| ᠵᠠᠯᠠᠭᠤᠴᠤᠳ ᠪᠠᠭᠠᠴᠤᠳ ᠤᠨ ᠰᠢᠨᠵᠢᠯᠡᠬᠦ ᠤᠬᠠᠭᠠᠨ ᠮᠡᠷᠭᠡᠵᠢᠯ ᠤᠨ ᠳᠤᠷ᠎ᠠ ᠰᠣᠨᠢᠷᠬᠠᠯ ᠢ ᠬᠥᠭᠵᠢᠭᠡᠵᠦ᠂ | ᠲᠡᠳᠡᠨ ᠤ ᠰᠢᠨ᠎ᠡ ᠶᠢ ᠡᠭᠦᠳᠬᠦ ᠵᠣᠷᠢᠭ ᠰᠠᠨᠠᠭ᠎ᠠ ᠪᠠ ᠦᠢᠯᠡᠳᠦᠯᠭᠡ ᠶᠢᠨ ᠴᠢᠳᠠᠪᠤᠷᠢ ᠶᠢ ᠬᠥᠮᠥᠵᠢᠭᠦᠯᠬᠦ ᠶᠢᠨ ᠲᠥᠯᠥᠭᠡ | ᠂ 4 ᠰᠠᠷ᠎ᠠ ᠶᠢᠨ 8 ᠤ ᠡᠳᠦᠷ᠂ ᠰᠠᠶᠢᠬᠠᠨ ᠲᠣᠭᠤᠷᠢᠭ ᠤᠨ ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ | ᠰᠠᠨᠰᠠᠷ ᠤᠨ ᠠᠶᠠᠯᠠᠯ ᠤᠨ ᠰᠢᠨᠵᠢᠯᠡᠬᠦ ᠤᠬᠠᠭᠠᠨ ᠮᠡᠷᠭᠡᠵᠢᠯ ᠢ ᠲᠦᠭᠡᠮᠡᠯᠵᠢᠭᠦᠯᠬᠦ ᠬᠥᠮᠦᠵᠢᠯ ᠤᠨ ᠠᠵᠢᠯᠯᠠᠭ᠎ᠠ ᠶᠢ | ᠵᠣᠬᠢᠶᠠᠨ ᠪᠠᠶᠢᠭᠤᠯᠵᠤ ᠶᠢᠨ ᠾᠧ ᠪᠠᠭ᠎ᠠ ᠰᠤᠷᠭᠠᠭᠤᠯᠢ ᠳᠤ ᠣᠷᠣᠭᠤᠯᠵᠤ᠂ ᠬᠡᠦᠬᠡᠳ ᠦᠦᠨ ᠲᠤ ᠨᠢᠭᠡ ᠤᠳᠠᠭᠠᠨ ᠤ | ᠰᠢᠨᠵᠢᠯᠡᠬᠦ ᠤᠬᠠᠭᠠᠨ ᠤ ᠳᠠᠶᠢᠯᠠᠯᠭ᠎ᠠ ᠬᠢᠪᠡ᠃ | | | | | ᠲᠠᠶᠢᠯᠤᠮᠵᠢ ᠡᠬᠢᠯᠡᠬᠦ ᠲᠠᠰᠢᠷᠠᠮ ᠳᠤ᠂ ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ | ᠰᠤᠷᠭᠠᠭᠤᠯᠢ ᠶᠢᠨ ᠠᠭᠠᠷ ᠤᠨ ᠠᠶᠠᠯᠠᠯ ᠤᠨ ᠳᠡᠭᠡᠳᠦ ᠰᠤᠷᠭᠠᠭᠤᠯᠢ ᠶᠢᠨ ᠪᠠᠭᠰᠢ ᠼᠠᠢ ᠶᠢᠨ ᠬᠡᠦᠬᠡᠳ ᠤᠳ ᠲᠤ | ᠠᠭᠠᠷ ᠤᠨ ᠨᠢᠰᠦᠭᠦᠷ ᠤᠨ ᠲᠥᠷᠥᠯ ᠠᠩᠭᠢᠯᠠᠯ ᠢ ᠨᠠᠷᠢᠨ ᠲᠠᠶᠢᠯᠪᠤᠷᠢᠯᠠᠪᠠ᠃ ᠲᠠᠨᠢᠯᠴᠠᠭᠤᠯᠤᠭᠰᠠᠨ ᠢᠶᠠᠷ᠂ ᠠᠭᠠᠷ ᠤᠨ | ᠨᠢᠰᠦᠭᠦᠷ ᠪᠣᠯ ᠭᠤᠣᠯᠳᠠᠭᠤ ᠠᠭᠠᠷ ᠠᠴᠠ ᠬᠥᠩᠭᠡᠨ ᠠᠭᠠᠷ ᠤᠨ ᠨᠢᠰᠦᠭᠦᠷ ᠪᠠ ᠠᠭᠠᠷ ᠠᠴᠠ ᠬᠦᠨᠳᠦ ᠠᠭᠠᠷ ᠤᠨ | ᠨᠢᠰᠦᠭᠦᠷ ᠭᠡᠬᠦ ᠬᠤᠶᠠᠷ ᠶᠡᠭᠡ ᠲᠥᠷᠥᠯ ᠪᠣᠯᠣᠨ᠎ᠠ᠂ ᠡᠨᠡ ᠬᠦ ᠲᠥᠷᠥᠯ ᠨᠢ ᠬᠥᠮᠥᠨ ᠲᠥᠷᠥᠯᠬᠢᠲᠡᠨ ᠤ ᠠᠭᠠᠷ ᠤᠨ | ᠠᠶᠠᠯᠠᠯ ᠤᠨ ᠬᠦᠷᠢᠶᠡᠨ ᠳᠠᠬᠢ ᠣᠶᠤᠨ ᠤᠬᠠᠭᠠᠨ ᠤ ᠦᠷ᠎ᠡ ᠪᠦᠲᠦᠭᠡᠯ ᠢ ᠢᠯᠡᠷᠡᠭᠦᠯᠦᠭᠰᠡᠨ ᠢᠶᠠᠷ ᠪᠠᠷᠠᠬᠤ ᠦᠭᠡᠢ | ᠪᠠᠰᠠ ᠠᠭᠠᠷ ᠤᠨ ᠠᠶᠠᠯᠠᠯ ᠤᠨ ᠮᠡᠷᠭᠡᠵᠢᠯ ᠤᠨ ᠤᠯᠠᠨ ᠶᠠᠩᠵᠤᠲᠤ ᠴᠢᠨᠠᠷ ᠢ ᠢᠯᠡᠷᠡᠭᠦᠯᠦᠭᠰᠡᠨ ᠪᠠᠶᠢᠨ᠎ᠠ᠃ ᠼᠠᠢ ᠪᠠᠭᠰᠢ | ᠠᠭᠠᠷ ᠤᠨ ᠠᠶᠠᠯᠠᠯ ᠤᠨ ᠪᠠᠭᠠᠵᠢ ᠢᠯᠡᠷᠡᠭᠰᠡᠨ ᠶᠠᠪᠤᠳᠠᠯ ᠪᠣᠯ ᠬᠥᠮᠥᠨ ᠲᠥᠷᠥᠯᠬᠢᠲᠡᠨ ᠤ ᠵᠠᠮ ᠬᠠᠷᠢᠯᠴᠠᠭᠠᠨ ᠤ ᠠᠷᠭ᠎ᠠ | ᠬᠡᠯᠪᠡᠷᠢ ᠪᠠ ᠳᠠᠶᠢᠨ ᠤ ᠵᠠᠭᠪᠤᠷ ᠢ ᠬᠡᠷᠬᠢᠨ ᠲᠤᠶᠢᠯ ᠤᠨ ᠶᠡᠭᠡ ᠪᠠᠷ ᠬᠤᠪᠢᠷᠠᠭᠤᠯᠬᠤ ᠶᠢ ᠭᠦᠨᠵᠡᠭᠡᠢ ᠪᠥᠭᠡᠳ | ᠣᠶᠢᠯᠠᠭᠠᠮᠵᠢᠲᠠᠢ ᠲᠣᠳᠣᠷᠬᠠᠶᠢᠯᠠᠨ ᠥᠭᠦᠯᠡᠵᠦ᠂ ᠠᠭᠠᠷ ᠤᠨ ᠠᠶᠠᠯᠠᠯ ᠤᠨ ᠪᠠᠭᠠᠵᠢ ᠬᠡᠷᠡᠭᠰᠡᠯ ᠤᠨ ᠠᠷᠠᠳ ᠤᠨ | ᠬᠡᠷᠡᠭᠯᠡᠭᠡ ᠪᠠ ᠴᠡᠷᠢᠭ ᠤᠨ ᠶᠠᠪᠤᠳᠠᠯ ᠤᠨ ᠬᠦᠷᠢᠶᠡᠨ ᠳᠠᠬᠢ ᠴᠢᠬᠤᠯᠠ ᠦᠢᠯᠡᠳᠦᠯ ᠢ ᠴᠢᠬᠤᠯᠠᠴᠢᠯᠠᠵᠤ᠂ | ᠬᠡᠦᠬᠡᠳ ᠤᠳ ᠲᠤ ᠠᠭᠠᠷ ᠤᠨ ᠠᠶᠠᠯᠠᠯ ᠤᠨ ᠮᠡᠷᠭᠡᠵᠢᠯ ᠤᠨ ᠬᠥᠮᠥᠨ ᠲᠥᠷᠥᠯᠬᠢᠲᠡᠨ ᠤ ᠨᠡᠶᠢᠭᠡᠮ ᠤᠨ ᠬᠥᠭᠵᠢᠯᠲᠡ ᠳᠤ | ᠦᠵᠡᠭᠦᠯᠬᠦ ᠠᠯᠤᠰ ᠬᠡᠲᠦ ᠶᠢᠨ ᠨᠥᠯᠥᠭᠡ ᠶᠢ ᠭᠦᠨᠵᠡᠭᠡᠢ ᠲᠠᠨᠢᠭᠤᠯᠪᠠ᠃ | | ᠬᠡᠦᠬᠡᠳ ᠲᠤ ᠠᠩᠬᠠᠷᠠᠭᠤᠯᠬᠤ ᠨᠢ ᠡᠷᠲᠡᠨ ᠤ ᠺᠥᠩᠮᠢᠩ ᠳ᠋ᠧᠩ ᠪᠤᠶᠤ ᠵᠡᠨᠳᠧᠩ ᠴᠡᠷᠢᠭ ᠤᠨ ᠶᠠᠪᠤᠳᠠᠯ ᠤᠨ | ᠬᠡᠷᠡᠭᠴᠡᠭᠡ ᠪᠣᠯᠣᠨ᠎ᠠ᠃ ᠼᠠᠢ ᠶᠢᠨ᠂ ᠺᠦᠩ ᠮᠢᠩ ᠳ᠋ᠧᠩ ᠠᠩᠬ᠎ᠠ ᠤᠳᠠᠭ᠎ᠠ ᠴᠡᠷᠢᠭ ᠲᠤ ᠬᠡᠷᠡᠭᠯᠡᠵᠦ ᠪᠠᠶᠢᠬᠤ ᠳᠤ᠂ ᠵᠣ | ᠭᠧ ᠯᠢᠶᠠᠩ ᠪᠦᠰᠡᠯᠡᠭᠳᠡᠬᠦ ᠣᠶᠢᠶ᠎ᠠ ᠳᠤ᠂ ᠲᠡᠭᠦᠨ ᠤ ᠠᠪᠤᠷᠠᠯ ᠭᠤᠶᠤᠬᠤ ᠳᠣᠬᠢᠶ᠎ᠠ ᠳᠠᠮᠵᠢᠭᠤᠯᠬᠤ ᠪᠤᠶᠤ ᠴᠡᠷᠢᠭ ᠤᠨ | ᠠᠷᠭ᠎ᠠ ᠶᠢ ᠠᠰᠢᠭᠯᠠᠨ ᠳᠠᠶᠢᠰᠤᠨ ᠤ ᠴᠡᠷᠢᠭ ᠢ ᠲᠥᠭᠡᠷᠢᠭ ᠳᠡᠭᠦᠯᠵᠦ᠂ ᠡᠨᠡ ᠬᠦ ᠡᠷᠲᠡᠨ ᠤ ᠪᠥᠭᠡᠳ ᠣᠶᠤᠨ | ᠤᠬᠠᠭᠠᠨ ᠤ ᠬᠡᠷᠡᠭᠯᠡᠭᠡ ᠶᠢ ᠬᠡᠦᠬᠡᠳ ᠢ ᠠᠭᠠᠷ ᠤᠨ ᠠᠶᠠᠯᠠᠯ ᠤᠨ ᠮᠡᠷᠭᠡᠵᠢᠯ ᠤᠨ ᠲᠡᠦᠬᠡ ᠶᠢᠨ ᠡᠬᠢ ᠰᠤᠷᠪᠤᠯᠵᠢ ᠪᠠ | ᠣᠶᠤᠨ ᠤᠬᠠᠭᠠᠨ ᠤ ᠤᠯᠠᠮᠵᠢᠯ ᠳᠤ ᠨᠡᠩ ᠰᠢᠭᠤᠳ ᠲᠠᠨᠢᠯᠲᠠ ᠲᠠᠢ ᠪᠣᠯᠭᠠᠵᠤ ᠲᠡᠳᠡᠨ ᠤ ᠡᠷᠲᠡᠨ ᠤ ᠰᠢᠨᠵᠢᠯᠡᠬᠦ | ᠤᠬᠠᠭᠠᠨ ᠮᠡᠷᠭᠡᠵᠢᠯ ᠪᠣᠯᠣᠨ ᠣᠳᠣ ᠦᠶ᠎ᠡ ᠶᠢᠨ ᠠᠭᠠᠷ ᠤᠨ ᠠᠶᠠᠯᠠᠯ ᠤᠨ ᠮᠡᠷᠭᠡᠵᠢᠯ ᠤᠨ ᠬᠤᠭᠤᠷᠣᠨᠳᠣᠬᠢ | ᠬᠠᠷᠢᠯᠴᠠᠭᠠᠨ ᠤ ᠲᠤᠬᠠᠢ ᠪᠣᠳᠣᠯᠬᠢᠯᠠᠯ ᠨᠢ ᠴᠦ ᠬᠥᠭᠵᠢᠭᠡᠵᠡᠢ᠃ ᠰᠤᠷᠤᠭᠴᠢᠳ ᠣᠷᠭᠢᠯᠤᠮ᠎ᠠ ᠬᠠᠯᠠᠭᠤᠨ | ᠰᠡᠳᠬᠢᠯᠭᠡ ᠪᠠᠷ ᠪᠢᠯᠬᠠᠵᠤ᠂ ᠰᠢᠨᠵᠢᠯᠡᠬᠦ ᠤᠬᠠᠭᠠᠨ ᠤ ᠬᠦᠰᠡᠯ ᠡᠷᠡᠮᠡᠯᠵᠡᠯ ᠪᠠ ᠦᠯᠦ ᠮᠡᠳᠡᠬᠦ ᠬᠠᠴᠢᠷᠬᠠᠯ ᠢᠶᠠᠷ | ᠪᠢᠯᠬᠠᠵᠤ ᠪᠠᠶᠢᠯ᠎ᠠ᠃ | | ᠲᠣᠰ ᠤᠳᠠᠭᠠᠨ ᠤ ᠰᠠᠨᠰᠠᠷ ᠤᠨ ᠠᠶᠠᠯᠠᠯ ᠤᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠬᠥᠮᠦᠵᠢᠯ ᠤᠨ | ᠠᠵᠢᠯᠯᠠᠭ᠎ᠠ ᠨᠢ ᠶᠢᠨ ᠾᠧ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠡᠯᠪᠡᠭ ᠪᠠᠶᠠᠯᠢᠭ ᠰᠢᠨᠵᠢᠯᠡᠬᠦ ᠤᠬᠠᠭᠠᠨ ᠤ | ᠮᠡᠳᠡᠯᠭᠡ ᠶᠢ ᠠᠪᠴᠢᠷᠠᠵᠤ ᠥᠭᠭᠦᠭᠰᠡᠨ ᠢᠶᠠᠷ ᠪᠠᠷᠠᠬᠤ ᠦᠭᠡᠢ᠂ ᠨᠠᠩ ᠴᠤ ᠲᠡᠳᠡᠨ ᠤ ᠰᠡᠳᠬᠢᠯ ᠳᠤ ᠰᠢᠨᠵᠢᠯᠡᠬᠦ | ᠤᠬᠠᠭᠠᠨ ᠤ ᠦᠷ᠎ᠡ ᠰᠠᠴᠤᠵᠤ᠂ ᠲᠡᠳᠡᠨ ᠤ ᠰᠢᠨᠵᠢᠯᠡᠬᠦ ᠤᠬᠠᠭᠠᠨ ᠢ ᠡᠷᠬᠢᠮᠯᠡᠬᠦ᠂ ᠥᠯᠥ ᠮᠡᠳᠡᠬᠦ ᠵᠦᠢᠯ ᠢ ᠬᠠᠶᠢᠨ | ᠰᠦᠪᠡᠭᠴᠢᠯᠡᠬᠦ᠂ ᠵᠣᠷᠢᠭᠲᠠᠢ ᠪᠠᠷ ᠰᠢᠨ᠎ᠡ ᠶᠢ ᠡᠭᠦᠳᠬᠦ ᠬᠠᠯᠠᠭᠤᠨ ᠰᠡᠳᠬᠢᠯᠭᠡ ᠶᠢ ᠤᠯᠠᠮ ᠨᠢᠭᠡ ᠠᠯᠬᠤᠮ | ᠬᠥᠭᠵᠢᠭᠡᠭᠰᠡᠨ ᠪᠠᠶᠢᠨ᠎ᠠ᠃ ᠬᠤᠶᠢᠰᠢᠳᠠ ᠶᠢᠨ ᠰᠤᠷᠤᠯᠴᠠᠯᠭ᠎ᠠ ᠠᠮᠢᠳᠤᠷᠠᠯ ᠳᠤᠮᠳᠠ᠂ ᠲᠡᠳᠡ ᠯᠠᠪᠲᠠᠢ ᠣᠷᠴᠢᠯᠠᠩ ᠤᠨ | ᠰᠢᠨᠵᠢᠯᠡᠬᠦ ᠤᠬᠠᠭᠠᠨ ᠢ ᠨᠡᠩ ᠠᠩᠬᠠᠷᠴᠤ᠂ ᠰᠢᠨᠵᠢᠯᠡᠬᠦ ᠤᠬᠠᠭᠠᠨᠴᠢ ᠳᠡᠯᠡᠬᠡᠢ ᠶᠢᠷᠲᠢᠨᠴᠦ ᠳᠤ ᠢᠳᠡᠪᠬᠢᠲᠡᠢ ᠪᠠᠷ ᠬᠠᠶᠢᠨ | ᠰᠦᠪᠡᠭᠴᠢᠯᠡᠵᠦ᠂ ᠠᠭᠤᠤ ᠶᠡᠭᠡ ᠳᠤᠮᠳᠠᠳᠤ ᠶᠢᠨ ᠵᠡᠭᠦᠳᠦ ᠶᠢ ᠲᠡᠷᠭᠡᠯᠰᠢᠭᠦᠯᠬᠦ ᠳᠤ ᠥᠪᠡᠷ ᠤᠨ ᠬᠤᠪᠢ ᠨᠡᠮᠡᠷᠢ ᠪᠠᠨ | ᠦᠵᠡᠭᠦᠯᠬᠦ ᠶᠢ ᠢᠲᠡᠭᠡᠵᠦ ᠪᠠᠶᠢᠨ᠎ᠠ᠃ | | | | | ᠢᠷᠡᠯᠲᠡ᠄ ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ ᠰᠦᠯᠵᠢᠶ᠎ᠡ | | |