| ︵ᠰᠤᠷᠪᠤᠯᠵᠢᠯᠠᠭᠴᠢ ᠰᠦᠩ ᠰᠢᠶᠠᠩ ᠬᠤᠸᠠ︶ 3 ᠳ᠋ᠤᠭᠠᠷ ᠰᠠᠷ᠎ᠠ ᠶᠢᠨ ᠰᠡᠭᠦᠯᠴᠢ ᠪᠣᠯᠲᠠᠯ᠎ᠠ᠂ ᠬᠥᠬᠡᠬᠤᠲᠠ | ︽ᠪᠦᠷᠢᠨ ᠴᠢᠳᠠᠮᠵᠢᠲᠤ ᠺᠠᠷᠲ︾ ᠢᠶᠠᠷ ᠳᠠᠮᠵᠢᠭᠤᠯᠤᠨ ᠨᠡᠶᠢᠲᠡ 48315.93 ᠲᠦᠮᠡᠨ ᠲᠥᠭᠦᠷᠢᠭ ᠤᠨ ᠨᠥᠬᠦᠪᠦᠷᠢ | ᠮᠥᠩᠭᠦ ᠲᠠᠷᠬᠠᠭᠠᠪᠠ᠃ ᠡᠭᠦᠨ ᠳᠤ᠂ ᠲᠠᠷᠢᠶᠠᠴᠢᠳ ᠤᠨ ᠨᠥᠬᠦᠪᠦᠷᠢ ᠪᠡᠯᠡ ᠮᠥᠩᠭᠦ 43332.95 ᠲᠦᠮᠡᠨ | ᠲᠥᠭᠦᠷᠢᠭ ᠪᠠᠶᠢᠵᠤ᠂ 89.69% ᠶᠢ ᠡᠵᠡᠯᠡᠪᠡ᠃ ᠬᠤᠲᠠ ᠪᠠᠯᠭᠠᠰᠤᠨ ᠤ ᠰᠠᠭᠤᠭᠠᠯᠢ ᠠᠷᠠᠳ ᠤᠨ ᠨᠥᠬᠦᠪᠦᠷᠢ ᠪᠡᠯᠡ | ᠮᠥᠩᠭᠦ 4982.98 ᠲᠦᠮᠡᠨ ᠲᠥᠭᠦᠷᠢᠭ ᠪᠠᠶᠢᠵᠤ᠂ 10.31% ᠶᠢ ᠡᠵᠡᠯᠡᠪᠡ᠃ ᠪᠥᠬᠦ ᠬᠤᠲᠠ ᠶᠢᠨ 89 ᠰᠢᠶᠠᠩ | ᠪᠠᠯᠭᠠᠰᠤ ᠵᠢᠴᠢ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠢ ᠬᠠᠮᠤᠷᠴᠤ᠂ 101.67 ᠲᠦᠮᠡᠨ ᠬᠥᠮᠥᠨ | ᠤᠳᠠᠭ᠎ᠠ ᠲᠠᠷᠬᠠᠭᠠᠪᠠ᠃ ᠡᠭᠦᠨ ᠳᠤ᠂ ᠬᠥᠳᠡᠭᠡ ᠲᠣᠰᠬᠤᠨ ᠤ ᠨᠥᠬᠦᠪᠦᠷᠢ ᠣᠯᠬᠤ ᠡᠲᠡᠭᠡᠳ 97.47 ᠲᠦᠮᠡᠨ | ᠬᠥᠮᠥᠨ ᠤᠳᠠᠭ᠎ᠠ ᠳᠤ ᠬᠦᠷᠴᠦ᠂ 95.87% ᠶᠢ ᠡᠵᠡᠯᠡᠪᠡ᠃ ᠬᠤᠲᠠ ᠪᠠᠯᠭᠠᠰᠤᠨ ᠤ ᠰᠠᠭᠤᠭᠠᠯᠢ ᠠᠷᠠᠳ ᠤᠨ | ᠨᠥᠬᠦᠪᠦᠷᠢ ᠣᠯᠬᠤ ᠡᠲᠡᠭᠡᠳ 4.2 ᠲᠦᠮᠡᠨ ᠬᠥᠮᠥᠨ ᠤᠳᠠᠭ᠎ᠠ ᠳᠤ ᠬᠦᠷᠴᠦ᠂ 4.13% ᠶᠢ ᠡᠵᠡᠯᠡᠪᠡ᠃ | | | ᠣᠶᠢᠯᠠᠭᠠᠭᠰᠠᠨ ᠢᠶᠠᠷ᠂ 3 ᠳ᠋ᠤᠭᠠᠷ ᠰᠠᠷ᠎ᠠ ᠶᠢᠨ ᠰᠡᠭᠦᠯᠴᠢ ᠪᠣᠯᠲᠠᠯ᠎ᠠ᠂ ᠪᠥᠬᠦ ᠬᠤᠲᠠ ᠪᠠᠷ ᠢᠶᠠᠨ ︽ᠪᠦᠷᠢᠨ | ᠴᠢᠳᠠᠮᠵᠢᠲᠤ ᠺᠠᠷᠲ︾ ᠢᠶᠠᠷ ᠳᠠᠮᠵᠢᠭᠤᠯᠤᠨ ᠲᠠᠷᠬᠠᠭᠠᠭᠰᠠᠨ ᠪᠡᠯᠡ ᠮᠥᠩᠭᠦ ᠶᠢᠨ ᠲᠦᠷᠦᠯ ᠵᠦᠢᠯ ᠨᠡᠶᠢᠲᠡ 7 | ᠬᠦᠷᠢᠶᠡᠨ ᠤ 36 ᠲᠥᠷᠥᠯ ᠤᠨ 42 ᠵᠦᠢᠯ ᠢ ᠬᠠᠮᠤᠷᠴᠠᠢ᠃ ᠲᠠᠷᠬᠠᠭᠠᠭᠰᠠᠨ ᠨᠥᠬᠦᠪᠦᠷᠢ ᠶᠢᠨ ᠪᠡᠯᠡ ᠮᠥᠩᠭᠦ ᠶᠢᠨ | ᠳᠣᠲᠣᠷ᠎ᠠ᠂ ᠵᠣᠭᠤᠰ ᠤᠨ ᠲᠤᠭ᠎ᠠ ᠨᠢ ᠨᠡᠯᠢᠶᠡᠳ ᠶᠡᠭᠡ ᠨᠢ ᠨᠡᠶᠢᠭᠡᠮ ᠤᠨ ᠪᠠᠲᠤᠯᠠᠭ᠎ᠠ ᠶᠢᠨ ᠲᠥᠷᠥᠯ᠂ ᠴᠠᠯᠢᠩ ᠤᠨ | ᠨᠥᠬᠦᠪᠦᠷᠢ ᠶᠢᠨ ᠲᠥᠷᠥᠯ᠂ ᠲᠥᠯᠥᠪᠯᠡᠭᠡᠲᠦ ᠦᠷᠡᠵᠢᠯ ᠤᠨ ᠲᠥᠷᠥᠯ᠂ ᠪᠦᠲᠦᠭᠡᠨ ᠪᠠᠶᠢᠭᠤᠯᠤᠯᠲᠠ ᠶᠢᠨ ᠲᠥᠷᠥᠯ᠂ | ᠲᠠᠷᠢᠶᠠᠯᠠᠩ ᠤᠨ ᠲᠥᠷᠥᠯ ᠵᠡᠷᠭᠡ ᠠᠷᠠᠳ ᠤᠨ ᠠᠮᠢᠳᠤᠷᠠᠯ ᠤᠨ ᠲᠥᠷᠥᠯ ᠤᠨ ᠲᠠᠪᠤᠨ ᠶᠡᠭᠡ ᠨᠥᠬᠦᠪᠦᠷᠢ ᠶᠢᠨ ᠪᠡᠯᠡ | ᠮᠥᠩᠭᠦ ᠪᠠᠭᠲᠠᠨ᠎ᠠ᠃ |