| | | ᠲᠦᠷᠦᠭᠦᠬᠡᠨ᠂ ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠠᠴᠠ ᠭᠤᠣᠯᠯᠠᠨ ᠡᠷᠭᠢᠯᠡᠭᠰᠡᠨ | ᠪᠣᠳᠠᠰ ᠤᠨ ᠪᠤᠰᠤ ᠰᠣᠶᠣᠯ ᠤᠨ ᠥᠪ ᠢ ᠰᠤᠷᠭᠠᠭᠤᠯᠢ ᠶᠢᠨ ᠬᠦᠷᠢᠶᠡᠨ ᠳᠤ ᠤᠷᠤᠭᠤᠯᠬᠤ - ᠱᠢᠷᠦᠨᠴᠢᠮᠡᠭ ᠤᠨ | ᠲᠤᠰᠬᠠᠢ ᠳᠠᠯᠠᠪᠠᠢ ᠲᠤᠬᠯᠠᠯᠳᠠ ᠭᠦᠭᠡᠬᠤᠳᠠ ᠳᠤ ᠨᠢᠵᠢᠭᠢᠷ ᠰᠠᠶᠢᠬᠠᠨ ᠶᠠᠪᠤᠭᠳᠠᠪᠠ᠃ | | | ᠳ᠋ᠠᠮᠼᠠ ᠶᠢᠨ ᠱᠢᠷᠦᠨᠴᠢᠮᠡᠭ ᠪᠣᠯ ᠬᠥᠬᠡᠨᠠᠭᠤᠷ ᠮᠤᠵᠢ ᠶᠢᠨ ᠬᠠᠶᠢᠰᠢ ᠵᠧᠦ ᠶᠢᠨ ᠦᠨᠳᠦᠰᠦᠲᠡᠨ ᠤ ᠳᠠᠭᠤᠤ | ᠪᠥᠵᠢᠭ ᠤᠨ ᠪᠦᠯᠭᠦᠮ ᠤᠨ ᠳᠠᠭᠤᠴᠢᠨ᠂ ᠳᠡᠭᠡᠳᠦ ᠮᠣᠩᠭᠤᠯ ᠤᠨ ᠠᠷᠠᠳ ᠤᠨ ᠳᠠᠭᠤᠤ ᠪᠠ ᠲᠣᠪᠰᠢᠭᠤᠷ ᠬᠥᠭᠵᠢᠮ ᠤᠨ | ᠥᠪᠯᠡᠨ ᠤᠯᠠᠮᠵᠢᠯᠠᠭᠴᠢ᠂ ︽ᠳᠡᠭᠡᠳᠦ ᠮᠣᠩᠭᠤᠯ ᠡᠭᠡᠰᠢᠭᠯᠡᠩ︾ ᠬᠡᠮᠡᠬᠦ ᠭᠤᠷᠪᠠᠨ ᠴᠤᠪᠤᠷᠠᠯ ᠴᠣᠮᠤᠭ ᠲᠠᠢ᠃ ᠬᠥᠬᠡᠨᠠᠭᠤᠷ | ᠮᠣᠩᠭᠤᠯᠴᠤᠳ ᠤᠨ ᠳᠠᠭᠤᠤ ᠤᠷᠠᠯᠢᠭ ᠢ ᠥᠪᠥᠷ ᠮᠣᠩᠭᠤᠯᠴᠤᠳ ᠲᠤ ᠰᠣᠨᠢᠷᠬᠠᠭᠤᠯᠵᠤ᠂ ᠬᠤᠶᠠᠷ ᠭᠠᠵᠠᠷ ᠤᠨ | ᠰᠣᠶᠣᠯ ᠤᠨ ᠰᠣᠯᠢᠯᠴᠠᠭ᠎ᠠ ᠶᠢ ᠠᠬᠢᠭᠤᠯᠬᠤ ᠶᠢ ᠵᠣᠷᠢᠭᠰᠠᠨ ᠡᠨᠡ ᠬᠦ ᠲᠤᠬᠯᠠᠯᠳᠠ ᠳᠤ ᠱᠢᠷᠦᠨᠴᠢᠮᠡᠭ ︽ᠴᠢᠮ᠎ᠠ ᠪᠠᠨ | ᠰᠠᠨᠠᠬᠤ ᠳᠤ︾᠂ ︽ᠢᠰᠡᠭᠡᠢ ᠶᠢᠨ ᠳᠠᠭᠤᠤ︾᠂ ︽ᠡᠵᠢ ᠶᠢᠨ ᠨᠤᠲᠤᠭ ᠰᠠᠨᠠᠭᠳᠠᠨ᠎ᠠ︾᠂ ︽ᠠᠯᠳᠠᠨ ᠠᠩᠭᠢᠷ ᠪᠠᠭᠤᠪᠴᠢ︾᠂ | ︽ᠲᠣᠶᠢᠭ ᠤᠨ ᠳᠠᠭᠤᠤ︾ ᠵᠡᠷᠭᠡ 11 ᠳᠠᠭᠤᠤ ᠳᠠᠭᠤᠯᠠᠵᠤ᠂ ᠥᠪᠡᠷᠮᠢᠴᠡ ᠣᠨᠴᠠᠯᠢᠭ ᠲᠠᠢ ᠬᠥᠬᠡᠨᠠᠭᠤᠷ | ᠮᠣᠩᠭᠤᠯᠴᠤᠳ ᠤᠨ ᠠᠷᠠᠳ ᠤᠨ ᠳᠠᠭᠤᠤ ᠶᠢᠨ ᠠᠶᠢᠵᠠᠮ ᠡᠭᠡᠰᠢᠭ ᠵᠢᠴᠢ ᠤᠳᠬ᠎ᠠ ᠤᠶᠠᠩᠭ᠎ᠠ ᠲᠡᠭᠦᠰ ᠳᠠᠭᠤᠤ ᠶᠢᠨ | ᠦᠭᠡ ᠦᠯᠢᠭᠡᠷ ᠢᠶᠠᠷ ᠦᠵᠡᠭᠴᠢᠳ ᠢᠶᠠᠨ ᠪᠠᠶᠠᠰᠬᠠᠬᠤ ᠳᠤ ᠪᠠᠶᠠᠨ᠂ ᠬᠥᠬᠡᠮᠥ᠋ᠴᠢᠷ᠂ ᠰᠦᠮᠡᠨᠬᠤᠧᠠᠷ᠂ ᠳᠡᠯᠡᠬᠡᠢ ᠵᠡᠷᠭᠡ | ᠣᠨᠴᠠ ᠤᠷᠢᠭᠰᠠᠨ ᠤᠷᠠᠯᠢᠭᠴᠢᠳ ᠴᠦ ᠠᠶ᠎ᠠ ᠳᠠᠭᠤᠤ ᠪᠠᠨ ᠡᠷᠭᠦᠵᠦ᠂ ᠦᠳᠡᠰᠢᠯᠡᠭᠡ ᠳᠤ ᠥᠩᠭᠡ ᠨᠡᠮᠡᠵᠡᠢ᠃ | ︽ᠲᠤᠬᠯᠠᠯᠳᠠ ᠤᠷᠤᠭᠰᠢᠲᠠᠢ ᠶᠠᠪᠤᠭᠳᠠᠭᠰᠠᠨ ᠳᠤ ᠮᠠᠰᠢ ᠪᠠᠶᠠᠷᠲᠠᠢ ᠪᠠᠶᠢᠨ᠎ᠠ᠃ | | | ᠭᠦᠭᠡᠬᠤᠳᠠ ᠳᠤ ᠠᠩᠬ᠎ᠠ ᠤᠳᠠᠭ᠎ᠠ ᠪᠡᠶ᠎ᠡ ᠪᠠᠨ ᠳᠠᠭᠠᠭᠠᠭᠰᠠᠨ ᠲᠤᠬᠯᠠᠯᠳᠠ ᠭᠠᠷᠭᠠᠵᠤ᠂ ᠡᠶᠢᠮᠦ ᠤᠯᠠᠨ ᠬᠥᠮᠥᠨ | ᠢᠷᠡᠵᠦ ᠮᠢᠨᠤ ᠲᠤᠬᠯᠠᠯᠳᠠ ᠶᠢ ᠦᠵᠡᠨ᠎ᠡ ᠭᠡᠵᠦ ᠦᠨᠡᠬᠡᠷ ᠰᠠᠨᠠᠭᠠᠨ ᠳᠤ ᠪᠠᠶᠢᠭᠰᠠᠨ ᠦᠭᠡᠢ᠂ ᠰᠡᠳᠬᠢᠯ ᠳᠤ ᠶᠡᠭᠡ | ᠳᠤᠯᠠᠭᠠᠬᠠᠨ ᠰᠠᠨᠠᠭᠳᠠᠵᠤ ᠪᠠᠶᠢᠨ᠎ᠠ︾ ᠭᠡᠵᠦ ᠱᠢᠷᠦᠨᠴᠢᠮᠡᠭ ᠪᠠᠶᠠᠷᠲᠠᠢ ᠬᠡᠯᠡᠨ᠎ᠡ᠃ ︽ᠱᠢᠷᠦᠨᠴᠢᠮᠡᠭ ᠡᠭᠡᠴᠢ ᠳᠡᠭᠡᠳᠦ | ᠮᠣᠩᠭᠤᠯ ᠤᠨ ᠠᠷᠠᠳ ᠤᠨ ᠳᠠᠭᠤᠤ ᠶᠢ ᠤᠳᠠᠭᠠᠨ ᠵᠢᠯ ᠳᠠᠭᠤᠯᠠᠵᠤ ᠤᠯᠠᠮᠵᠢᠯᠠᠵᠤ ᠢᠷᠡᠵᠡᠢ᠃ ᠲᠡᠷᠡ ᠨᠥᠬᠦᠷ | ᠪᠠᠶᠠᠰᠬᠤᠯᠠᠩ ᠲᠠᠢ ᠪᠠᠨ ᠬᠤᠶᠠᠭᠤᠯᠠ ᠨᠤᠲᠤᠭ ᠤᠨ ᠠᠬᠠᠮᠠᠳ ᠠᠴᠠ ᠪᠠᠨ ᠳᠠᠭᠤᠤ ᠶᠢᠨ ᠦᠭᠡ ᠪᠠ ᠢᠷᠡᠯ ᠲᠡᠦᠬᠡ ᠶᠢ | ᠨᠢ ᠠᠰᠠᠭᠤᠵᠤ ᠯᠠᠪᠯᠠᠨ ᠰᠤᠳᠤᠯᠵᠤ᠂ ᠶᠡᠭᠡ ᠭᠦᠳᠡᠯᠮᠦᠷᠢ ᠵᠠᠷᠤᠴᠠᠭᠤᠯᠤᠭᠰᠠᠨ᠃ ᠡᠨᠡ ᠲᠠᠯ᠎ᠠ ᠪᠠᠷ ᠪᠢᠳᠡᠨ ᠳᠤ | ᠳᠠᠭᠤᠷᠢᠶᠠᠯ ᠪᠣᠯᠵᠤ ᠪᠠᠶᠢᠨ᠎ᠠ︾ ᠭᠡᠵᠦ ᠥᠪᠥᠷ ᠮᠣᠩᠭᠤᠯ ᠤᠨ ᠤᠷᠠᠯᠢᠭ ᠵᠦᠴᠦᠭᠡ ᠶᠢᠨ ᠬᠦᠷᠢᠶᠡᠯᠡᠩ ᠤᠨ ᠳᠠᠭᠤᠴᠢᠨ | ᠬᠥᠬᠡᠮᠥ᠋ᠴᠢᠷ ᠬᠡᠯᠡᠵᠦ ᠪᠠᠶᠢᠯ᠎ᠠ᠃ |