| | | | ᠨᠤᠲᠤᠭ ᠤᠨ ᠢᠶᠠᠨ ᠬᠠᠯᠠᠭᠤᠨ ᠡᠯᠡᠰᠦᠨ ᠳᠤ ᠪᠣᠷᠪᠢ ᠪᠠᠨ ᠰᠢᠷᠠᠵᠤ ᠤᠳᠠᠲᠠᠯ᠎ᠠ ᠰᠠᠭᠤᠬᠤ ᠳᠤ | ᠤᠨᠢᠶᠠᠷᠲᠤᠭᠰᠠᠨ ᠮᠠᠩᠬᠠᠨ ᠲᠣᠯᠣᠭᠠᠳ ᠡᠷᠲᠡ ᠨᠠᠮᠤᠷ ᠤᠨ ᠠᠭᠠᠭ ᠠᠮᠢᠰᠬᠤᠭ᠎ᠠ ᠪᠠᠷ ᠴᠣᠨᠤᠨ ᠰᠦᠢᠯᠡᠬᠢᠯᠡᠵᠦ ᠬᠢᠶᠠᠭ᠂ | ᠰᠢᠷᠠᠯᠵᠢ ᠶᠢᠨ ᠡᠬᠡᠭᠦᠨ ᠦᠨᠦᠷ ᠬᠠᠮᠠᠷ ᠴᠣᠷᠭᠢᠨ᠎ᠠ᠃ ᠨᠤᠲᠤᠭ ᠲᠠᠭᠠᠨ ᠬᠠᠶᠢᠷᠠᠲᠠᠢ ᠲᠦᠮᠡ ᠲᠦᠮᠡᠨ ᠬᠥᠮᠥᠨ ᠤ | ᠵᠢᠷᠦᠬᠡᠨ ᠡᠭᠡᠰᠢᠭ ᠢ ᠳᠠᠭᠠᠭᠠᠵᠤ ᠬᠠᠶᠢᠷ᠎ᠠ ᠶᠢᠨ ᠲᠣᠷᠭᠠᠨ ᠰᠢᠪᠡᠨᠡᠭᠡ ᠪᠠᠨ ᠨᠤᠲᠤᠭ ᠤᠨ ᠰᠠᠯᠬᠢᠨ ᠤ ᠬᠤᠩᠭᠤᠷ | ᠮᠥᠷᠥᠭᠡᠳᠦᠯ ᠢᠶᠠᠷ ᠰᠡᠪᠰᠢᠨ ᠰᠡᠪᠰᠢᠨ ᠤᠨᠠᠭᠠᠬᠤ ᠳᠤ ᠴᠡᠴᠡᠭᠡᠰ ᠤᠨ ᠨᠡᠭᠦᠳᠡᠯ ᠳᠤ ᠪᠠᠷᠠᠭᠠᠨ ᠡᠭᠦᠯᠡ ᠴᠡᠯᠮᠡᠵᠦ | ᠨᠠᠭᠤᠷ ᠤᠨ ᠭᠠᠯᠠᠭᠤᠳ ᠤᠨ ᠪᠤᠴᠠᠬᠤ ᠲᠠᠭᠤᠨ ᠭᠠᠩᠭᠠᠷ ᠭᠤᠩᠭᠤᠷ ᠲᠤᠭᠤᠯᠳᠠᠨ᠎ᠠ᠃ | | | | | ᠥᠷᠥᠮ᠎ᠡ ᠰᠦ ᠥᠳᠬᠡᠷᠡᠭᠰᠡᠨ ᠰᠠᠶᠢᠬᠠᠨ ᠤᠯᠠᠷᠢᠯ ᠭᠡᠵᠦ ᠡᠵᠢ ᠦᠷ ᠴᠦᠷ ᠢᠶᠠᠷ ᠪᠣᠰᠴᠤ ᠬᠡᠳᠦᠨ | ᠦᠨᠢᠶ᠎ᠡ ᠪᠠᠨ ᠰᠢᠪᠳᠦᠷᠴᠦ ᠨᠠᠮᠤᠷ ᠤᠨ ᠰᠠᠭᠠᠯᠢ ᠠᠪᠳᠠᠭ᠃ ᠲᠤᠭᠤᠯ ᠪᠢᠷᠠᠭᠤᠳ ᠤᠨ ᠮᠥᠭᠡᠷᠡᠯᠳᠦᠬᠦ ᠲᠠᠭᠤᠨ | ᠰᠢᠩᠭᠡᠷᠡᠵᠦ ᠠᠶᠢᠯ ᠤᠨ ᠠᠪᠠᠭ᠎ᠠ ᠶᠢᠨ ᠪᠦᠳᠦᠭᠦᠨ ᠲᠠᠭᠤ ᠬᠤᠯᠠᠳᠠᠬᠤ ᠪᠠᠷ ᠳᠡᠭᠦᠦ ᠨᠠᠷ ᠢᠶᠠᠨ ᠰᠡᠷᠢᠭᠡᠨ ᠡᠮᠦᠰᠬᠡᠵᠦ | ᠵᠡᠭᠦᠯᠭᠡᠨ ᠢᠳᠡᠭᠦᠯᠵᠦ ᠤᠤᠭᠤᠯᠭᠠᠭᠠᠳ ᠬᠠᠰᠢᠶᠠᠨ ᠤ ᠯᠤᠤᠯᠢ ᠠᠷᠪᠠᠢ ᠦᠭᠲᠡᠭᠡᠵᠦ ᠭᠠᠭ᠋ᠠᠢ ᠲᠠᠭᠢᠶ᠎ᠠ ᠪᠠᠨ ᠲᠡᠵᠢᠭᠡᠳᠡᠭ᠃ | ᠤᠯᠠᠭᠠᠨ ᠨᠠᠷᠠ ᠪᠤᠯᠲᠠᠶᠢᠵᠤ ᠡᠷᠲᠡ ᠶᠢᠨ ᠰᠢᠭᠦᠳᠡᠷᠢ ᠡᠭᠰᠢᠬᠦ ᠪᠠᠷ ᠠᠪᠤ ᠮᠢᠨᠢ ᠬᠤᠨᠢᠨ ᠳᠠᠭᠠᠨ ᠭᠠᠷᠳᠠᠭ᠃ ᠰᠢᠯᠪᠢᠭᠦᠷ | ᠫᠢᠰ ᠲᠠᠱ ᠳᠤᠤᠭᠠᠷᠴᠤ ᠬᠤᠨᠢᠨ ᠰᠦᠷᠦᠭ ᠠᠯᠭᠤᠷᠬᠠᠨ ᠢᠳᠡᠰᠢᠯᠡᠭᠰᠡᠭᠡᠷ ᠪᠡᠯᠴᠢᠭᠡᠷ ᠲᠤ ᠲᠣᠭᠲᠠᠬᠤ ᠳᠤ ᠡᠵᠢ | ᠬᠤᠶᠢᠨ᠎ᠠ ᠠᠴᠠ ᠨᠢ ᠭᠠᠭᠴᠠ ᠡᠯᠵᠢᠭᠡ ᠬᠥᠯᠯᠡᠭᠰᠡᠨ ᠲᠡᠷᠭᠡ ᠪᠠᠨ ᠴᠢᠷᠴᠦ ᠠᠵᠢᠯ ᠳᠠᠭᠠᠨ ᠶᠠᠪᠤᠳᠠᠭ᠃ ᠰᠠᠨᠳᠤᠤ | ᠱᠠᠭᠢᠭᠤᠯᠤᠨ ᠭᠢᠯᠠᠯᠵᠠᠭᠤᠯᠬᠤ ᠳᠤ ᠬᠢᠶᠠᠷᠠᠨ ᠤᠨᠠᠭᠰᠠᠨ ᠡᠪᠡᠰᠦ ᠪᠤᠬᠠᠯ ᠢ ᠣᠪᠣᠭᠠᠯᠠᠵᠤ᠂ ᠬᠠᠲᠠᠭᠰᠠᠨ ᠠᠯᠢᠰᠤ ᠪᠠᠨ | ᠪᠤᠮᠪᠠᠯᠵᠠᠳᠠᠯᠠ ᠲᠡᠭᠡᠭᠡᠭᠡᠳ ᠢᠷᠡᠬᠦ ᠳᠤ ᠠᠯᠢᠰᠤᠨ ᠣᠪᠣᠭᠠᠨ ᠳᠤ ᠨᠢᠭᠤᠯᠴᠠᠵᠤ ᠦᠰᠦ ᠲᠣᠯᠣᠭᠠᠢ ᠪᠠᠨ | ᠰᠢᠷᠢᠯᠳᠦᠲᠡᠯᠡ ᠭᠦᠶᠦᠳᠡᠭ ᠪᠠᠶᠢᠯ᠎ᠠ ᠪᠢᠳᠠ᠃ | ᠡᠯᠵᠢᠭᠡᠨ ᠲᠡᠷᠭᠡ ᠬᠥᠭᠯᠡᠭᠦᠯᠵᠦ᠂ ᠲᠡᠷᠭᠡᠨ ᠶᠠᠰᠢᠩ ᠠᠴᠠ ᠠᠲᠤᠷᠢᠲᠠᠯ᠎ᠠ ᠵᠢᠭᠤᠷᠠᠵᠤ ᠰᠠᠭᠤᠬᠤ ᠳᠤ ᠬᠠᠳᠤᠭᠤᠷ᠂ | ᠰᠠᠨᠳᠤᠤ ᠬᠠᠩᠭᠢᠷ ᠵᠢᠩᠭᠢᠷ ᠳᠤᠤᠭᠠᠷᠴᠤ ᠬᠠᠳᠤᠯᠠᠩ ᠤᠨ ᠤᠯᠠᠷᠢᠯ ᠬᠠᠶᠠᠭᠠᠨ ᠳᠤ ᠪᠠᠭᠤᠨ᠎ᠠ᠃ ᠲᠡᠷᠡ ᠵᠢᠯ ᠤᠨ ᠨᠠᠮᠤᠷ | ᠪᠢ ᠶᠡᠭᠡ ᠬᠦᠰᠡᠯ ᠡᠪᠦᠷᠯᠡᠵᠦ ᠮᠠᠩᠬᠠᠨ ᠨᠤᠲᠤᠭ ᠠᠴᠠ ᠬᠥᠯ ᠢᠶᠠᠨ ᠰᠤᠭᠤᠯᠵᠤ ᠬᠦᠰᠡᠯ ᠤᠨ ᠲᠠᠷᠳᠠᠩ ᠬᠠᠷᠭᠤᠢ | ᠵᠦᠭ ᠳᠡᠪᠳᠡᠷᠢᠭᠰᠡᠨ ᠶᠤᠮ᠃ ᠠᠷᠢᠭᠤᠨ ᠡᠷᠳᠡᠮ ᠢᠶᠠᠨ ᠰᠣᠶᠣᠷᠬᠠᠭᠰᠠᠨ ᠠᠴᠢᠲᠤ ᠪᠠᠭᠰᠢ ᠨᠠᠷ ᠮᠢᠨᠢ ᠡᠪᠦᠭᠡᠷᠡᠵᠦ᠂ ᠭᠠᠯ | ᠰᠢᠯ ᠤᠨ ᠢᠶᠠᠨ ᠴᠠᠭᠠᠨ᠎ᠠ ᠠᠴᠠ ᠭᠠᠷ ᠤᠲᠠᠰᠤ ᠱᠠᠭᠠᠶᠢᠨ ᠶᠢᠷᠲᠢᠨᠴᠦ ᠶᠢᠨ ᠰᠣᠨᠢᠨ ᠭᠠᠶᠢᠬᠠᠮᠰᠢᠭ ᠢ ᠠᠩᠬᠠᠷᠴᠤ ᠴᠠᠭ | ᠦᠶ᠎ᠡ ᠶᠢᠨ ᠰᠠᠶᠢᠬᠠᠨ ᠳᠤ ᠪᠠᠶᠠᠰᠴᠤ ᠰᠠᠭᠤᠨ᠎ᠠ᠃ ᠲᠦᠷᠪᠡᠨ ᠵᠢᠯ ᠥᠯᠥᠭᠡᠶᠢᠳᠡᠭᠰᠡᠨ ᠡᠬᠡ ᠰᠤᠷᠭᠠᠭᠤᠯᠢ ᠮᠢᠨᠢ | ᠠᠶᠢᠯ ᠤᠨ ᠪᠠᠷᠠᠭᠤᠨ ᠲᠡᠨᠵᠢᠨ ᠳᠤ ᠡᠪᠡᠰᠦ ᠰᠦᠷᠡᠯ ᠤᠨ ᠳᠤᠮᠳᠠ ᠰᠦᠷ ᠮᠠᠭᠤᠲᠠᠢ ᠶᠣᠷᠳᠣᠶᠢᠨᠠ᠃ ᠠ᠂ ᠠ᠋᠂ ᠢ᠂ | ᠠᠷᠠᠪ ᠲᠤᠭ᠎ᠠ ᠶᠢ ᠲᠠᠨ ᠤ ᠪᠠᠨ ᠡᠪᠦᠷ ᠲᠤ ᠲᠣᠭᠯᠠᠨ ᠪᠠᠶᠢᠬᠤ ᠳᠠᠭᠠᠨ ᠨᠢᠳᠦᠯᠡᠭᠰᠡᠨ ᠶᠤᠮ ᠳ᠋ᠧ᠂ ᠰᠤᠷᠭᠠᠭᠤᠯᠢ ᠮᠢᠨᠢ︕ | ᠠᠨᠳᠠ ᠶᠢᠨ ᠲᠠᠩᠭᠠᠷᠢᠭ ᠡᠭᠡᠳᠡᠷᠡᠭᠰᠡᠨ ᠤᠨᠠᠭᠠᠨ ᠨᠠᠶᠢᠵᠠ ᠨᠠᠷ ᠲᠠᠷᠢᠶᠠᠨ ᠵᠤᠷᠬ᠎ᠠ ᠪᠠᠷ ᠬᠥᠯᠥᠰᠦ ᠪᠠᠨ ᠤᠷᠤᠰᠬᠠᠨ | ᠵᠠᠮᠨᠠᠬᠤ ᠳᠤ ᠠᠪᠤ ᠡᠵᠢ ᠳᠤᠨᠢ ᠪᠢᠰᠢ᠂ ᠬᠤᠪᠢ ᠵᠠᠶᠠᠭᠠᠨ ᠳᠤᠨᠢ ᠭᠤᠮᠣᠳᠠᠵᠤ ᠭᠠᠭᠴᠠᠭᠠᠷ ᠬᠤᠯᠠ ᠶᠠᠪᠤᠭᠰᠠᠨ ᠪᠢᠯᠡ᠃ | ᠪᠢᠯᠢᠭ ᠤᠬᠠᠭᠠᠨ ᠤ ᠣᠩᠭᠤᠳ ᠬᠠᠶᠢᠷᠠᠯᠠᠭᠰᠠᠨ ᠨᠤᠲᠤᠭ ᠤᠨ ᠪᠤᠭᠤᠷᠤᠯᠴᠤᠳ ᠬᠤᠶᠢᠨ᠎ᠠ ᠬᠤᠶᠢᠨ᠎ᠠ ᠠᠴᠠ ᠪᠠᠨ | ᠬᠤᠷᠸ᠎ᠠ ᠶᠢᠨ ᠵᠢᠮ᠎ᠡ ᠪᠠᠷ ᠪᠤᠴᠠᠬᠤ ᠳᠤ ᠬᠠᠭᠤᠴᠢᠨ ᠦᠯᠢᠭᠡᠷ ᠤᠳ ᠰᠢᠨ᠎ᠡ ᠵᠣᠭᠤᠭ ᠢᠶᠠᠷ ᠰᠣᠯᠢᠭᠳᠠᠨ᠎ᠠ᠃ | | | | | ᠵᠠᠯᠠᠭᠤ ᠨᠠᠰᠤ ᠵᠠᠬ᠎ᠠ ᠠᠴᠠ ᠪᠠᠨ ᠵᠤᠯᠠᠷᠠᠵᠤ᠂ ᠢᠳᠡᠷ ᠨᠠᠰᠤᠨ ᠤ ᠢᠳᠡᠷᠡᠭᠦᠨ ᠵᠢᠪᠬᠤᠭ᠎ᠠ ᠪᠠᠷ | ᠲᠠᠰᠢᠭᠤᠷᠳᠠᠭᠤᠯᠵᠤ ᠬᠢᠭᠰᠡᠨ᠂ ᠪᠦᠲᠦᠭᠡᠭᠰᠡᠨ ︽ᠬᠥᠷᠥᠩᠭᠡ︾ ᠪᠠᠨ ᠬᠠᠨᠳᠢᠪᠯᠡᠬᠤ ᠪᠠᠷ ᠨᠤᠲᠤᠭ ᠤᠨ ᠢᠶᠠᠨ ᠪᠤᠭᠤᠷᠤᠯ | ᠡᠷᠭᠢᠨ ᠳᠤ ᠤᠳᠠᠲᠠᠯ᠎ᠠ ᠰᠠᠭᠤᠬᠤ ᠳᠤ ᠲᠠᠰᠤᠷᠠᠬᠰᠠᠨ ᠤᠴᠢᠭ ᠵᠠᠯᠭᠠᠭᠳᠠᠵᠤ ᠬᠠᠶᠢᠷ᠎ᠠ ᠶᠢᠨ ᠲᠣᠷᠭᠠᠨ ᠰᠢᠪᠡᠨᠡᠭᠡ ᠪᠠᠨ | ᠭᠠᠵᠠᠷ ᠨᠤᠲᠤᠭ ᠲᠠᠭᠠᠨ ᠢᠯᠡᠭᠡᠨᠡᠮ᠃ | | | | | ᠠᠪᠤ ᠶᠢᠨ ᠬᠤᠨᠢᠨ ᠳᠤ ᠶᠠᠪᠤᠳᠠᠭ ᠪᠣᠷᠣ ᠴᠤᠪᠤᠭ᠎ᠠ᠂ ᠡᠵᠢ ᠶᠢᠨ ᠦᠲᠦᠷᠮ᠎ᠡ ᠳᠤ ᠣᠪᠣᠭᠠᠯᠠᠭᠰᠠᠨ ᠲᠠᠪᠤᠨ | ᠲᠠᠷᠢᠶ᠎ᠠ ᠁ ᠡᠨᠡ ᠪᠦᠭᠦ ᠶᠠᠭᠤᠮ᠎ᠠ ᠠᠴᠠ ᠰᠡᠳᠬᠢᠯ ᠤᠨ ᠲᠠᠮᠢᠷ ᠰᠡᠯᠭᠦᠭᠰᠡᠨ ᠬᠥᠮᠥᠨ ᠤ ᠦᠷ᠎ᠡ ᠪᠢ ᠨᠤᠲᠤᠭ | ᠤᠰᠤᠨ ᠳᠠᠭᠠᠨ ᠲᠤᠰᠤᠯ ᠬᠦᠴᠦ ᠪᠠᠨ ᠡᠷᠭᠦᠵᠦ᠂ ᠬᠠᠶᠢᠷ᠎ᠠ ᠶᠢᠨ ᠥᠷᠢ ᠨᠥᠬᠦᠬᠦ ᠪᠠᠷ ᠶᠡᠭᠡ ᠦᠢᠯᠡᠰ ᠤᠨ | ᠭᠦᠯᠦᠭ ᠤᠨ ᠵᠢᠯᠣᠭᠤ ᠵᠠᠯᠠᠭᠰᠠᠨ ᠶᠤᠮ᠃ ᠤᠬᠠᠭᠠᠷᠠᠯ ᠲᠥᠭᠡᠷᠭᠡ᠂ ᠰᠣᠶᠣᠯ ᠪᠣᠯᠪᠠᠰᠤᠷᠠᠯ᠂ ᠦᠢᠯᠡᠰ ᠵᠢᠳᠬᠦᠯ ᠤᠨ | ᠴᠢᠨᠳᠠᠮᠤᠨᠢ ᠲᠠᠮᠠᠭ᠎ᠠ ᠶᠢ ᠵᠢᠷᠦᠬᠡᠨ ᠳᠡᠭᠡᠨ ᠳᠠᠷᠤᠵᠤ᠂ ᠵᠡᠭᠦᠳᠦᠨ ᠳᠡᠭᠡᠨ ᠲᠡᠪᠡᠷᠢᠵᠦ ᠦᠨᠦᠰᠦᠨ᠂ ᠠᠷᠤᠤᠬᠠᠨ | ᠮᠥᠷᠥᠭᠡᠳᠦᠯ ᠤᠨ ᠲᠥᠯᠥᠭᠡ ᠮᠥᠩᠬᠡᠷᠡᠬᠦ ᠪᠠᠷ ᠴᠢᠷᠮᠠᠶᠢᠭᠰᠠᠨ ᠬᠡᠨ ᠨᠢᠭᠡᠨ ᠬᠥᠮᠥᠨ ᠤ ᠬᠠᠯᠠᠭᠤᠨ ᠤᠷᠮᠠᠰ ᠢᠶᠠᠷ | ᠰᠢᠷᠬ᠎ᠠ ᠪᠠᠨ ᠠᠨᠠᠭᠠᠵᠤ᠂ ᠪᠢᠯᠢᠭ ᠤᠨ ᠬᠦᠷᠡᠩ ᠤᠨ ᠵᠣ ᠶᠢ ᠴᠠᠩᠲᠤᠭᠤᠯᠤᠨ ᠭᠠᠯᠭᠢᠭᠤᠯᠵᠤ ᠶᠠᠪᠤᠬᠤ ᠳᠤ ᠬᠦᠰᠡᠯ | ᠮᠥᠷᠥᠭᠡᠳᠦᠯ ᠶᠠᠮᠠᠷᠬᠠᠨ ᠰᠠᠶᠢᠬᠠᠨ ᠪᠠᠶᠢᠯ᠎ᠠ᠃ | | | | | ᠵᠤᠨ ᠤ ᠴᠡᠴᠡᠭ ᠤᠨ ᠮᠢᠷᠠᠯᠵᠠᠭᠠᠨ ᠳᠤ ᠡᠷᠪᠡᠬᠡᠢ ᠵᠥᠭᠡᠢ ᠪᠥᠵᠢᠭᠯᠡᠨ᠂ ᠭᠦᠷᠡᠯᠵᠡᠭᠡᠨ᠎ᠡ ᠴᠠᠷᠴᠠᠬᠠᠢ ᠵᠢᠷᠭᠢᠨ | ᠳᠣᠩᠭᠤᠳᠬᠤ ᠳᠤ ᠨᠠᠮᠤᠷ ᠤᠨ ᠲᠠᠩᠰᠤᠭ ᠤᠯᠠᠷᠢᠯ ᠬᠠᠶᠢᠷ᠎ᠠ ᠨᠠᠶᠢᠷ ᠦᠭᠡᠢ ᠥᠮᠴᠢᠷᠬᠡᠨ ᠦᠷ᠎ᠡ ᠵᠢᠮᠢᠰ᠂ ᠡᠯᠪᠡᠭ | ᠬᠤᠷᠢᠶᠠᠯᠲᠠ ᠶᠢᠨ ᠡᠭᠡᠰᠢᠭ ᠳᠠᠭᠤᠤ ᠪᠠᠷ ᠰᠦᠯᠡᠨ᠎ᠡ᠃ ᠡᠪᠦᠯ ᠢᠷᠡᠬᠦ ᠠᠴᠠ ᠡᠮᠦᠨ᠎ᠡ ᠬᠦᠨᠡᠰᠦᠨ ᠤ ᠪᠦᠷᠢᠳᠬᠡᠯ ᠳᠤ | ᠶᠠᠭᠠᠷᠠᠳᠠᠭ ᠬᠥᠮᠥᠰ ᠬᠠᠪᠤᠷ ᠤᠨ ᠠᠭᠤᠷ ᠢᠶᠠᠷ ᠠᠮᠤᠷᠵᠢᠵᠤ ᠰᠢᠨ᠎ᠡ ᠰᠣᠳᠣᠨ ᠶᠠᠭᠤᠮ᠎ᠠ ᠶᠢ ᠬᠦᠯᠢᠶᠡᠵᠦ ᠴᠥᠬᠦᠳᠡᠭ | ᠴᠦ ᠨᠠᠰᠤᠨ ᠤ ᠨᠠᠮᠤᠷ ᠲᠤ ᠲᠠᠷᠭᠤ ᠰᠠᠭᠤᠬᠤ ᠪᠠᠷ ᠨᠢᠯᠬᠠᠰᠠᠭ ᠪᠤᠳᠤᠯ ᠵᠡᠭᠦᠳᠦᠨ ᠠᠴᠠ ᠠᠷᠢᠯᠤᠨ᠎ᠠ᠃ | | | | | ᠰᠢᠨᠡᠬᠡᠨ ᠵᠠᠰᠠᠭᠰᠠᠨ ᠵᠠᠮ ᠭᠡᠷ ᠭᠡᠷ ᠤᠨ ᠡᠭᠦᠳᠡᠨ ᠳᠤ ᠨᠡᠪᠳᠡᠷᠡᠵᠦ᠂ ᠵᠠᠮ ᠲᠠᠭᠠᠬᠰᠠᠨ ᠭᠡᠷ ᠤᠳ ᠤᠨ ᠬᠦᠷᠢᠶ᠎ᠡ | ᠬᠠᠰᠢᠶ᠎ᠠ ᠬᠥᠬᠡ᠂ ᠤᠯᠠᠭᠠᠨ ᠲᠤᠭᠤᠰᠭ᠋᠎ᠠ ᠪᠠᠷ ᠠᠯᠠᠭᠯᠠᠨ ᠬᠡ ᠤᠭᠠᠯᠵᠠ ᠨᠢ ᠬᠡᠭᠡᠮᠰᠦᠭ ᠰᠠᠶᠢᠬᠠᠨ᠃ ᠪᠠᠶᠢᠰᠢᠩ ᠤᠨ | ᠡᠭᠦᠳᠡᠨ ᠳᠤ ᠪᠦᠳᠦᠭᠦᠨ ᠲᠷᠠᠺᠲ᠋ᠣᠷ ᠬᠦᠷᠴᠢᠭᠢᠨᠡᠵᠦ ᠲᠠᠷᠢᠶ᠎ᠠ ᠬᠠᠳᠤᠬᠤ ᠮᠠᠰᠢᠨ᠂ ᠡᠪᠡᠰᠦ ᠰᠦᠷᠡᠯ ᠳᠠᠷᠤᠰᠢᠭᠤᠯᠬᠤ | ᠮᠠᠰᠢᠨ᠂ ᠬᠠᠳᠤᠯᠠᠩ ᠬᠤᠷᠢᠶᠠᠬᠤ ᠮᠠᠰᠢᠨ ᠁ ᠵᠠᠬ᠎ᠠ ᠳᠠᠷᠠᠭᠠᠯᠠᠨ ᠵᠢᠭᠳᠡᠷᠡᠵᠦ ᠴᠢᠨᠡᠭᠡᠯᠢᠭ ᠨᠡᠶᠢᠭᠡᠮ ᠤᠨ ᠥᠩᠭᠡ | ᠲᠥᠷᠬᠦ ᠶᠢ ᠮᠡᠳᠡᠭᠡᠯᠡᠬᠦ ᠳᠤ ᠪᠠᠶᠠᠵᠢᠯ ᠤᠨ ᠵᠠᠮ ᠢᠶᠠᠨ ᠡᠯᠭᠦᠭᠰᠡᠨ ᠮᠠᠯᠴᠢᠨ ᠲᠠᠷᠢᠶᠠᠴᠢᠨ ᠰᠣᠩᠭᠤᠭᠤᠯᠢ ᠶᠢᠨ | ᠪᠢᠯᠧᠲ ᠢᠶᠠᠨ ᠲᠤᠰᠢᠶᠠᠭᠠᠳ ᠬᠠᠨᠤᠮᠵᠢᠳᠠᠢ᠃ ︽ᠠᠶᠢᠯ ᠬᠥᠮᠥᠨ ᠤ ᠠᠮᠢ ᠨᠢᠭᠡ᠂ ᠰᠠᠭᠠᠬᠠᠯᠲᠠ ᠬᠥᠮᠥᠨ ᠤ ᠰᠠᠨᠠᠭ᠎ᠠ | ᠨᠢᠭᠡ︾ ᠭᠡᠳᠡᠭ ᠰᠠᠨ᠃ ᠭᠠᠴᠠᠭᠠᠨ ᠳᠠᠷᠤᠭ᠎ᠠ᠂ ᠱᠦᠵᠢ ᠬᠡᠨ ᠬᠡᠨ ᠮᠠᠨᠢ ᠨᠠᠮ ᠤᠨ ᠲᠦᠷᠦ ᠶᠢᠨ ᠪᠣᠳᠣᠯᠭ᠎ᠠ ᠶᠢ | ᠲᠤᠭᠤᠰᠢᠯᠠᠭᠤᠯᠤᠨ ᠠᠶᠢᠯ ᠠᠶᠢᠮᠠᠭ ᠢᠶᠠᠨ ᠳᠠᠭᠠᠭᠤᠯᠤᠨ ᠥᠭᠡᠳᠡᠯᠡᠯ ᠬᠥᠭᠵᠢᠯ ᠤᠨ ᠴᠢᠯᠦᠭᠡᠲᠦ ᠬᠠᠷᠭᠤᠢ ᠶᠢ ᠵᠣᠷᠢᠳᠠᠭ | ᠶᠤᠮ ᠪᠣᠯ ᠨᠤᠲᠤᠭ ᠤᠰᠤᠨ ᠤ ᠨᠠᠪᠳᠠᠭ ᠰᠠᠪᠳᠠᠭ᠂ ᠡᠵᠡᠳ ᠰᠠᠬᠢᠭᠤᠰᠤ ᠮᠢᠨᠢ ᠪᠠᠶᠠᠰᠬᠤ ᠨᠢ ᠠ᠋᠃ | | | | | ᠨᠠᠪᠲᠠᠷᠬᠠᠢ ᠨᠣᠣᠷᠬᠠᠢ ᠰᠢᠪᠠᠷ ᠪᠠᠶᠢᠰᠢᠩ᠂ ᠰᠡᠲᠡᠷᠬᠡᠢ ᠵᠠᠳᠠᠭᠠᠢ ᠬᠠᠰᠢᠶ᠎ᠠ ᠰᠠᠷᠠᠪᠴᠢ ᠪᠠᠨ ᠰᠢᠨᠡᠳᠬᠡᠭᠰᠡᠨ | ᠠᠪᠠᠭ᠎ᠠ ᠠᠨᠢᠶ᠎ᠠ ᠨᠠᠷ ᠤᠨ ᠲᠠᠭᠤ ᠱᠤᠤ ᠥᠨᠳᠥᠷᠵᠢᠵᠦ ᠲᠠᠭᠢᠭᠠᠳ ᠲᠢᠶᠠᠨᠵᠢᠨ ︵ᠮᠠᠨ ᠤ ᠭᠠᠴᠠᠭ᠎ᠠ ᠶᠢᠨ ᠨᠢᠭᠡ | ᠪᠦᠯᠦᠭ ᠬᠥᠮᠥᠰ ᠲᠢᠶᠠᠨᠵᠢᠨ ᠳᠤ ᠬᠦᠴᠦᠨ ᠤ ᠠᠵᠢᠯ ᠬᠢᠵᠦ ᠪᠤᠢ︶ ᠣᠷᠣᠵᠤ ᠬᠦᠴᠦ ᠶᠠᠪᠤᠬᠤ ᠦᠭᠡᠢ᠂ ᠬᠡᠳᠦᠨ ᠮᠦ | ᠲᠠᠷᠢᠶ᠎ᠠ ᠮᠢᠨᠢ ᠪᠢᠳᠡᠨ ᠳᠡᠭᠡᠨ ᠠᠮᠢ ᠠᠮᠢᠵᠢᠷᠠᠯ ᠪᠤᠯᠬᠤ ᠨᠢ᠂ ᠲᠡᠳᠬᠦᠮᠵᠢ ᠶᠢᠨ ᠮᠠᠯ ᠤᠨᠤᠭ᠎ᠠ ᠪᠠᠨ ᠮᠡᠨᠳᠦ | ᠤᠨᠳᠤᠷᠤᠭᠤᠯᠤᠶᠠ᠂ ᠨᠤᠲᠤᠭ ᠤᠰᠤᠨ ᠤ ᠪᠠᠨ ᠢᠵᠢᠯᠢ ᠲᠠᠰᠤᠯ ᠬᠥᠮᠥᠰ ᠲᠠᠢ ᠪᠠᠨ ᠤᠴᠠᠷᠠᠵᠤ ᠵᠣᠭᠤᠭᠳᠠᠬᠤ ᠳᠤ | ᠰᠡᠳᠬᠢᠯ ᠰᠠᠨᠠᠭ᠎ᠠ ᠰᠠᠷᠠᠭᠤᠯᠵᠢᠨ᠎ᠠ ᠭᠡᠵᠦ ᠦᠭᠡ ᠵᠣᠭᠤᠭ ᠳᠡᠯᠭᠡᠵᠦ᠂ ᠣᠶᠣᠳᠠᠯ ᠬᠠᠳᠬᠤᠮᠠᠯ ᠢᠶᠠᠨ ᠡᠬᠢᠯᠡᠭᠦᠯᠦᠨ᠎ᠡ᠃ | ᠤᠬᠠᠭᠠᠨ ᠰᠠᠨᠠᠭ᠎ᠠ ᠪᠠᠨ ᠡᠵᠡᠮᠳᠡᠵᠦ᠂ ᠬᠦᠰᠡᠯ ᠲᠡᠮᠡᠦᠯᠦᠯ ᠤᠨ ᠵᠦᠭ ᠴᠢᠭ ᠢᠶᠠᠨ ᠠᠨᠳᠠᠭᠤᠷᠠᠯ ᠦᠭᠡᠢ ᠵᠥᠪ | ᠡᠷᠭᠢᠭᠦᠯᠵᠦ᠂ ᠬᠥᠮᠥᠨ ᠠᠷᠠᠳ ᠲᠠᠭᠠᠨ᠂ ᠨᠠᠮ ᠵᠠᠰᠠᠭ ᠲᠠᠭᠠᠨ ᠤᠶᠢᠭ᠎ᠠ ᠦᠭᠡᠢ ᠵᠢᠳᠬᠦᠬᠦ ᠤᠬᠠᠭᠠᠨ ᠤ ᠦᠷ ᠢ | ᠴᠠᠶᠢᠯᠭᠠᠵᠤ ᠲᠦᠷᠦᠵᠦ ᠥᠰᠦᠭᠰᠡᠨ ᠴᠠᠭᠠᠨ ᠮᠠᠩᠬᠠᠨ ᠳᠠᠭᠠᠨ ᠴᠠᠬᠢᠷᠮ᠎ᠠ ᠰᠢᠭ᠋ ᠠᠮᠢᠵᠢᠷᠠᠯ ᠤᠨ ᠬᠦᠴᠦᠨ ᠲᠠᠢ | ᠤᠷᠭᠤᠬᠤ ᠶᠠᠭᠤᠲᠠᠢ ᠰᠠᠶᠢᠬᠠᠨ᠃ | ᠠᠮᠢᠳᠤᠷᠠᠯ ᠵᠢᠷᠤᠭ ᠰᠢᠭ᠋ ᠰᠠᠶᠢᠬᠠᠨ ᠪᠣᠯᠣᠯ᠎ᠠ᠂ ᠵᠢᠷᠤᠭ ᠰᠢᠭ᠋ ᠠᠮᠢᠳᠤᠷᠠᠯ ᠱᠠᠭᠯᠠᠭᠰᠠᠨ ᠣᠶᠣᠳᠠᠯ ᠨᠡᠩ ᠰᠠᠶᠢᠬᠠᠨ ᠠ᠋᠃ | ᠭᠦᠭᠡᠬᠤᠳᠡ ᠪᠡᠭᠡᠵᠢᠩ ᠭᠦᠷᠳᠡᠯ᠎ᠠ ᠶᠠᠪᠤᠵᠤ ᠲᠦᠰᠢᠶᠡᠲᠦ ᠬᠠᠳᠬᠤᠮᠠᠯ ᠤᠷᠠᠯᠠᠯ ᠢᠶᠠᠨ ᠭᠠᠶᠢᠬᠠᠭᠤᠯᠤᠭᠰᠠᠨ ᠠᠶᠢᠯ ᠤᠨ | ᠪᠦᠰᠡᠭᠦᠶᠢᠴᠦᠳ ᠭᠠᠨᠵᠤᠭ᠎ᠠ ᠳᠦᠭᠦᠷᠡᠩ ᠪᠤᠴᠠᠵᠤ ᠶᠠᠪᠤᠨ᠎ᠠ᠃ ᠦᠢᠯᠡ ᠬᠠᠶᠢᠴᠢ ᠪᠠᠨ ᠤᠷᠭᠢᠭᠠᠳ ᠠᠷᠪᠠ ᠬᠤᠷᠢᠨ | ᠵᠢᠯ ᠪᠣᠯᠤᠭᠰᠠᠨ ᠠᠪᠠᠭᠠᠶᠢᠴᠤᠤᠯ ᠤᠲᠠᠰᠤ ᠵᠡᠭᠦᠦ ᠪᠠᠨ ᠰᠦᠪᠡᠯᠡᠨ ᠬᠠᠶᠠᠭᠳᠠᠭᠰᠠᠨ ᠬᠤᠷᠤᠭᠤᠪᠴᠢ ᠪᠠᠨ ᠡᠷᠢᠵᠦ | ᠮᠤᠩᠭᠢᠨᠠᠨ᠎ᠠ᠃ ᠳᠠᠯ᠎ᠠ ᠭᠦᠷᠦᠭᠰᠡᠨ ᠡᠵᠢ ᠮᠢᠨᠢ ᠭᠠᠯ ᠰᠢᠯ ᠵᠡᠭᠦᠵᠦ ᠬᠤᠷᠤᠭᠤᠨ ᠡᠷᠳᠡᠮ ᠢᠶᠠᠨ ᠰᠣᠷᠢᠵᠤ ᠡᠬᠢᠯᠡᠯ᠎ᠡ᠃ | ᠣᠶᠣᠳᠠᠯ ᠬᠠᠳᠬᠤᠮᠠᠯ ᠢᠶᠠᠷ ᠶᠠᠳᠠᠭᠤ ᠶᠢ ᠲᠡᠳᠬᠦᠬᠦ ᠤᠷᠢᠶᠠᠯᠠᠭ᠎ᠠ ᠶᠢ ᠲᠠᠭᠠᠨ ᠴᠤᠤᠷᠢᠶᠠᠲᠤᠵᠤ ᠱᠠᠪᠢ | ᠬᠥᠮᠥᠵᠢᠭᠦᠯᠦᠭᠡᠳ ᠶᠠᠭᠠᠷᠠᠤ᠃ ᠮᠠᠰᠢᠨ ᠲᠧᠭᠨᠢᠭ ᠡᠵᠢ ᠶᠢ ᠨᠥᠷᠢ ᠭᠦᠳᠡᠯᠮᠤᠷᠢ ᠠᠴᠠ ᠴᠢᠯᠦᠭᠡᠯᠡᠵᠦ᠂ ᠠᠵᠢᠯ ᠬᠢᠳᠡᠯ | ᠠᠯᠳᠠᠬᠤ ᠳᠤ ᠬᠦᠷᠭᠡᠭᠰᠡᠨ᠂ ᠤᠳᠤ ᠠᠰᠢᠭᠦᠢ ᠰᠠᠶᠢᠨ ᠪᠣᠯᠣᠯ᠎ᠠ᠃ | ᠦᠨᠢᠶ᠎ᠡ ᠲᠤᠭᠤᠯ ᠤᠨ ᠮᠥᠭᠡᠷᠡᠯᠳᠦᠬᠦ ᠲᠠᠭᠤᠨ ᠳᠤ ᠦᠳᠡᠰᠢ ᠶᠢᠨ ᠪᠦᠷᠦᠢ ᠢᠳᠡᠭ ᠢᠳᠡᠭ ᠢᠶᠠᠷ ᠨᠠᠭᠠᠰᠢᠯᠠᠵᠤ | ᠰᠡᠭᠦᠳᠡᠷᠰᠢᠭᠰᠡᠨ ᠰᠡᠳᠬᠢᠯ ᠤᠨ ᠬᠠᠶᠠᠭ᠎ᠠ ᠶᠢ ᠪᠦᠷᠬᠦᠯᠡ᠃ ᠠᠮᠢᠳᠤᠷᠠᠯ ᠤᠨ ᠭᠡᠭᠡᠨ ᠮᠥᠷᠥᠭᠡᠳᠦᠯ ᠭᠦᠷᠳᠡᠯ᠎ᠡ ᠪᠠᠯᠠᠷᠠᠬᠤ | ᠬᠠᠷᠠᠩᠭᠤᠢ ᠪᠦᠷᠦᠢ ᠠᠴᠠ ᠡᠮᠦᠨ᠎ᠡ ᠬᠢᠵᠦ ᠭᠦᠢᠴᠡᠳᠬᠡᠬᠦ ᠠᠵᠢᠯ ᠤᠨ ᠥᠷᠢ ᠪᠠᠨ ᠲᠣᠭᠠᠯᠠᠵᠤ ᠬᠥᠰᠢᠭᠰᠡᠨ | ᠰᠡᠳᠬᠢᠯ ᠢᠶᠠᠨ ᠳᠠᠭᠠᠭᠠᠵᠤ ᠶᠠᠳᠠᠨ ᠪᠤᠰᠬᠤ ᠳᠤ ᠲᠡᠭᠷᠢ ᠳᠤ ᠨᠠᠯᠠᠷᠠᠭᠰᠠᠨ ᠲᠤᠯᠤᠩ ᠰᠢᠷᠭᠠᠯᠲᠤᠨ ᠬᠤᠪᠢ ᠶᠢᠨ | ᠭᠠᠳᠠᠨ᠎ᠠ ᠭᠤᠶᠣᠮᠰᠤᠭ᠃ | | | | | ᠲᠡᠷᠲᠡᠭᠡ ᠬᠥᠲᠥᠯ ᠠᠴᠠ ᠰᠡᠦᠬᠡ ᠮᠠᠰᠢᠨ ᠵᠢᠷᠪᠢᠯᠵᠡᠨ ᠵᠢᠷᠪᠢᠯᠵᠡᠨ ᠲᠠᠷᠢᠶᠠᠨ ᠤ ᠬᠥᠮᠥᠰ ᠭᠡᠷ ᠵᠦᠭ ᠢᠶᠠᠨ | ᠣᠪᠣᠨ ᠴᠤᠪᠤᠨ ᠪᠤᠴᠠᠨ᠎ᠠ᠃ ᠡᠨᠡ ᠵᠢᠯ ᠨᠠᠷᠠᠨ ᠬᠤᠸᠠᠷ ᠤᠨ ᠲᠠᠷᠢᠶ᠎ᠠ ᠢᠯᠡᠳᠲᠡ ᠪᠠᠭᠠᠰᠤᠭᠰᠠᠨ ᠪᠠᠶᠢᠨ᠎ᠠ᠃ ᠬᠡᠳᠦᠨ | ᠵᠢᠯ ᠳᠠᠷᠠᠭᠠᠯᠠᠨ ᠨᠠᠷᠠᠨ ᠬᠤᠸᠠᠷ ᠨᠢ ᠨᠠᠮᠤᠷ ᠤᠨ ᠬᠤᠷᠢᠶᠠᠯᠲᠠ ᠶᠢᠨ ᠭᠤᠬ᠎ᠠ ᠦᠵᠦᠭᠦᠷ ᠲᠤ ᠢᠯᠵᠢᠷᠡᠨ ᠰᠦᠢᠳᠴᠦ᠂ | ᠬᠥᠷᠥᠩᠭᠡ ᠮᠥᠩᠭᠦ ᠪᠠᠨ ᠭᠦᠨᠳᠡᠷᠦᠨ ᠥᠷᠢ ᠰᠢᠷᠢ ᠳᠤ ᠪᠠᠷᠢᠯᠳᠤᠭᠰᠠᠨ ᠨᠤᠲᠤᠭ ᠤᠨ ᠠᠬ᠎ᠠ ᠳᠡᠭᠦᠦ ᠨᠠᠷ ᠡᠷᠳᠡᠨᠢ | ᠰᠢᠰᠢ᠂ ᠰᠢᠷ᠎ᠠ ᠪᠤᠷᠴᠠᠭ ᠭᠤᠣᠯᠳᠠᠭᠤ ᠲᠠᠷᠢᠯ᠎ᠠ᠃ ᠬᠤᠷᠢᠶᠠᠯᠲᠠ ᠶᠢᠨ ᠰᠠᠶᠢᠬᠠᠨ ᠳᠠᠭᠠᠨ ᠰᠣᠭᠲᠣᠭᠤᠷᠠᠭᠰᠠᠨ | ᠬᠥᠮᠥᠰ ᠠᠴᠠ ᠠᠵᠠ ᠵᠢᠷᠭᠠᠯ ᠤᠨ ᠦᠨᠦᠷ ᠬᠠᠩᠬᠤᠯᠤᠨ᠎ᠠ᠃ ᠵᠢᠷᠭᠠᠯ ᠤᠨ ᠢᠨᠢᠶᠡᠳᠦ ᠠᠴᠠ ᠲᠤᠭᠤᠯᠳᠠᠬᠤ ᠴᠠᠯᠭᠢᠶᠠᠨ | ᠡᠬᠡ ᠭᠠᠵᠠᠷ ᠤᠨ ᠠᠭᠤᠷ ᠢᠶᠠᠷ ᠲᠠᠮᠵᠢᠨ ᠨᠠᠮᠠᠶᠢ ᠢᠯᠪᠢᠵᠦ ᠪᠠᠶᠢᠯ᠎ᠠ᠃ | | | | | ᠥᠪᠡᠷ ᠢ ᠪᠠᠨ ᠤᠷᠭᠤᠬᠤ ᠤᠯᠠᠭᠠᠨ ᠨᠠᠷᠠᠨ ᠢᠶᠠᠷ ᠴᠡᠨᠡᠭᠯᠡᠵᠦ ᠦᠷ ᠤᠨ ᠬᠢᠷᠠᠭᠤ ᠠᠴᠠ ᠬᠠᠷᠠᠮᠨᠠᠵᠤ ᠭᠡᠷ | ᠵᠦᠭ ᠢᠶᠠᠨ ᠡᠷᠭᠢᠬᠦ ᠳᠤ ᠳ᠋ᠧᠩ ᠤᠨ ᠭᠡᠷᠡᠯ ᠥᠭᠡᠳᠡ ᠠᠴᠠ ᠣᠴᠢᠯᠠᠨᠠ᠃ ᠲᠦᠷᠦᠭᠰᠡᠨ ᠭᠠᠷᠤᠭᠰᠠᠨ | ᠭᠠᠵᠠᠷ ᠠᠴᠠ ᠪᠠᠨ ᠬᠠᠶᠢᠷ᠎ᠠ ᠶᠢᠨ ᠢᠯᠴᠢ ᠤᠭᠤᠭᠢᠭᠤᠯᠵᠤ ᠶᠡᠭᠡ ᠦᠢᠯᠡᠰ ᠤᠨ ᠲᠦᠷᠦᠭᠡ ᠭᠢᠰᠬᠢᠨ ᠥᠨᠳᠡᠶᠢᠬᠦ ᠳᠤ | ᠨᠤᠲᠤᠭ ᠤᠰᠤᠨ ᠤ ᠮᠠᠨᠢ ᠪᠤᠭᠤᠷᠤᠯᠴᠤᠳ ︽ᠦᠢᠯᠡᠰ ᠤᠨ ᠰᠠᠶᠢᠬᠠᠨ ᠳᠠᠭᠠᠨ ᠵᠢᠷᠭᠠᠭᠠᠷᠠᠢ︕︾ ᠭᠡᠵᠦ ᠰᠠᠴᠤᠯᠢ | ᠡᠷᠭᠦᠨ ᠰᠢᠪᠡᠨᠡᠩᠬᠡᠨ ᠪᠠᠶᠢᠪᠠ᠃ | |