠂ ᠭᠡᠷ ᠤᠷᠤᠭᠤ ᠪᠠᠨ ᠲᠠᠭᠤᠵᠤ ᠶᠠᠪᠤᠨ᠎ᠠ᠃ | | | 3 | | | ᠪᠠᠭ᠎ᠠ ᠦᠳᠡ ᠬᠠᠵᠠᠶᠢᠵᠤ᠂ ᠨᠠᠷᠠᠨ ᠤ ᠰᠢᠷᠠᠬᠤ ᠨᠢ ᠢᠯᠡᠳᠲᠡ ᠴᠢᠩᠭᠠᠷᠠᠵᠠᠢ᠃ | | | ᠬᠠᠮᠤᠭ ᠰᠡᠭᠦᠯᠴᠢ ᠶᠢᠨ ᠲᠣᠭᠤᠭ᠎ᠠ ᠪᠠᠨ ᠬᠠᠭᠤᠷᠴᠤ ᠭᠠᠷᠭᠠᠭᠰᠠᠨ ᠡᠷ᠎ᠡ ᠡᠮ᠎ᠡ ᠬᠤᠶᠠᠭᠤᠯᠠ ᠶᠢ ᠠᠬᠤᠶᠢᠯᠠᠵᠤ | ᠴᠡᠪᠡᠷᠯᠡᠬᠦ ᠶᠢᠨ ᠶᠡᠭᠡ ᠠᠵᠢᠯ ᠬᠦᠯᠢᠶᠡᠵᠦ ᠪᠠᠶᠢᠯ᠎ᠠ᠃ ᠨᠠᠭᠠᠳᠴᠤ᠂ ᠭᠡᠳᠡᠰᠦ ᠨᠢ ᠳᠤᠨᠳᠠᠷᠠᠭᠰᠠᠨ ᠬᠡᠦᠬᠡᠳ ᠤᠨ | ᠶᠠᠷᠪᠢᠭᠯᠠᠬᠤ ᠨᠢ ᠣᠯᠠᠳᠠᠬᠤ ᠳᠤ᠄ | | | ︽ᠵᠠ ᠵᠠ᠂ ᠬᠠᠷᠢᠶ᠎ᠠ᠃ ᠠᠮᠢᠵᠢᠭᠤᠵᠤ ︵ᠢᠳᠡᠵᠦ ᠤᠤᠭᠤᠵᠤ︶ ᠠᠪᠤᠭᠠᠳ ᠢᠷᠡᠵᠦ ᠴᠡᠪᠡᠷᠯᠡᠶᠡ︾ ᠭᠡᠯᠴᠡᠨ | ᠡᠭᠦᠷᠳᠡᠭ ᠢ ᠨᠢ ᠡᠭᠦᠷᠴᠦ᠂ ᠬᠥᠲᠥᠯᠳᠡᠭ ᠢ ᠨᠢ ᠬᠥᠲᠥᠯᠥᠭᠡᠳ ᠭᠡᠷ ᠤᠷᠤᠭᠤ ᠪᠠᠨ ᠬᠥᠳᠡᠯᠵᠡᠢ᠃ ᠬᠡᠦᠬᠡᠳ ᠤᠨ ᠬᠢᠨᠢ | ᠶᠡᠭᠡ ᠭᠡᠰᠡᠨ ᠳᠡᠭᠡᠨ ᠰᠢᠷ᠎ᠠ ᠪᠠᠨᠳᠢ ᠥᠪᠡᠷ ᠤᠨ ᠳᠠᠭᠠᠭᠠᠬᠤ ᠪᠠᠷ ᠰᠠᠶᠢᠰᠠ᠂ ᠬᠤᠳᠬᠤᠭᠤᠷ ᠮᠣᠳᠣ ᠶᠢ ᠠᠪᠴᠤ | ᠠᠪᠤ ᠶᠢᠨ ᠢᠶᠠᠨ᠄ ︽ᠨᠣᠬᠠᠢ ᠶᠢᠨ ᠭᠦᠯᠦᠭᠡ ᠠᠴᠠ ᠳᠡᠭᠡᠷ᠎ᠡ ᠶᠠᠭᠤᠮ᠎ᠠ ᠪᠣᠯᠵᠤ ᠳ᠋ᠠ︕︾ ᠭᠡᠰᠡᠨ ᠠᠮᠠᠨ ᠮᠠᠭᠲᠠᠭᠠᠯ ᠢ | ᠬᠦᠷᠲᠡᠵᠦ᠂ ᠬᠥᠭᠡᠷᠦᠭᠰᠡᠨ ᠳᠡᠭᠡᠨ ᠲᠣᠮᠣ ᠭᠠᠤᠯᠢᠨ ᠰᠢᠨᠠᠭ᠎ᠠ ᠶᠢ ᠠᠪᠬᠤ ᠭᠡᠰᠡᠨ ᠴᠤ ᠭᠠᠷ ᠲᠤᠨᠢ ᠪᠠᠭᠲᠠᠭᠰᠠᠨ ᠦᠭᠡᠢ᠃ | | | | ︽ᠭᠦ᠋ ᠪᠣᠯᠵᠤ ᠳ᠋ᠠ᠂ ᠬᠦᠦ ᠮᠢᠨᠢ᠃ ᠬᠤᠶᠠᠷ ᠳᠡᠭᠦᠦ ᠪᠠᠨ ᠬᠠᠷᠠᠵᠤ᠂ ᠠᠮᠤ ᠰᠠᠨᠠᠭ᠎ᠠ ᠠᠮᠤᠷ ᠬᠠᠭᠤᠷᠤᠭᠤᠯᠤᠯᠠ᠃ | ᠦᠭᠡᠢ ᠪᠣᠯ ᠡᠨᠡ ᠬᠤᠶᠠᠷ ᠪᠤᠯᠬᠤ ᠦᠭᠡᠢ︾ ᠭᠡᠵᠦ ᠡᠵᠢ ᠨᠢ ᠪᠠᠰᠠ ᠨᠡᠮᠡᠵᠦ ᠬᠡᠯᠡᠯ᠎ᠡ᠃ ᠬᠦᠦ ᠶᠢᠨ ᠰᠡᠳᠬᠢᠯ ᠪᠠᠶᠠᠷ | ᠭᠦᠷ ᠢᠶᠠᠷ ᠪᠢᠯᠬᠠᠵᠤ᠂ ᠠᠪᠤᠭᠰᠠᠨ ᠶᠠᠭᠤᠮ᠎ᠠ ᠨᠢ ᠳᠠᠩᠴᠤ ᠬᠥᠩᠭᠡᠨ ᠰᠠᠨᠠᠭᠳᠠᠨ᠎ᠠ᠃ ᠪᠤᠯᠳᠠᠭ ᠰᠠᠨ ᠪᠣᠯ ᠪᠠᠰᠠ ᠨᠢᠭᠡ | ᠭᠡᠳᠦ ᠶᠢ ᠠᠪᠬᠤ ᠰᠠᠨ ᠭᠡᠵᠦ ᠪᠤᠳᠤᠨ᠎ᠠ᠃ | | | ︽ᠬᠤᠯᠤᠭᠠᠨ᠎ᠠ︕︾ ᠭᠡᠵᠦ ᠠᠪᠤ ᠶᠢᠨ ᠢᠶᠠᠨ ᠨᠢᠷᠤᠭᠤᠨ ᠳᠤ ᠨᠣᠶᠢᠷᠮᠣᠭᠯᠠᠵᠤ ᠪᠠᠶᠢᠭᠰᠠᠨ ᠪᠢᠴᠢᠬᠠᠨ ᠥᠬᠢᠨ | ᠬᠠᠰᠬᠢᠷᠤᠯ᠎ᠠ᠃ | | | ᠬᠠᠷ᠎ᠠ ᠮᠤᠤᠷ ᠡᠵᠡᠨ ᠢᠶᠠᠨ ᠦᠵᠡᠭᠡᠳ ᠬᠤᠯᠤᠭᠠᠨ᠎ᠠ ᠪᠠᠷᠢᠵᠤ ᠠᠪᠤᠭᠰᠠᠨ ᠢᠶᠠᠨ ᠪᠠᠷᠳᠠᠬᠤ ᠭᠡᠵᠦ᠄ ︽ᠵᠣᠭᠰᠣ︕︾ | ᠭᠡᠵᠦ ᠬᠡᠦᠬᠡᠨ ᠠᠴᠠ ᠴᠤ ᠴᠢᠩᠭ᠎ᠠ ᠳᠤᠤᠭᠠᠷᠬᠤ ᠳᠤ ᠠᠶᠤᠭᠰᠠᠨ ᠬᠤᠶᠠᠷ ᠰᠢᠭᠡᠵᠢ ᠬᠤᠷᠤᠭᠤ ᠬᠢᠷᠢ ᠪᠣᠯᠪᠠ᠃ | ᠥᠯᠥᠭᠴᠢᠨ ᠮᠤᠤᠷ ᠥᠨᠥᠬᠢ ᠬᠤᠶᠠᠷ ᠢ ᠬᠡᠳᠦᠨ ᠲᠠᠪᠠᠷ ᠲᠠᠭᠠᠨ ᠥᠭᠴᠦ ᠨᠠᠭᠠᠳᠤᠭᠤᠯᠬᠤ ᠭᠡᠵᠦ ᠠᠪᠴᠤ ᠶᠠᠪᠤᠭ᠎ᠠ | ᠨᠢ ᠡᠨᠡ᠃ | | | ︽ᠠᠪᠤ ᠠ᠋︕ ᠡᠵᠢ ᠠ᠋︕ ᠡᠨᠡ ᠴᠢᠨᠢ ᠮᠠᠨᠤᠰ ᠤᠨ ᠪᠠᠷᠢᠭᠰᠠᠨ ᠣᠭᠤᠲᠣᠨ᠎ᠠ ᠪᠢᠰᠢ ᠶᠤᠮ ᠦᠦ︖ ᠮᠥᠨ | ᠪᠠᠶᠢᠨ᠎ᠠ︾ ᠭᠡᠵᠦ ᠬᠦᠦ ᠪᠠᠰᠠ ᠬᠠᠰᠬᠢᠷᠤᠯ᠎ᠠ᠃ ᠥᠬᠢᠨ ᠳᠡᠭᠦᠦ ᠨᠢ ᠠᠪᠤ ᠶᠢᠨ ᠢᠶᠠᠨ ᠨᠢᠷᠤᠭᠤ ᠠᠴᠠ ᠱᠤᠳᠤᠷᠤᠨ | ᠪᠠᠭᠤᠪᠠ᠃ ᠲᠡᠭᠦᠨ ᠤ ᠨᠣᠶᠢᠷ ᠰᠡᠷᠭᠦᠵᠡᠢ᠃ ᠬᠠᠮᠤᠭ ᠪᠠᠭ᠎ᠠ ᠳᠡᠭᠦᠦ ᠨᠢ ᠡᠵᠢ ᠶᠢᠨ ᠢᠶᠠᠨ ᠡᠪᠦᠷ ᠲᠤ ᠪᠦᠭᠡ ᠭᠡᠭᠴᠢ | ᠤᠨᠲᠠᠨ᠎ᠠ᠃ | | | ︽ᠶᠠᠭ ᠮᠥᠨ ᠪᠠᠶᠢᠨ᠎ᠠ᠂ ᠡᠨᠡ ᠶᠠᠭᠠᠬᠢᠭᠠᠳ ᠠᠳᠡ ᠶᠠᠪᠤᠵᠤ ᠪᠠᠶᠢᠬᠤ ᠶᠤᠮ︖ ᠪᠠᠰᠠ ᠨᠢᠭᠡ ᠡᠰᠢᠨᠲᠡᠢ | ᠪᠠᠶᠢᠨ᠎ᠠ᠃ ᠬᠥᠶ᠋ᠢ᠂ ᠣᠭᠤᠲᠣᠨ᠎ᠠ ᠠ᠋︕ ᠴᠢ ᠶᠠᠭᠠᠬᠢᠭᠠᠳ ᠮᠠᠨ ᠤ ᠭᠡᠷ ᠤᠨ ᠮᠤᠤᠷ ᠲᠤ ᠪᠠᠷᠢᠭᠳᠠᠴᠢᠬᠠᠪᠠ︖︾ᠭᠡᠵᠦ | ᠠᠬ᠎ᠠ ᠳᠡᠭᠦᠦ ᠬᠤᠶᠠᠷ ᠲᠣᠭᠤᠷᠢᠨ ᠡᠷᠭᠢᠯᠳᠦᠨ᠎ᠡ᠃ | | | ᠠᠪᠤ ᠡᠵᠢ ᠬᠤᠶᠠᠷ ᠨᠢ ᠪᠠᠰᠠ ᠬᠦᠷᠴᠦ ᠢᠷᠡᠯ᠎ᠡ᠄ | | | ︽ᠪᠠᠭ᠋ᠠᠨ ᠲᠡᠶᠢᠮᠦ᠂ ᠮᠠᠭᠤ ᠮᠤᠤᠷ ᠭᠡᠷ ᠤᠷᠤᠭᠤ ᠠᠮᠢᠳᠤ ᠬᠤᠯᠤᠭᠠᠨ᠎ᠠ ᠵᠥᠭᠡᠭᠡᠭᠡᠳ ᠪᠠᠶᠢᠳᠠᠭ ᠶᠤᠮ᠃ | ᠲᠠᠪᠠᠷ ᠲᠠᠭᠠᠨ ᠥᠭᠴᠦ ᠨᠠᠭᠠᠳᠤᠭᠤᠯᠳᠠᠭ ᠶᠤᠮ ᠪᠠᠶᠢᠨ᠎ᠠ᠃ ᠬᠠᠶᠠ᠂ ᠬᠠᠶᠠ᠂ ᠬᠠᠷᠢᠶ᠎ᠠ︾ ᠭᠡᠵᠦ ᠠᠪᠤ ᠨᠢ ᠥᠭᠦᠯᠡᠬᠦ ᠳᠤ᠄ | ︽ᠣᠭᠤᠲᠣᠨ᠎ᠠ ᠬᠥᠮᠥᠨ ᠬᠠᠷ᠎ᠠ ᠳᠤ ᠭᠡᠮ ᠬᠤᠣᠷ ᠦᠭᠡᠢ ᠠᠮᠢᠳᠠᠨ᠂ ᠲᠠᠯᠪᠢᠵᠤ ᠶᠠᠪᠤᠭᠤᠯ᠃ ᠡᠨᠡ ᠮᠠᠭᠤ ᠡᠰᠢᠨᠲᠡᠢ ᠴᠤ | ᠬᠡᠷᠡᠭ ᠤᠨ ᠲᠦᠷᠦᠭᠦᠣ᠃ ᠪᠠᠶᠢᠳᠠᠭ ᠤᠭᠤᠲᠠ ᠰᠠᠪᠠ ᠶᠢ ᠴᠣᠭᠤᠯᠵᠤ᠂ ᠭᠡᠷ ᠤᠨ ᠣᠷᠣᠢ ᠪᠠᠷ ᠴᠤ ᠭᠦᠶᠦᠵᠦ ᠪᠠᠶᠢᠬᠤ᠃ | ᠶᠠᠭᠠᠬᠢᠵᠤ ᠭᠠᠷᠳᠠᠭ ᠶᠤᠮ ᠪᠢᠯᠡ︖ ᠰᠦᠷᠡᠬᠡᠢ ᠠᠮᠢᠳᠠᠨ᠃ ᠬᠢᠵᠢᠭ ᠡᠨᠡ ᠲᠡᠷᠡ ᠲᠠᠷᠬᠠᠭᠠᠴᠢᠬᠠᠨᠠ︾ ᠭᠡᠵᠦ | ᠰᠠᠷᠠᠨᠲᠤᠶᠠᠭ᠎ᠠ ᠵᠢᠭᠰᠢᠨ ᠥᠭᠦᠯᠡᠯ᠎ᠡ᠃ | | | ᠤᠰᠤ ᠶᠢ ᠨᠢ ᠤᠤᠭᠤᠪᠠᠯ ᠶᠣᠰᠣ ᠶᠢ ᠨᠢ ᠳᠠᠭᠠᠨ᠎ᠠ ᠭᠡᠵᠦ᠂ ᠬᠠᠷ᠎ᠠ ᠮᠤᠤᠷ ᠣᠭᠤᠲᠣᠨ᠎ᠠ ᠶᠢᠨ ᠤᠶᠠᠭ᠎ᠠ ᠶᠢ | ᠲᠠᠶᠢᠯᠦᠯᠠ᠃ ᠰᠤᠯᠠᠯᠠᠭᠳᠠᠭᠰᠠᠨ ᠣᠭᠤᠲᠣᠨ᠎ᠠ ᠭᠡᠷ ᠤᠷᠤᠭᠤ ᠪᠠᠨ ᠪᠦᠳᠦᠴᠢᠨ ᠭᠦᠶᠦᠬᠦ ᠳᠤ ᠡᠰᠢᠨᠲᠡᠢ | ᠬᠤᠶᠢᠨ᠎ᠠ ᠠᠴᠠ ᠨᠢ ᠶᠠᠪᠤᠬᠤ ᠭᠡᠪᠡ᠃ ᠮᠤᠤᠷ ᠤᠶᠠᠭ᠎ᠠ ᠠᠴᠠ ᠨᠢ ᠣᠭᠵᠣᠮ ᠲᠠᠲᠠᠵᠤ᠄ | | | ︽ᠴᠢ ᠶᠠᠮᠠᠷ ᠣᠭᠤᠲᠣᠨ᠎ᠠ ᠪᠠᠶᠢᠨ᠎ᠠ ᠦᠦ︖ ᠮᠠᠨ ᠤ ᠳᠤ ᠶᠠᠪᠤᠵᠤ ᠬᠡᠦᠬᠡᠳ ᠤᠳ ᠤᠨ ᠮᠢᠨᠢ ᠲᠣᠭᠯᠠᠭᠠᠮ ᠪᠣᠯ︕ | ︾ ᠭᠡᠯᠡ᠃ |