| | | | ᠮᠣᠩᠭᠤᠯᠴᠤᠳ ᠡᠷᠲᠡ ᠳᠡᠭᠡᠷ᠎ᠡ ᠦᠶ᠎ᠡ ᠠᠴᠠ ᠪᠠᠨ ᠬᠠᠳᠠᠭ ᠢ ᠡᠷᠬᠢᠮᠯᠡᠭᠰᠡᠭᠡᠷ ᠢᠷᠡᠵᠡᠢ᠃ ᠬᠠᠳᠠᠭ ᠨᠢ | ᠲᠥᠪᠡᠳ ᠢᠶᠠᠷ ︽ᠥᠩᠭᠡ︾ ᠭᠡᠰᠡᠨ ᠤᠳᠬ᠎ᠠ ᠲᠠᠢ ᠦᠭᠡ᠃ ᠬᠠᠳᠠᠭ ᠥᠭᠬᠦ ᠳᠡᠭᠡᠨ ᠬᠠᠳᠠᠭ ᠤᠨ ᠠᠮᠠ ᠶᠢ | ᠲᠤᠬᠠᠢ ᠶᠢᠨ ᠬᠥᠮᠥᠨ ᠤ ᠪᠠᠨ ᠥᠭᠡᠳᠡ ᠠᠴᠠ ᠬᠠᠷᠠᠭᠤᠯᠤᠨ ᠬᠤᠶᠠᠷ ᠭᠠᠷ ᠢᠶᠠᠷ ᠢᠶᠠᠨ ᠦᠭᠳᠡᠭ ᠨᠢ ︽ᠠᠷᠢᠭᠤᠨ | ᠰᠠᠶᠢᠬᠠᠨ ᠰᠡᠳᠬᠢᠯ ᠤᠨ ᠡᠭᠦᠳᠡᠨ ᠠᠴᠠ ᠪᠠᠷᠢᠵᠤ ᠪᠠᠶᠢᠭ᠎ᠠ ᠪᠡᠯᠡᠭ᠂ ᠲᠠᠨ ᠳᠤ ᠥᠯᠵᠡᠢ ᠲᠠᠢ ᠪᠣᠯᠤᠭ᠂ ᠪᠢᠳᠠᠨ ᠤ ᠡᠶ᠎ᠡ | ᠡᠪ ᠬᠤᠶᠢᠰᠢᠳᠠ ᠴᠤ ᠴᠡᠪᠡᠷ ᠠᠷᠢᠭᠤᠨ ᠪᠠᠶᠢᠨ᠎ᠠ︾ ᠭᠡᠰᠡᠨ ᠤᠳᠬ᠎ᠠ ᠲᠠᠢ ᠠᠵᠠᠢ᠃ ᠬᠠᠳᠠᠭ ᠢ ᠬᠤᠶᠠᠷ ᠭᠠᠷ ᠲᠠᠭᠠᠨ | ᠠᠪᠤᠭᠠᠳ ᠲᠣᠯᠣᠭᠠᠢ ᠲᠠᠯ᠎ᠠ ᠶᠢ ᠨᠢ ᠪᠠᠷᠠᠭᠤᠨ ᠭᠠᠷ ᠳᠡᠭᠡᠷ᠎ᠡ ᠪᠠᠨ ᠲᠠᠯᠪᠢᠳᠠᠭ᠃ ᠡᠨᠡ ᠨᠢ ᠬᠠᠳᠠᠭ ᠤᠨ ᠬᠡ | ᠲᠣᠯᠣᠭᠠᠢ ᠶᠢ ᠳᠣᠷᠣᠭᠰᠢ ᠬᠠᠷᠠᠭᠤᠯᠳᠠᠭ ᠦᠭᠡᠢ ᠲᠠᠢ ᠬᠤᠯᠪᠤᠭ᠎ᠠ ᠲᠠᠢ᠃ ᠬᠠᠷᠢᠨ ᠭᠠᠰᠢᠭᠤᠳᠠᠯ ᠤᠨ ᠬᠠᠳᠠᠭ ᠢ | ᠡᠪᠬᠡᠵᠦ ᠦᠭᠳᠡᠭ᠃ ᠬᠠᠳᠠᠭ ᠢ ᠪᠤᠩᠬᠤᠨ ᠳᠤ ᠬᠢᠳᠡᠭ ᠶᠣᠰᠣ ᠤᠭᠳᠤ ᠦᠭᠡᠢ ᠶᠤᠮ᠃ ᠬᠠᠳᠠᠭ ᠨᠢ ᠴᠠᠭᠠᠨ᠂ ᠬᠥᠬᠡ᠂ | ᠰᠢᠷ᠎ᠠ᠂ ᠤᠯᠠᠭᠠᠨ᠂ ᠨᠣᠭᠤᠭᠠᠨ ᠭᠡᠰᠡᠨ ᠦᠨᠳᠦᠰᠦᠨ ᠲᠠᠪᠤᠨ ᠥᠩᠭᠡ ᠲᠠᠢ ᠪᠠᠶᠢᠳᠠᠭ ᠪᠠ ᠲᠤᠰ ᠲᠤᠰ ᠲᠠᠭᠠᠨ ᠵᠠᠩ | ᠦᠢᠯᠨ᠂ ᠪᠡᠯᠭᠡᠳᠡᠯ ᠢ ᠠᠭᠤᠯᠳᠠᠭ ᠪᠠᠶᠢᠨ᠎ᠠ᠃ ᠴᠠᠭᠠᠨ ᠥᠩᠭᠡ ᠶᠢᠨ ᠬᠠᠳᠠᠭ᠄ ︽ᠳᠡᠭᠡᠳᠦ ᠶᠢᠨ ᠰᠢᠳᠢ ᠪᠦᠲᠦᠭᠡᠯ︾ ᠢ | ᠪᠡᠯᠭᠡᠳᠡᠬᠦ ᠪᠥᠭᠡᠳ ᠡᠷᠳᠡᠮ ᠨᠣᠮ ᠤᠨ ᠤᠷᠬᠢᠯ ᠳᠤ ᠬᠦᠷᠬᠦ ᠮᠥᠨ ᠴᠢᠨᠠᠷ ᠤᠨ ᠪᠡᠯᠭᠡᠳᠡᠯ ᠠᠭᠤᠯᠤᠭᠰᠠᠨ ᠪᠠᠶᠢᠳᠠᠭ᠃ | ᠶᠡᠬᠡᠪᠴᠢᠯᠡᠨ ᠨᠣᠮ ᠤᠨ ᠦᠢᠯᠨ ᠳᠤ ᠬᠡᠷᠡᠭᠯᠡᠳᠡᠭ ᠠᠵᠠᠢ᠃ ᠰᠢᠷ᠎ᠠ ᠥᠩᠭᠡ ᠶᠢᠨ ᠬᠠᠳᠠᠭ᠄ ︽ᠳᠡᠯᠭᠡᠷᠡᠩᠭᠦᠢ ᠶᠢᠨ | ᠦᠢᠯᠨ︾ ᠶᠢᠨ ᠢᠳᠠ ᠰᠢᠳᠢ ᠶᠢ ᠪᠡᠯᠭᠡᠳᠡᠬᠦ ᠪᠠ ᠨᠠᠰᠤ ᠪᠤᠶᠠᠨ ᠂ ᠡᠷᠳᠡᠮ ᠴᠢᠳᠠᠯ ᠤᠨ ᠬᠦᠴᠦ ᠶᠢ ᠠᠭᠤᠯᠳᠠᠭ᠃ | ᠶᠡᠬᠡᠪᠴᠢᠯᠡᠨ ᠱᠠᠰᠢᠨ ᠪᠣᠯᠣᠨ ᠬᠦᠨᠳᠦᠳᠬᠡᠯ ᠤᠨ ᠦᠢᠯᠨ ᠳᠤ ᠪᠠᠷᠢᠳᠠᠭ ᠪᠠᠶᠢᠨ᠎ᠠ᠃ ᠬᠥᠬᠡ ᠥᠩᠭᠡ ᠶᠢᠨ ᠬᠠᠳᠠᠭ᠄ | ︽ᠠᠮᠢᠯᠠᠭᠤᠯᠬᠤᠢ ᠦᠢᠯᠨ︾ ᠶᠢᠨ ᠰᠢᠳᠢ ᠶᠢ ᠪᠡᠯᠭᠡᠳᠡᠬᠦ ᠪᠠ ᠡᠪᠡᠳᠴᠢᠨ᠂ ᠠᠳᠠ ᠪᠠᠷᠴᠢᠳ ᠢ ᠳᠠᠷᠤᠬᠤ ᠶᠢᠨ ᠰᠢᠲᠦᠭᠡᠨ | ᠪᠠᠷᠢᠯᠳᠤᠯᠭ᠎ᠠ ᠪᠤᠯᠳᠠᠭ᠃ ᠪᠠᠰᠠ ᠨᠠᠶᠢᠳᠠ ᠶᠢᠨ ᠬᠦᠨᠳᠦᠳᠬᠡᠯ ᠤᠨ ᠵᠠᠩ ᠦᠢᠯᠨ ᠳᠤ ᠬᠡᠷᠡᠭᠯᠡᠳᠡᠭ᠃ ᠤᠯᠠᠭᠠᠨ | ᠥᠩᠭᠡ ᠶᠢᠨ ᠬᠠᠳᠠᠭ᠄ ︽ᠡᠷᠢᠬᠡᠨ ᠦᠢᠯᠨ︾ ᠶᠢᠨ ᠢᠳᠠ ᠰᠢᠳᠢ ᠶᠢ ᠪᠡᠯᠭᠡᠳᠡᠬᠦ ᠪᠠ ᠡᠨᠡ ᠨᠢ ᠠᠯᠳᠠᠷ ᠨᠡᠷ᠎ᠡ ᠲᠡᠭᠦᠰ | ᠡᠳ᠋ᠯᠡᠯ ᠤᠨ ᠪᠠᠶᠠᠯᠢᠭ ᠬᠤᠷᠠᠬᠤᠶᠢᠴᠠ ᠰᠢᠲᠦᠭᠡᠨ ᠪᠠᠷᠢᠯᠳᠤᠯᠭ᠎ᠠ ᠲᠠᠢ᠂ ᠡᠶᠢᠮᠦ ᠳᠡᠭᠡᠨ ᠲᠦᠷᠤ ᠶᠢᠨ ᠶᠡᠬᠡᠰ | ᠳᠡᠭᠡᠳᠦᠰ ᠲᠤ ᠪᠠᠷᠢᠬᠤ ᠪᠠ ᠬᠦᠨᠳᠦᠳᠬᠡᠯ ᠤᠨ ᠢᠳᠡᠭᠡ ᠶᠢ ᠪᠦᠲᠡᠭᠡᠳᠡᠭ ᠪᠠᠶᠢᠨ᠎ᠠ᠃ ᠨᠣᠭᠤᠭᠠᠨ ᠥᠩᠭᠡ ᠶᠢᠨ ᠬᠠᠳᠠᠭ᠄ | ︽ᠬᠠᠲᠠᠭᠤ ᠦᠢᠯᠨ︾ ᠶᠢᠨ ᠰᠢᠳᠢ ᠶᠢ ᠪᠡᠯᠭᠡᠳᠡᠬᠦ ᠪᠠ ᠳᠠᠶᠢᠰᠤᠨ᠂ ᠰᠠᠭᠠᠳ ᠲᠦᠢᠳᠬᠡᠷ᠂ ᠠᠳᠠ ᠴᠢᠳᠬᠦᠷ ᠢ | ᠵᠠᠶᠢᠯᠠᠭᠤᠯᠬᠤ ᠶᠢᠨ ᠬᠦᠴᠦ ᠶᠢ ᠬᠠᠶᠢᠷᠠᠯᠠᠳᠠᠭ᠂ ᠱᠠᠰᠢᠨ ᠤ ᠬᠠᠲᠠᠭᠤ ᠦᠢᠯᠨ ᠶᠢᠨ ᠳᠠᠭᠠᠳᠬᠠᠯ ᠳᠤ ᠪᠠᠷᠢᠳᠠᠭ ᠪᠠᠶᠢᠵᠠᠢ᠃ | |