ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠢᠯ ᠤᠨ ᠨᠥᠯᠥᠭᠡᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠨᠡᠶᠢᠭᠡᠮᠯᠢᠭ ᠪᠠᠶᠢᠭᠤᠯᠤᠭᠳᠠᠪᠠ
ᠨᠡᠶᠢᠲᠡᠯᠡᠭᠰᠡᠨ ᠴᠠᠭ᠄
2025/5/20
      ᠲᠦᠷᠦᠭᠦᠬᠡᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠢᠯ ᠤᠨ ᠨᠥᠯᠥᠭᠡᠨ ᠤ  ᠡᠷᠡᠭᠦᠯ  ᠬᠠᠮᠠᠭᠠᠯᠠᠯ  ᠡᠷᠡᠭᠦᠯ  ᠮᠡᠨᠳᠦ  ᠶᠢᠨ ᠨᠡᠶᠢᠭᠡᠮᠯᠢᠭ  ᠭᠦᠭᠡᠬᠤᠳᠠ ᠳᠤ  ᠪᠠᠶᠢᠭᠤᠯᠤᠭᠳᠠᠪᠠ᠃      ᠣᠶᠢᠯᠠᠭᠠᠭᠰᠠᠨ ᠢᠶᠠᠷ᠂  ᠲᠤᠰ  ᠨᠡᠶᠢᠭᠡᠮᠯᠢᠭ  ᠤᠨ ᠪᠠᠶᠢᠭᠤᠯᠤᠭᠳᠠᠭᠰᠠᠨ ᠨᠢ  ᠪᠦᠭᠦ ᠣᠷᠣᠨ ᠤ ᠠᠵᠢᠯ ᠤᠨ ᠨᠥᠯᠥᠭᠡᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠠᠵᠢᠯ ᠰᠢᠨ᠎ᠡ ᠱᠠᠲᠤᠨ ᠳᠤ ᠣᠷᠣᠭᠰᠠᠨ ᠢ ᠬᠠᠷᠠᠭᠤᠯᠵᠤ᠂ ᠲᠡᠷᠡᠴᠢᠯᠡᠨ ᠪᠦᠭᠦ ᠣᠷᠣᠨ ᠤ ᠠᠵᠢᠯ ᠤᠨ ᠨᠥᠯᠥᠭᠡᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠬᠦᠷᠢᠶ᠎ᠡ ᠬᠡᠪᠴᠢᠶᠡᠨ ᠳᠠᠬᠢ ᠡᠯ᠎ᠡ ᠲᠠᠯ᠎ᠠ ᠶᠢᠨ ᠬᠦᠴᠦᠨ ᠢ  ᠨᠢᠭᠲᠠᠷᠠᠭᠤᠯᠤᠨ᠂ ᠠᠵᠢᠯ  ᠤᠨ ᠨᠥᠯᠥᠭᠡᠨ  ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠦᠢᠯᠡᠰ ᠤᠨ ᠬᠥᠭᠵᠢᠯᠲᠡ ᠶᠢ ᠬᠠᠮᠲᠤ ᠪᠠᠷ ᠠᠬᠢᠭᠤᠯᠵᠤ᠂ ᠥᠷᠭᠡᠨ ᠣᠯᠠᠨ ᠬᠥᠳᠡᠯᠮᠦᠷᠢᠴᠢᠨ ᠤ ᠡᠷᠡᠭᠦᠯ  ᠮᠡᠨᠳᠦ ᠶᠢᠨ ᠡᠷᠬᠡ ᠠᠰᠢᠭ ᠢ ᠬᠠᠮᠠᠭᠠᠯᠠᠬᠤ ᠳᠤ ᠠᠬᠢᠭᠤᠯᠬᠤ ᠦᠢᠯᠡᠳᠦᠯ ᠦᠵᠡᠭᠦᠯᠭᠦ  ᠪᠣᠯᠣᠨ᠎ᠠ᠃      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠢᠯ ᠤᠨ ᠨᠥᠯᠥᠭᠡᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠨᠡᠶᠢᠭᠡᠮᠯᠢᠭ ᠠᠵᠢᠯ ᠤᠨ ᠨᠥᠯᠥᠭᠡᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠦᠢᠯᠡᠰ ᠲᠤ  ᠦᠢᠯᠡᠴᠢᠯᠡᠬᠦ ᠪᠠᠷ ᠵᠣᠷᠢᠯᠲᠠ ᠪᠤᠯᠭᠠᠵᠤ᠂ ᠡᠷᠳᠡᠮ ᠰᠢᠨᠵᠢᠯᠡᠭᠡᠨ ᠤ ᠰᠣᠯᠢᠯᠴᠠᠭ᠎ᠠ᠂ ᠮᠡᠷᠭᠡᠵᠢᠯ ᠤᠨ ᠪᠣᠯᠪᠠᠰᠤᠷᠠᠯ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠢ ᠲᠦᠭᠡᠮᠡᠯᠵᠢᠭᠦᠯᠬᠦ ᠤᠬᠠᠭᠤᠯᠭ᠎ᠠ ᠵᠡᠷᠭᠡ ᠠᠵᠢᠯᠯᠠᠭ᠎ᠠ ᠶᠢ ᠢᠳᠡᠪᠬᠢᠲᠡᠢ ᠥᠷᠨᠢᠭᠦᠯᠵᠦ᠂ ᠰᠣᠯᠢᠯᠴᠠᠭᠠᠨ ᠤ ᠲᠠᠪᠴᠠᠩ ᠪᠠᠶᠢᠭᠤᠯᠬᠤ ᠪᠠᠷ ᠳᠠᠮᠵᠢᠨ᠂ ᠪᠦᠷᠢᠯᠳᠦᠭᠦᠨ ᠨᠢᠭᠡᠴᠢ ᠶᠢᠨ ᠬᠤᠭᠤᠷᠣᠨᠳᠣᠭᠢ  ᠬᠠᠮᠲᠤᠷᠠᠯᠴᠠᠭ᠎ᠠ ᠪᠣᠯᠣᠨ ᠬᠠᠷᠢᠯᠴᠠᠭ᠎ᠠ ᠶᠢ ᠠᠬᠢᠭᠤᠯᠵᠤ᠂ ᠠᠵᠢᠯ ᠤᠨ ᠨᠥᠯᠥᠭᠡᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠬᠦᠷᠢᠶᠡᠨ ᠤ ᠮᠡᠷᠭᠡᠵᠢᠯ ᠤᠨ ᠰᠢᠨ᠎ᠡ ᠶᠢ ᠡᠭᠦᠳᠬᠦ ᠪᠠ ᠦᠷ᠎ᠡ ᠪᠦᠲᠦᠭᠡᠯ ᠢ ᠬᠤᠪᠢᠷᠠᠭᠤᠯᠬᠤ ᠶᠢ ᠠᠬᠢᠭᠤᠯᠬᠤ ᠪᠣᠯᠣᠨ᠎ᠠ᠃ ᠡᠭᠦᠨ ᠤ ᠬᠠᠮᠲᠤ᠂ ᠲᠤᠰ ᠨᠡᠶᠢᠭᠡᠮᠯᠢᠭ ᠪᠠᠰᠠ ᠬᠥᠭᠦᠷᠭᠡ ᠬᠤᠯᠪᠣᠭᠠᠰᠤ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠠᠵᠢᠯ ᠲᠥᠷᠥᠯ ᠤᠨ ᠬᠢᠨ ᠤ ᠬᠡᠷᠡᠭᠴᠡᠭᠡ ᠱᠠᠭᠠᠷᠳᠠᠯᠭ᠎ᠠ ᠶᠢ ᠴᠠᠭ  ᠲᠤᠬᠠᠢ ᠳᠤᠨᠢ ᠲᠤᠰᠬᠠᠵᠤ᠂ ᠵᠠᠰᠠᠭ ᠤᠨ ᠣᠷᠳᠣᠨ ᠤ ᠰᠠᠯᠠᠭ᠎ᠠ ᠮᠥᠴᠢᠷ ᠤᠨ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠲᠣᠭᠲᠠᠭᠠᠬᠤ  ᠳᠤ ᠯᠠᠪᠯᠠᠯᠲᠠ ᠦᠨᠳᠦᠰᠦᠯᠡᠯ  ᠬᠠᠩᠭᠠᠬᠤ ᠪᠣᠯᠣᠨ᠎ᠠ᠃ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号