| | | | ᠭᠦᠭᠡᠷᠭᠡᠯᠡᠵᠦ ᠪᠦᠰᠡᠯᠡᠭᠰᠡᠨ ᠲᠡᠪᠡᠯ ᠠᠴᠠ | ᠨᠠᠷᠠ ᠬᠤᠷ᠎ᠠ ᠬᠠᠩᠬᠤᠯᠬᠤ | ᠭᠦᠯᠦᠭ ᠤᠨ ᠤᠨᠠᠭᠠᠨ ᠦᠦᠷᠰᠡᠭᠡ ᠠᠴᠠ | ᠨᠠᠶᠢᠷ ᠤᠨ ᠰᠤᠷᠠᠭ ᠨᠠᠭᠠᠰᠢᠯᠠᠬᠤ | ᠬᠥᠳᠡᠭᠡ ᠶᠢᠨ ᠰᠠᠶᠢᠬᠠᠨ ᠠᠷᠠᠨᠰᠢᠨ ᠠᠴᠠ | ᠪᠠᠶᠢᠭᠠᠯᠢ ᠶᠢᠨ ᠠᠶᠢᠵᠠᠮ ᠴᠠᠯᠭᠢᠯᠠᠬᠤ | ᠬᠦᠰᠡᠯ ᠤᠨ ᠲᠣᠷᠭᠠᠨ ᠮᠡᠯᠮᠡᠢ ᠠᠴᠠ | ᠶᠢᠷᠲᠢᠨᠴᠦ ᠶᠢᠨ ᠤᠯᠠᠭ᠎ᠠ ᠲᠣᠳᠣᠷᠠᠬᠤ | ᠬᠥᠮᠥᠨ ᠤ ᠠᠮᠢᠳᠤᠷᠠᠯ ᠤᠨ ᠠᠯᠠᠭᠠᠨ ᠳᠡᠭᠡᠷ᠎ᠡ | ᠠᠯᠳᠠᠭ᠎ᠠ ᠣᠨᠤᠭ᠎ᠠ ᠲᠠᠢ ᠰᠣᠯᠣᠩᠭᠠᠷᠠᠬᠤ | ᠬᠠᠶᠢᠷ᠎ᠠ ᠬᠠᠯᠠᠮᠵᠢ ᠪᠠᠷ ᠢᠷᠠᠭᠤᠰᠣᠬᠰᠠᠨ | ᠭᠦᠲᠡᠯᠮᠦᠷᠢ ᠶᠢᠨ ᠢᠷᠠᠭᠤ ᠳᠠᠭᠤᠯᠠᠯ | | | | | ᠲᠥᠯ ᠤᠨ ᠱᠤᠤᠭᠢᠶᠠᠨ ᠠᠴᠠ ᠪᠢᠯᠬᠠᠭᠰᠠᠨ | ᠲᠦᠭᠡᠮᠡᠯ ᠬᠠᠪᠤᠷ ᠢᠷᠡᠬᠦ | ᠲᠡᠭᠦᠰ ᠲᠡᠭᠦᠯᠳᠡᠷ ᠭᠤᠶᠣᠯᠠᠭᠰᠠᠨ | ᠳᠡᠯᠭᠡᠷ ᠵᠣᠨ ᠰᠠᠭᠠᠲᠠᠬᠤ | ᠲᠠᠪᠤᠨ ᠲᠠᠷᠢᠶ᠎ᠠ ᠨᠠᠶᠢᠭᠤᠭᠰᠠᠨ | ᠲᠠᠩᠰᠤᠬ ᠨᠠᠮᠤᠷ ᠬᠠᠯᠢᠭᠤᠷᠠᠬᠤ | ᠲᠠᠪᠤᠨ ᠰᠦᠷᠦᠭ ᠨᠠᠯᠠᠶᠢᠭᠰᠠᠨ | ᠦᠩᠰᠢᠭ ᠡᠪᠦᠯ ᠴᠠᠶᠢᠯᠵᠠᠬᠤ | ᠲᠦᠷᠪᠡᠨ ᠴᠠᠭ ᠤᠨ ᠲᠦᠷᠡᠯᠭᠡ ᠳᠡᠭᠡᠷ᠎ᠡ | ᠳᠥᠷᠥᠭᠡᠨ ᠲᠠᠭᠤ ᠲᠠᠢ ᠬᠠᠩᠭᠢᠨᠠᠵᠤ | ᠲᠦᠪᠰᠢᠨ ᠠᠮᠤᠭᠤᠯᠠᠩ ᠳᠡᠭᠡᠳᠦᠯᠡᠭᠰᠡᠨ | ᠭᠦᠲᠡᠯᠮᠦᠷᠢ ᠶᠢᠨ ᠢᠷᠠᠭᠤ ᠳᠠᠭᠤᠯᠠᠯ᠃ | | | | | ᠡᠷᠳᠡᠮ ᠤᠨ ᠵᠢᠯᠣᠭᠤ ᠵᠠᠯᠠᠭᠰᠠᠨ | ᠪᠠᠭᠰᠢ ᠶᠢᠨ ᠵᠢᠳᠬᠦᠯ ᠳᠠᠭᠤᠷᠢᠰᠬᠤ | ᠡᠷᠢᠯ ᠤᠨ ᠬᠤᠯᠠ ᠳᠤ ᠲᠡᠮᠡᠦᠯᠦᠭᠰᠡᠨ | ᠬᠡᠦᠬᠡᠳ ᠤᠨ ᠬᠦᠰᠡᠯ ᠪᠡᠶᠡᠯᠡᠬᠦ | ᠡᠷᠳᠡᠨᠢᠲᠦ ᠦᠢᠯᠡᠰ ᠢᠶᠠᠨ ᠴᠣᠭᠴᠠᠯᠠᠭᠰᠠᠨ | ᠵᠢᠪᠬᠤᠭᠠᠲᠤ ᠲᠦᠮᠡᠨ ᠤᠤᠬᠠᠶᠢᠯᠠᠬᠤ | ᠡᠷᠢᠨ ᠵᠠᠭᠤᠨ ᠢᠶᠠᠨ ᠪᠠᠭ᠋ᠠᠳᠤᠭᠰᠠᠨ | ᠬᠦᠰᠡᠯᠡᠩᠲᠦ ᠢᠷᠡᠭᠡᠳᠦᠢ ᠲᠣᠳᠣᠷᠠᠬᠤ | ᠲᠤᠬ ᠢᠶᠠᠨ ᠡᠷᠭᠦᠭᠰᠡᠨ ᠡᠩᠨᠡᠭᠡ | ᠲᠦᠷᠦ ᠶᠢᠨ ᠢᠪᠡᠭᠡᠯ ᠳᠤ ᠶᠣᠰᠣᠯᠠᠵᠤ | ᠬᠥᠪᠴᠢᠨ ᠳᠡᠯᠡᠬᠡᠢ ᠳᠤ ᠭᠡᠷᠡᠯᠲᠦᠭᠰᠡᠨ | ᠭᠦᠲᠡᠯᠮᠦᠷᠢ ᠶᠢᠨ ᠢᠷᠠᠭᠤ ᠳᠠᠭᠤᠯᠠᠯ᠃ |