| | | | ᠭᠦᠭᠡᠬᠤᠳᠠ ᠲᠦᠷᠦᠭᠦᠬᠡᠨ ︽ᠰᠣᠶᠣᠯ ᠤᠨ ᠡᠭᠦᠳᠦᠯᠲᠡ ᠶᠢᠨ ᠭᠦᠭᠡᠬᠤᠲᠠ︾ ᠰᠣᠶᠣᠯ ᠦᠵᠡᠰᠭᠦᠯᠡᠩ ᠤᠨ | ᠲᠦᠷᠦᠯ ᠲᠡᠮᠳᠡᠭ ᠢ ᠨᠡᠶᠢᠲᠡᠯᠡᠵᠦ᠂ ᠲᠦᠷᠦᠯ ᠲᠡᠮᠳᠡᠭ ᠤᠨ ᠠᠩᠬᠠᠨ ᠤ ᠳᠡᠯᠭᠡᠭᠦᠷ ᠪᠤᠯᠬᠤ ᠵᠣᠣ ᠵᠢᠶᠦ᠋ᠨ ᠮᠦᠽᠧᠢ ᠶᠢᠨ | ᠰᠣᠶᠣᠯ ᠤᠨ ᠡᠭᠦᠳᠦᠯᠲᠡ ᠶᠢᠨ ᠳᠡᠯᠭᠡᠭᠦᠷ ᠴᠦ ᠡᠭᠦᠳᠡ ᠪᠠᠨ ᠨᠡᠭᠡᠭᠡᠨ ᠡᠷᠦᠭᠡ ᠪᠠᠨ ᠰᠡᠬᠦᠵᠦ᠂ ᠭᠦᠭᠡᠬᠤᠲᠠ ᠶᠢᠨ | ︽ᠮᠦᠽᠧᠢ ᠶᠢᠨ ᠬᠤᠲᠠ︾ ᠶᠢᠨ ᠪᠦᠲᠦᠭᠡᠨ ᠪᠠᠶᠢᠭᠤᠯᠤᠯᠲᠠ ᠳᠤ ᠥᠩᠭᠡ ᠪᠤᠳᠤᠭ ᠨᠡᠮᠡᠷᠢᠯᠡᠪᠡ᠃ | | | ︽ᠰᠣᠶᠣᠯ ᠤᠨ ᠡᠭᠦᠳᠦᠯᠲᠡ ᠶᠢᠨ ᠭᠦᠭᠡᠬᠤᠲᠠ︾ ᠵᠤᠤ ᠵᠢᠶᠦ᠋ᠨ ᠮᠦᠽᠧᠢ ᠶᠢᠨ ᠰᠣᠶᠣᠯ ᠤᠨ | ᠡᠭᠦᠳᠦᠯᠲᠡ ᠶᠢᠨ ᠳᠡᠯᠭᠡᠭᠦᠷ ᠤᠨ ᠲᠠᠯᠠᠪᠠᠢ ᠪᠠᠷᠤᠭ 459 ᠲᠡᠭᠰᠢ ᠳᠥᠷᠪᠡᠯᠵᠢᠨ ᠮᠧᠲᠷ ᠪᠠᠶᠢᠵᠤ᠂ ᠰᠣᠶᠣᠯ ᠤᠨ | ᠪᠡᠶᠡᠴᠢ ᠣᠶᠢᠯᠠᠭᠠᠯᠲᠠ ᠪᠠ ᠰᠡᠯᠡᠭᠦᠴᠡᠯ ᠢᠳᠡᠭᠡᠨ ᠤᠮᠳᠠᠭᠠᠨ ᠢ ᠨᠢᠭᠡ ᠴᠣᠭᠴᠠᠵᠢᠭᠤᠯᠤᠭᠰᠠᠨ ᠶᠡᠷᠦᠩᠬᠡᠶᠢᠯᠡᠭᠰᠡᠨ | ᠴᠢᠨᠠᠷᠲᠠᠢ ᠬᠤᠳᠠᠯᠳᠤᠭᠠᠨ ᠤ ᠣᠷᠣᠨ ᠵᠠᠢ ᠪᠣᠯᠣᠨ᠎ᠠ᠃ ᠲᠤᠰ ᠳᠡᠯᠭᠡᠭᠦᠷ ᠨᠢ ︽ᠮᠢᠩᠭᠠᠨ ᠣᠨ ᠢ ᠲᠤᠭᠤᠯᠵᠦ | ᠰᠣᠶᠣᠯ ᠤᠨ ᠰᠢᠨ᠎ᠡ ᠶᠢ ᠡᠭᠦᠳᠬᠦ︾ ᠪᠠᠷ ᠭᠤᠣᠯ ᠰᠡᠳᠦᠪ ᠪᠣᠯᠭᠠᠨ᠂ ᠳᠡᠯᠭᠡᠭᠦᠷ ᠲᠡᠭᠡᠨ ᠠᠯᠢ ᠤᠯᠠᠨ ᠥᠪᠡᠷᠮᠢᠴᠡ | ᠣᠨᠴᠠᠯᠢᠭ ᠲᠠᠢ ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠢ ᠳᠡᠯᠭᠡᠨ ᠦᠵᠡᠭᠦᠯᠵᠦ᠂ ᠭᠤᠶᠢᠳᠠ ᠰᠠᠶᠢᠬᠠᠨ ᠵᠤᠤ | ᠵᠢᠶᠦ᠋ᠨ ᠤ ᠭᠤᠣᠯ ᠰᠡᠳᠦᠪᠲᠦ ᠴᠢᠮᠡᠭᠯᠡᠯ ᠠᠴᠠ ᠠᠪᠤᠭᠠᠳ ᠬᠠᠨ ᠤᠯᠤᠰ ᠲᠠᠩ ᠤᠯᠤᠰ ᠤᠨ ᠦᠶ᠎ᠡ ᠶᠢᠨ ᠬᠠᠮᠢᠶ᠎ᠠ | ᠪᠦᠬᠦᠢ ᠡᠯᠧᠮᠧᠨ᠋ᠲ ᠢ ᠠᠭᠤᠰᠤᠯᠴᠠᠭᠤᠯᠤᠭᠰᠠᠨ ᠡᠳᠦᠷ ᠲᠤᠳᠤᠮ ᠤᠨ ᠬᠡᠷᠡᠭᠯᠡᠭᠡᠨ ᠤ ᠡᠳ᠋ ᠭᠦᠷᠲᠡᠯ᠎ᠡ᠂ ᠪᠦᠲᠦᠭᠡᠭᠳᠡᠬᠦᠨ | ᠨᠢᠭᠡᠪᠦᠷᠢ ᠨᠢ ᠴᠥᠮ ᠲᠡᠦᠬᠡ ᠶᠢᠨ ᠢᠮ ᠲᠠᠮᠠᠭ᠎ᠠ ᠪᠠ ᠰᠣᠶᠣᠯ ᠤᠨ ᠠᠮᠢᠵᠢᠷᠠᠯ ᠤᠨ ᠬᠦᠴᠦᠨ ᠢ ᠠᠴᠢᠶᠠᠯᠠᠵᠤ ᠪᠠᠶᠢᠯ᠎ᠠ᠃ | ᠲᠤᠰ ᠳᠡᠯᠭᠡᠭᠦᠷ ᠪᠠᠰᠠ ᠤᠯᠠᠨ ᠶᠠᠩᠵᠤ ᠶᠢᠨ ᠰᠡᠭᠦᠳᠡᠷ ᠲᠠᠲᠠᠵᠤ ᠳᠤᠷᠠᠰᠬᠠᠯ ᠦᠯᠡᠳᠡᠭᠡᠬᠦ ᠪᠠ ᠠᠮᠠᠷᠠᠨ ᠰᠡᠯᠡᠭᠦᠴᠡᠬᠦ | ᠣᠷᠣᠨ ᠵᠠᠢ ᠬᠠᠩᠭᠠᠵᠤ᠂ ᠵᠢᠭᠤᠯᠴᠢᠯᠠᠬᠰᠠᠳ ᠲᠣᠭᠤᠷᠢᠨ ᠦᠵᠡᠬᠦ ᠶᠢᠨ ᠳᠠᠭᠠᠤ ᠵᠤᠭᠠᠯᠠᠨ ᠰᠡᠯᠡᠭᠦᠴᠡᠵᠦ ᠪᠤᠯᠳᠠᠭ᠃ | ᠨᠡᠩ ᠴᠦ ᠥᠪᠡᠷᠮᠢᠴᠡ ᠣᠨᠴᠠᠯᠢᠭ ᠲᠠᠢ ᠬᠤᠪᠴᠠᠰᠤ ᠵᠠᠰᠠᠯ ᠤᠨ ᠦᠢᠯᠡᠴᠢᠯᠡᠭᠡ ᠨᠢ ᠵᠢᠭᠤᠯᠴᠢᠯᠠᠬᠰᠠᠳ ᠲᠤ ᠴᠠᠭ | ᠣᠷᠣᠨ ᠵᠠᠢ ᠶᠢ ᠲᠤᠭᠤᠯᠵᠦ᠂ ᠡᠷᠲᠡᠨ ᠤ ᠡᠷᠢᠨ ᠵᠠᠭᠤᠨ ᠳᠤ ᠭᠦᠷᠦᠭᠰᠡᠨ ᠮᠡᠲᠦ ᠡᠲᠡᠭᠡᠳ ᠰᠠᠶᠢᠬᠠᠨ ᠲᠥᠷᠥᠭᠳᠡᠯ | ᠥᠭᠴᠦ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ ᠷᠢᠳᠢ ᠰᠢᠳᠢ ᠶᠢ ᠮᠡᠳᠡᠷᠡᠭᠦᠯᠦᠨ᠎ᠡ᠃ ᠰᠣᠶᠣᠯ ᠤᠨ | ᠡᠭᠦᠳᠦᠯᠲᠡ ᠶᠢᠨ ᠳᠡᠯᠭᠡᠭᠦᠷ ᠨᠡᠭᠡᠭᠡᠭᠰᠡᠨ ᠨᠢ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ | ᠵᠠᠯᠭᠠᠮᠵᠢᠯᠠᠬᠤ ᠪᠠ ᠰᠢᠨ᠎ᠡ ᠶᠢ ᠡᠭᠦᠳᠬᠦ ᠴᠢᠬᠤᠯᠠ ᠦᠵᠡᠭᠦᠯᠭᠡ ᠶᠢᠨ ᠴᠣᠩᠬᠤᠪᠴᠢ ᠪᠣᠯᠤᠭᠰᠠᠨ ᠢᠶᠠᠷ ᠪᠠᠷᠠᠬᠤ ᠦᠭᠡᠢ᠂ | ᠨᠡᠩ ᠴᠤ ᠣᠷᠣᠨ ᠤ ᠲᠥᠪ ᠭᠦᠭᠡᠬᠤᠳᠠ ᠶᠢᠨ ᠰᠣᠶᠣᠯ ᠵᠢᠭᠤᠯᠴᠢᠯᠠᠯ ᠤᠨ ᠠᠭᠤᠰᠤᠯᠴᠠᠨ ᠬᠥᠭᠵᠢᠬᠦ ᠶᠢ ᠠᠬᠢᠭᠤᠯᠬᠤ | ᠴᠢᠬᠤᠯᠠ ᠠᠷᠭ᠎ᠠ ᠬᠡᠮᠵᠢᠶ᠎ᠡ ᠪᠣᠯᠵᠠᠢ᠃ |