| | ᠰᠢᠨᠬᠤᠸᠠ ᠬᠤᠷᠢᠶ᠎ᠠ ᠶᠢᠨ ᠪᠡᠭᠡᠵᠢᠩ ᠤᠨ 4 ᠰᠠᠷ᠎ᠠ ᠶᠢᠨ 3 ᠤ ᠴᠠᠭᠢᠯᠭᠠᠨ ᠮᠡᠳᠡᠭᠡ 4 ᠰᠠᠷ᠎ᠠ ᠶᠢᠨ 3 ᠤ ᠡᠳᠦᠷ᠂ | ᠤᠯᠤᠰ ᠤᠨ ᠲᠡᠷᠢᠭᠦᠯᠡᠭᠴᠢ ᠰᠢ ᠶᠢᠨ ᠫᠢᠩ ᠪᠣᠯᠣᠨ ᠫᠤᠰᠨᠢᠶ᠎ᠠ ᠪᠠ ᠾᠧᠷᠽᠧᠭᠤᠸᠢᠨᠠ ᠶᠢᠨ ᠲᠡᠷᠢᠭᠦᠯᠡᠭᠴᠢᠳ ᠤᠨ ᠪᠦᠯᠭᠦᠮ ᠤᠨ | ᠵᠢᠵᠢᠭᠦᠷ ᠲᠡᠷᠢᠭᠦᠯᠡᠭᠴᠢ ᠽᠸᠢᠶᠠᠨᠤᠸᠢᠴᠢ ᠬᠠᠷᠢᠯᠴᠠᠨ ᠪᠠᠶᠠᠷ ᠤᠨ ᠴᠠᠭᠢᠯᠭᠠᠨ ᠴᠢᠮᠡᠭᠡ ᠶᠠᠪᠤᠭᠤᠯᠵᠤ᠂ ᠬᠤᠶᠠᠷ ᠤᠯᠤᠰ ᠤᠨ | ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ 30 ᠵᠢᠯ ᠤᠨ ᠣᠶ ᠶᠢ ᠪᠡᠯᠭᠡᠯᠡᠪᠡ᠃ | | ᠰᠢ ᠶᠢᠨ ᠫᠢᠩ᠂ ᠳᠤᠮᠳᠠᠳᠤ ᠤᠯᠤᠰ ᠫᠤᠰᠨᠢᠶ᠎ᠠ ᠪᠠ ᠾᠧᠷᠽᠧᠭᠤᠸᠢᠨᠠ ᠲᠠᠢ ᠭᠠᠳᠠᠭᠠᠳᠤ ᠬᠠᠷᠢᠯᠴᠠᠭ᠎ᠠ | ᠪᠠᠶᠢᠭᠤᠯᠤᠭᠰᠠᠨ 30 ᠵᠢᠯ ᠤᠨ ᠲᠤᠷᠰᠢ᠂ ᠬᠤᠶᠠᠷ ᠲᠠᠯ᠎ᠠ ᠪᠠᠷ ᠢᠶᠠᠨ ᠡᠷᠬᠡ ᠲᠡᠭᠰᠢ ᠬᠠᠨᠳᠤᠬᠤ᠂ ᠬᠠᠷᠢᠯᠴᠠᠨ ᠬᠦᠨᠳᠦᠳᠬᠡᠬᠦ᠂ | ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠳᠡᠭᠦ ᠵᠠᠷᠴᠢᠮ ᠢ ᠪᠠᠷᠢᠮᠲᠠᠯᠠᠨ ᠬᠤᠶᠠᠷ ᠲᠠᠯ᠎ᠠ ᠶᠢᠨ ᠬᠠᠷᠢᠯᠴᠠᠭ᠎ᠠ ᠶᠢ | ᠬᠥᠭᠵᠢᠭᠦᠯᠵᠦ᠂ ᠤᠯᠤᠰ ᠲᠦᠷᠦ ᠶᠢᠨ ᠢᠲᠡᠭᠡᠯᠴᠡᠭᠡ ᠦᠷᠭᠦᠯᠵᠢᠯᠡᠨ ᠭᠦᠨᠵᠡᠭᠡᠶᠢᠷᠡᠵᠦ᠂ ᠪᠣᠳᠠᠲᠠᠢ ᠶᠢ ᠡᠷᠬᠢᠮᠯᠡᠭᠰᠡᠨ | ᠬᠠᠮᠲᠤᠷᠠᠯᠴᠠᠭ᠎ᠠ ᠦᠯᠡᠮᠵᠢ ᠦᠷ᠎ᠡ ᠪᠦᠲᠦᠭᠡᠯ ᠣᠯᠵᠤ᠂ ᠶᠡᠭᠡ ᠪᠠᠭ᠎ᠠ ᠨᠢ ᠠᠳᠠᠯᠢ ᠪᠤᠰᠤ᠂ ᠲᠡᠦᠬᠡ ᠰᠣᠶᠣᠯ ᠨᠢ ᠠᠳᠠᠯᠢ ᠪᠤᠰᠤ᠂ | ᠨᠡᠶᠢᠭᠡᠮ ᠤᠨ ᠪᠠᠶᠢᠭᠤᠯᠤᠯ ᠨᠢ ᠠᠳᠠᠯᠢ ᠪᠤᠰᠤ ᠤᠯᠤᠰ ᠤᠨ ᠨᠥᠭᠦᠷᠰᠡᠭ ᠢᠶᠠᠷ ᠬᠠᠷᠢᠯᠴᠠᠬᠤ᠂ ᠭᠠᠷ ᠬᠤᠯᠪᠣᠨ ᠬᠥᠭᠵᠢᠬᠦ | ᠦᠯᠢᠭᠡᠷ ᠳᠠᠭᠤᠷᠢᠶᠠᠯ ᠢ ᠱᠤᠭᠤᠪᠠ᠃ ᠪᠢ ᠳᠤᠮᠳᠠᠳᠤ ᠤᠯᠤᠰ ᠪᠣᠯᠣᠨ ᠫᠤᠰᠨᠢᠶ᠎ᠠ ᠪᠠ ᠾᠧᠷᠽᠧᠭᠤᠸᠢᠨᠠ ᠶᠢᠨ ᠬᠠᠷᠢᠯᠴᠠᠭ᠎ᠠ ᠶᠢᠨ | ᠬᠥᠭᠵᠢᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠪᠠᠶᠢᠨ᠎ᠠ᠂ ᠳᠤᠷᠠᠲᠠᠶ᠎ᠠ ᠲᠡᠷᠢᠭᠦᠯᠡᠭᠴᠢ ᠠᠪᠠᠭ᠋ᠠᠢ ᠲᠠᠢ ᠬᠠᠮᠲᠤ ᠪᠠᠷ | ᠴᠢᠷᠮᠠᠶᠢᠵᠤ᠂ ᠬᠤᠶᠠᠷ ᠤᠯᠤᠰ ᠤᠨ ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ 30 ᠵᠢᠯ ᠤᠨ ᠤᠢ ᠪᠠᠷ ᠰᠢᠨ᠎ᠡ ᠭᠠᠷᠤᠭ᠎ᠠ | ᠪᠤᠯᠭᠠᠵᠤ᠂ ᠤᠯᠠᠮᠵᠢᠯᠠᠯᠲᠤ ᠨᠥᠬᠦᠷᠯᠡᠯ ᠢᠶᠠᠨ ᠦᠷᠭᠦᠯᠵᠢᠯᠡᠭᠦᠯᠵᠦ᠂ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠪᠠᠨ | ᠭᠦᠨᠵᠡᠭᠡᠶᠢᠷᠡᠭᠦᠯᠵᠦ᠂ ᠳᠤᠮᠳᠠᠳᠤ ᠤᠯᠤᠰ ᠪᠣᠯᠣᠨ ᠫᠤᠰᠨᠢᠶ᠎ᠠ ᠪᠠ ᠾᠧᠷᠽᠧᠭᠤᠸᠢᠨᠠ ᠶᠢᠨ ᠬᠠᠷᠢᠯᠴᠠᠭ᠎ᠠ ᠶᠢᠨ ᠲᠠᠭᠢᠨ ᠰᠢᠨ᠎ᠡ | ᠳᠡᠭᠲᠡᠷ ᠲᠤ ᠭᠠᠷᠬᠤ ᠶᠢ ᠬᠥᠲᠥᠯᠥᠨ ᠳᠠᠭᠠᠭᠤᠯᠵᠤ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠰᠠᠶᠢᠲᠤᠷ ᠪᠤᠶᠠᠨ | ᠦᠢᠯᠡᠳᠦᠨ᠎ᠡ ᠭᠡᠵᠦ ᠵᠢᠭᠠᠵᠤ ᠭᠠᠷᠭᠠᠪᠠ᠃ | | ᠽᠸᠢᠶᠠᠨᠤᠸᠢᠴᠢ᠂ ᠫᠤᠰᠨᠢᠶ᠎ᠠ ᠪᠠ ᠾᠧᠷᠽᠧᠭᠤᠸᠢᠨᠠ ᠳᠤᠮᠳᠠᠳᠤ ᠤᠯᠤᠰ ᠲᠠᠢ ᠭᠠᠳᠠᠭᠠᠳᠤ ᠬᠠᠷᠢᠯᠴᠠᠭ᠎ᠠ | ᠪᠠᠶᠢᠭᠤᠯᠤᠭᠰᠠᠨ 30 ᠵᠢᠯ ᠤᠨ ᠲᠤᠷᠰᠢ᠂ ᠬᠤᠶᠠᠷ ᠤᠯᠤᠰ ᠬᠠᠷᠢᠯᠴᠠᠨ ᠭᠦᠨᠳᠦᠳᠭᠡᠵᠦ᠂ ᠨᠥᠬᠦᠷᠯᠡᠯ ᠪᠠᠲᠤ ᠪᠠᠬᠢ ᠪᠠᠶᠢᠵᠤ᠂ | ᠡᠯ᠎ᠡ ᠬᠦᠷᠢᠶᠡᠨ ᠳᠠᠬᠢ ᠬᠠᠮᠲᠤᠷᠠᠯᠴᠠᠭ᠎ᠠ ᠡᠯᠪᠡᠭ ᠪᠠᠶᠠᠯᠢᠭ ᠦᠷ᠎ᠡ ᠪᠦᠲᠦᠭᠡᠯ ᠣᠯᠪᠠ᠃ ᠫᠤᠰᠨᠢᠶ᠎ᠠ ᠪᠠ ᠾᠧᠷᠽᠧᠭᠤᠸᠢᠨᠠ ᠶᠢᠨ | ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠬᠤᠶᠠᠷ ᠲᠠᠯ᠎ᠠ ᠶᠢᠨ ᠬᠠᠷᠢᠯᠴᠠᠭ᠎ᠠ ᠪᠠᠨ ᠤᠯᠠᠮ ᠭᠦᠨᠵᠡᠭᠡᠶᠢᠷᠡᠭᠦᠯᠵᠦ᠂ ᠬᠠᠮᠲᠤ ᠶᠢᠨ | ᠬᠥᠭᠵᠢᠯ ᠴᠡᠴᠡᠭᠯᠡᠯ ᠢ ᠪᠡᠶᠡᠯᠡᠭᠦᠯᠦᠨ᠎ᠡ ᠭᠡᠵᠦ ᠢᠯᠡᠳᠬᠡᠪᠡ᠃ |