ᠡᠬᠡ ᠣᠷᠣᠨ ᠳᠠᠭᠠᠨ ᠡᠷᠭᠦᠬᠦ ᠲᠠᠩᠭᠠᠷᠢᠭ
ᠨᠡᠶᠢᠲᠡᠯᠡᠭᠰᠡᠨ ᠴᠠᠭ᠄
2024/9/19
     ᠫᠠᠷᠢᠰ ᠤᠨ ᠣᠯᠢᠮᠫᠢᠺ ᠤᠨ ᠲᠠᠮᠢᠷ ᠤᠨ ᠴᠤᠭᠯᠠᠭᠠᠨ ᠲᠦᠷᠦᠭᠦᠬᠡᠨ ᠪᠣᠯᠵᠤ ᠥᠩᠭᠡᠷᠡᠭᠰᠡᠨ ᠪᠤᠯᠪᠠᠴᠤ ᠰᠦᠯᠳᠡ ᠤᠯᠠᠭᠠᠨ ᠲᠤᠭ ᠢᠶᠠᠨ ᠲᠡᠷᠢᠭᠦᠨ ᠳᠡᠭᠡᠷ᠎ᠡ ᠪᠠᠨ ᠡᠷᠭᠦᠵᠦ᠂ ᠲᠠᠯᠠᠪᠠᠢ ᠲᠣᠭᠤᠷᠢᠨ ᠢᠯᠠᠯᠲᠠ ᠪᠠᠨ ᠪᠡᠯᠭᠡᠯᠡᠵᠦ ᠪᠠᠶᠢᠭ᠎ᠠ ᠠᠭᠤᠤ ᠡᠬᠡ ᠤᠯᠤᠰ ᠤᠨ ᠮᠢᠨᠢ ᠡᠷᠡᠯᠬᠡᠭ ᠨᠢᠭᠡᠨ ᠥᠬᠢᠨ ᠰᠡᠳᠬᠢᠯ ᠤᠨ ᠬᠥᠪᠴᠢ ᠶᠢ  ᠳᠣᠷᠭᠢᠭᠤᠯᠤᠭᠰᠠᠭᠠᠷ ᠪᠠᠶᠢᠯ᠎ᠠ᠃ ᠨᠢᠵᠢᠭᠢᠨᠡᠲᠡᠯ᠎ᠡ ᠠᠯᠠᠭ᠎ᠠ ᠲᠠᠰᠢᠬᠤ ᠦᠵᠡᠭᠴᠢ ᠲᠦᠮᠡᠨ ᠳᠡᠭᠡᠨ ᠪᠠᠶᠠᠷ ᠲᠠᠯᠠᠷᠬᠠᠯ ᠢᠶᠠᠨ ᠳᠡᠪᠰᠢᠭᠦᠯᠵᠦ ᠪᠠᠶᠢᠭ᠎ᠠ ᠲᠠᠮᠢᠷᠴᠢᠨ ᠥᠬᠢᠨ ᠤ ᠵᠢᠪᠬᠤᠭ᠎ᠠ ᠲᠡᠭᠦᠯᠳᠡᠷ ᠠᠯᠬᠤᠭ᠎ᠠ ᠶᠢ ᠬᠠᠷᠠᠬᠤ ᠠᠴᠠ ᠡᠨᠡᠬᠡᠨ ᠶᠢᠷᠲᠢᠨᠴᠦ ᠳᠤ ᠬᠥᠮᠥᠨ ᠪᠣᠯᠵᠤ ᠲᠥᠷᠥᠭᠡᠳ ᠡᠬᠡ ᠤᠯᠤᠰ ᠤᠨ ᠢᠶᠠᠨ ᠥᠩᠭᠡ ᠭᠡᠷᠡᠯ ᠢ ᠳᠡᠯᠡᠬᠡᠢ ᠶᠢᠨ ᠲᠠᠶᠢᠰᠠᠨ᠎ᠠ ᠮᠠᠨᠳᠤᠭᠤᠯᠬᠤ ᠠᠴᠠ ᠥᠭᠡᠷ᠎ᠡ ᠶᠠᠮᠠᠷᠬᠠᠨ ᠶᠡᠭᠡ ᠢᠷᠠᠭᠤ ᠠᠯᠳᠠᠷ ᠪᠠᠶᠢᠬᠤ ᠪᠤᠢ ᠳ᠋ᠠ ᠬᠡᠮᠡᠨ ᠠᠬᠢᠨ ᠲᠠᠭᠢᠠ ᠳᠣᠭᠳᠣᠯᠵᠤ ᠯᠡ ᠶᠠᠪᠤᠭᠰᠠᠨ ᠠ᠋᠃      ᠳᠡᠯᠡᠬᠡᠢ ᠶᠢᠨ ᠲᠣᠣᠷ ᠪᠥᠮᠪᠦᠭᠡ ᠶᠢᠨ ᠲᠡᠦᠬᠡᠨ ᠳᠤ ᠠᠽᠢᠶ᠎ᠠ ᠶᠢᠨ ᠠᠩᠬᠠᠨ ᠤ ᠲᠡᠷᠢᠭᠦᠨ ᠪᠣᠯᠤᠭᠰᠠᠨ ᠲᠤᠮᠳᠠᠳᠤ ᠶᠢᠨ ᠵᠧᠩ ᠰᠢᠨ ᠸᠧᠨ ᠥᠬᠢᠨ ᠮᠢᠲᠠᠷᠠᠰᠢ ᠦᠭᠡᠢ ᠬᠠᠯᠠᠭᠤᠨ ᠵᠣᠷᠢᠭ᠂ ᠤᠷᠠᠨ ᠰᠠᠮᠪᠠᠭ᠎ᠠ᠂ ᠤᠬᠠᠭᠠᠯᠢᠭ ᠮᠡᠷᠭᠡᠵᠢᠯ ᠢᠶᠠᠷ ᠬᠦᠴᠦᠷᠬᠡᠭ ᠡᠲᠡᠭᠡᠳ ᠢᠶᠠᠨ ᠮᠣᠬᠤᠭᠠᠨ ᠢᠯᠠᠵᠤ᠂ ᠡᠬᠡ ᠤᠯᠤᠰ ᠤᠨ ᠢᠶᠠᠨ ᠢᠯᠠᠭᠳᠠᠰᠢ ᠦᠭᠡᠢ ᠰᠦᠷ ᠬᠦᠴᠦᠨ ᠢ ᠲᠦᠮᠡᠨ ᠳᠤ ᠲᠤᠩᠬᠠᠭᠯᠠᠵᠠᠢ᠃ ᠲᠥᠷᠤ ᠭᠦᠷᠥᠠ ᠤ ᠪᠠᠨ ᠥᠩᠭᠡ ᠭᠡᠷᠡᠯ᠂ ᠢᠷᠠᠭᠤ ᠠᠯᠳᠠᠷ ᠢ ᠲᠥᠯᠥᠭᠡᠯᠡᠵᠦ ᠪᠠᠶᠢᠭ᠎ᠠ ᠡᠶᠢᠮᠦᠷᠬᠦᠦ ᠣᠮᠣᠭᠲᠤ ᠥᠬᠢᠳ ᠵᠣᠷᠢᠭᠲᠤ ᠬᠥᠪᠡᠭᠦᠳ ᠣᠯᠢᠮᠫᠢᠺ ᠤᠨ ᠥᠨᠳᠥᠷ ᠲᠠᠶᠢᠰᠠᠨ ᠳᠡᠭᠡᠷ᠎ᠡ ᠠᠯᠳᠠ ᠮᠥᠩᠭᠦᠨ ᠮᠧᠳᠠᠯ ᠢ ᠪᠡᠶ᠎ᠡ ᠮᠡᠬᠦᠶᠢᠨ ᠲᠤᠰᠬᠤ ᠪᠦᠷᠢ ᠲᠠᠪᠤᠨ ᠣᠳᠣᠲᠤ ᠤᠯᠠᠭᠠᠨ ᠲᠤᠭ ᠬᠠᠷᠢ ᠶᠢᠨ ᠠᠭᠠᠷ ᠳᠡᠭᠡᠷ᠎ᠡ ᠣᠮᠣᠭᠲᠠᠶᠢᠬᠠᠨ ᠨᠠᠮᠢᠷᠠᠵᠤ᠂ ᠤᠯᠤᠰ ᠤᠨ ᠰᠦᠯᠳᠡ ᠳᠠᠭᠤᠤ ᠶᠢᠨ ᠵᠢᠪᠬᠤᠯᠠᠩᠲᠤ ᠡᠭᠡᠰᠢᠭ ᠬᠤᠷᠸ᠎ᠠ ᠶᠢᠨ ᠰᠣᠨᠣᠷ ᠲᠤ ᠴᠤᠤᠷᠢᠶᠠᠲᠤᠨ᠎ᠠ᠃      ᠬᠦᠴᠦᠷᠬᠡᠭ ᠲᠥᠷᠤ ᠮᠠᠨᠢ ᠬᠠᠨ ᠳᠡᠯᠡᠬᠡᠢ ᠶᠢᠨ ᠡᠩᠨᠡᠭᠡᠨ ᠳᠤ ᠬᠤᠰᠢᠭᠤᠷᠠᠨ ᠴᠣᠯᠭᠤᠷᠠᠵᠠᠢ᠃ ᠬᠠᠷᠠᠬᠤ ᠦᠭᠡᠢ ᠤᠤ᠂ ᠣᠯᠢᠮᠫᠢᠺ ᠤᠨ ᠲᠠᠶᠢᠰᠠᠨ ᠳᠡᠭᠡᠷ᠎ᠡ ᠭᠠᠳᠠᠭᠠᠳᠤ ᠶᠢᠨ ᠲᠠᠭᠤᠴᠢᠳ ᠭᠦᠷᠳᠡᠯ᠎ᠡ ᠲᠤᠮᠳᠠᠳᠤ ᠶᠢᠨ ᠳᠠᠭᠤᠤ ᠶᠢ ᠤᠷᠮ᠎ᠠ ᠲᠡᠭᠦᠯᠳᠡᠷ ᠳᠠᠭᠤᠯᠠᠵᠠᠭᠠᠨ᠂ ᠰᠣᠶᠣᠯ ᠤᠨ ᠭᠠᠶᠢᠬᠠᠮᠰᠢᠭ ᠢ ᠪᠦᠲᠦᠭᠡᠭᠰᠡᠨ ᠲᠠᠮᠢᠷ ᠤᠷᠠᠯᠢᠭ ᠢ ᠨᠢ ᠪᠢᠰᠢᠷᠡᠨ ᠪᠠᠭ᠋ᠠᠳᠤᠵᠤ ᠪᠤᠢ᠃ ᠰᠠᠨᠰᠠᠷ ᠠᠴᠠ ᠴᠠᠭᠢᠯᠤᠠ ᠪᠠᠭᠤᠬᠤ ᠰᠠᠮᠪᠠᠭᠠᠲᠤ ᠴᠣᠯᠭᠢᠨ ᠴᠠᠬᠤᠯᠠᠢ ᠮᠡᠲᠦ ᠪᠠᠷ ᠤᠰᠤᠠ ᠲᠦᠰᠦᠷᠭᠡ ᠨᠢᠭᠤᠵᠤ ᠴᠢᠳᠠᠳᠠᠭ ᠠᠪᠢᠶᠠᠰᠯᠢᠭ ᠬᠥᠭᠡᠷᠦᠬᠦᠨ ᠴᠢᠤᠸᠠᠨ ᠬᠤᠩ ᠴᠠᠨ ᠥᠬᠢᠨ ᠴᠤ ᠰᠦᠯᠵᠢᠶᠡᠨ ᠬᠡᠷᠡᠯᠳᠦ ᠤᠳᠤᠠ ᠪᠣᠯᠵᠤ ᠪᠤᠢ᠃ ᠭᠦᠶᠦᠯᠲᠡ ᠶᠢᠨ ᠱᠤᠭᠤᠮ ᠳᠡᠭᠡᠭᠦᠷ ᠪᠤᠯᠴᠢᠩ ᠰᠢᠷᠪᠦᠰᠦ ᠵᠠᠩᠭᠢᠷᠠᠭᠤᠯᠤᠨ᠂ ᠲᠥᠪᠥᠩᠬᠡᠢ ᠭᠦᠳᠦᠯᠵᠡᠭᠦᠯᠦᠨ ᠲᠡᠮᠡᠴᠡᠭᠡ ᠲᠡᠳᠡᠭᠡᠷ ᠲᠠᠮᠢᠷᠴᠢᠳ ᠮᠠᠨᠢ ᠴᠤ︽ᠡᠬᠡ ᠤᠯᠤᠰ︾ ᠬᠡᠮᠡᠬᠦ ᠬᠤᠶᠠᠷᠬᠠᠨ ᠦᠭᠡᠨ ᠠᠴᠠ ᠡᠷᠴᠢ ᠡᠨᠧᠷᠭᠢ ᠠᠪᠤᠨ ᠡᠷᠡᠯᠬᠡᠭ ᠪᠦᠷᠭᠦᠳ ᠮᠡᠲᠦ ᠳᠡᠭᠦᠯᠢᠵᠦ ᠪᠤᠢ᠃      ᠭᠠᠭᠴᠠ ᠲᠠᠮᠢᠷ ᠤᠷᠠᠯᠢᠭ ᠴᠤ ᠪᠢᠰᠢ᠂ ᠠᠵᠤ ᠠᠬᠤᠢ᠂ ᠰᠢᠨᠵᠢᠯᠡᠭᠡ ᠮᠡᠷᠭᠡᠵᠢᠯ᠂ ᠠᠷᠠᠳ ᠲᠦᠮᠡᠨ ᠤ ᠬᠢᠨᠢ ᠨᠢᠭᠲᠠᠷᠠᠯ ᠪᠦᠯᠬᠦᠮᠳᠡᠯ᠂ ᠳᠤᠤᠭᠠᠷᠪᠠᠯ ᠲᠠᠭᠤᠠ ᠨᠢᠭᠡᠲᠡᠢ᠂ ᠳᠤᠭᠲᠤᠷᠪᠠᠯ ᠬᠦᠴᠦᠨ ᠨᠢᠭᠡᠲᠡᠢ ᠪᠠᠲᠤ ᠵᠢᠭᠰᠠᠭᠠᠯ ᠤᠨ ᠡᠩᠨᠡᠭᠡ ᠡᠨᠡᠬᠡᠨ ᠠᠽᠢᠶ᠎ᠠ ᠶᠢᠨ ᠡᠯᠢᠭᠡᠨ ᠳᠤ ᠠᠰᠠᠨ ᠪᠠᠳᠠᠷᠠᠵᠤ ᠪᠠᠶᠢᠭ᠎ᠠ ᠶᠤᠮ ᠠᠵᠢ᠃ ᠴᠡᠩᠬᠡᠷᠲᠦᠨ ᠪᠢᠠᠳᠤᠷᠶᠠᠳᠤᠬᠰᠠᠠ ᠴᠡᠯᠮᠡᠭ ᠲᠡᠭᠷᠢ ᠶᠢᠨ ᠳᠣᠣᠷ᠎ᠠ ᠰᠦᠷᠯᠢᠭ ᠥᠨᠳᠥᠷ ᠠᠭᠤᠯᠠ ᠬᠠᠶᠢᠷᠬᠠᠨ ᠨᠤᠭᠤᠳ ᠤᠨᠢᠶᠠᠷ ᠬᠦᠳᠡᠩ ᠤᠨ ᠳᠤᠮᠳᠠ ᠰᠦᠭᠯᠡᠶᠢᠨ ᠰᠦᠨᠳᠡᠷᠯᠡᠵᠦ᠂ ᠴᠢᠨ ᠱᠢ ᠬᠤᠸᠠᠩ ᠤᠨ ᠴᠡᠷᠢᠭ ᠮᠣᠷᠢᠨ ᠵᠢᠭᠰᠠᠭᠠᠯ ᠠᠴᠠ ᠡᠬᠢᠯᠡᠨ ᠲᠦᠮᠡᠨ ᠭᠠᠵᠠᠷ ᠤᠨ ᠤᠷᠳᠤ ᠴᠠᠭᠠᠨ ᠬᠡᠷᠡᠮ᠂ ᠪᠢᠰᠢᠷᠡᠯ ᠭᠠᠶᠢᠬᠠᠯ ᠲᠥᠷᠥᠭᠦᠯᠳᠡᠭ ᠪᠤᠳᠠᠯᠠᠩ ᠣᠷᠣᠨ …… ᠵᠡᠷᠭᠡ  ᠨᠢ ᠬᠡᠳᠦᠨ ᠮᠢᠩᠭᠠᠨ ᠵᠢᠯ ᠤᠨ ᠲᠡᠦᠬᠡ ᠰᠣᠶᠣᠯ ᠲᠠᠢ ᠠᠭᠤᠤ ᠲᠤᠮᠳᠠᠳᠤ ᠶᠢᠨ ᠠᠩᠬᠠᠨ ᠤ ᠭᠠᠶᠢᠬᠠᠮᠰᠢᠭ ᠢ ᠥᠭᠦᠯᠡᠨᠡᠮ᠃ ᠬᠥᠬᠡ ᠮᠥᠷᠡᠨ᠂ ᠬᠠᠳᠤᠠ ᠭᠤᠣᠯ᠂ ᠬᠥᠳᠡᠭᠡ ᠬᠡᠭᠡᠷ᠎ᠡ ᠶᠢᠨ ᠰᠡᠷᠮᠡᠭᠦᠨ ᠰᠠᠯᠬᠢ᠂ ᠬᠢᠶᠠᠭ ᠡᠪᠡᠰᠦ ᠨᠢ ᠭᠦᠷᠳᠡᠯ᠎ᠡ ᠲᠠᠩᠰᠤᠭ ᠪᠠᠶᠢᠭᠠᠯᠢ ᠶᠢᠨ ᠢᠶᠠᠨ ᠣᠷᠴᠢᠯ ᠵᠤᠷᠰᠢᠯ ᠢᠶᠠᠷ ᠡᠬᠡ ᠲᠤᠮᠳᠠᠳᠤ ᠶᠢᠨ ᠢᠶᠠᠨ ᠡᠯᠢᠭᠡᠨ ᠰᠤᠳᠠᠰᠤ ᠨᠢ ᠪᠣᠯᠵᠤ ᠤᠴᠢᠷᠲᠠᠶᠢᠬᠠᠨ ᠣᠷᠣᠰᠢᠨᠠᠮ᠃ ᠠᠭᠤᠯᠠᠨ ᠤ ᠡᠩᠭᠡᠷ᠂ ᠤᠰᠤᠠ ᠤ ᠭᠦᠪᠡᠭᠡ᠂ ᠲᠠᠯ᠎ᠠ ᠶᠢᠨ ᠭᠦᠨ᠂ ᠭᠤᠪᠢ ᠶᠢᠨ ᠪᠣᠯᠴᠣᠭᠤᠷ ᠲᠤ ᠲᠠᠷᠬᠠᠠ ᠰᠠᠭᠤᠷᠢᠰᠢᠵᠤ ᠪᠦᠬᠦᠢ ᠲᠦᠮᠡᠨ ᠠᠷᠠᠳ ᠤᠨ ᠬᠢᠨᠢ ᠲᠦᠭᠰᠢᠬᠦ ᠵᠢᠷᠦᠬᠡ ᠨᠢ ᠴᠤ ᠡᠬᠡ ᠤᠯᠤᠰ ᠤᠨ ᠢᠶᠠᠨ ᠡᠯᠢᠭᠡᠨ ᠰᠤᠳᠠᠰᠤ ᠯᠤᠭ᠎ᠠ ᠥᠨᠢᠳᠡ ᠬᠤᠯᠪᠣᠯᠳᠤᠵᠤ ᠴᠣᠬᠢᠯᠠᠨᠠᠮ᠃      ᠨᠠᠭᠤᠷ ᠠᠮᠤᠭᠤᠯᠠᠩ ᠪᠣᠯ ᠨᠤᠭᠤᠰᠤ ᠠᠮᠤᠭᠤᠯᠠᠩ᠂ ᠲᠥᠷᠤ ᠲᠦᠪᠰᠢᠨ ᠪᠣᠯ ᠲᠦᠮᠡᠨ ᠠᠷᠠᠳ ᠨᠢ ᠲᠠᠶᠢᠪᠤᠩ ᠰᠢᠤ ᠳ᠋ᠠ᠃ ᠡᠬᠡ ᠣᠷᠣᠨ ᠬᠡᠮᠡᠬᠦ ᠪᠠᠲᠤ ᠬᠠᠭᠠᠯᠭ᠎ᠠ᠂ ᠡᠭᠡᠯ ᠲᠦᠮᠡᠨ ᠢᠶᠠᠨ ᠰᠠᠬᠢᠨ ᠬᠠᠮᠠᠭᠠᠯᠠᠵᠤ ᠪᠠᠶᠢᠭ᠎ᠠ ᠪᠣᠯᠬᠤᠷ ᠠᠵᠠ ᠵᠢᠷᠭᠠᠯ ᠤᠨ ᠡᠭᠡᠰᠢᠭ ᠳᠠᠭᠤᠤ ᠠᠯᠢᠬᠠᠨ ᠨᠤᠲᠤᠭ ᠠᠴᠠ ᠴᠤ ᠬᠠᠩᠭᠢᠨᠠᠬᠤ ᠳᠤ ᠲᠥᠷᠤ ᠶᠢᠨ ᠠᠯᠳᠠᠠ ᠲᠢᠲᠢᠮ ᠢᠶᠠᠨ ᠲᠡᠳᠬᠦᠨ ᠡᠷᠭᠦᠵᠦ ᠶᠠᠪᠤᠬᠤ ᠲᠥᠭᠡ ᠴᠢᠨᠡᠭᠡ ᠦᠷᠡᠰ ᠤᠨ ᠢᠶᠠᠨ ᠳᠦᠷᠡᠯᠵᠡᠮ᠎ᠡ ᠬᠠᠯᠠᠭᠤᠨ ᠬᠦᠰᠡᠯ ᠵᠣᠷᠢᠭ ᠲᠤᠨᠢ ᠡᠩᠬᠡ ᠲᠥᠷᠤ ᠨᠢ ᠴᠤ ᠠᠭᠤᠵᠢᠷᠠᠨ ᠲᠠᠶᠢᠪᠤᠰᠢᠷᠠᠳᠠᠭ ᠶᠤᠮ᠃ ᠡᠨᠡ ᠲᠤᠬᠠᠢ ᠶᠠᠷᠢᠬᠤ ᠳᠤ ᠡᠭᠡᠯ ᠠᠮᠢᠳᠤᠷᠠᠯ ᠤᠨ ᠥᠴᠥᠬᠡᠨ ᠲᠡᠳᠦᠢ ᠦᠵᠡᠭᠳᠡᠯ ᠴᠤ ᠶᠠᠭᠤ ᠨᠢᠭᠡ ᠶᠢ ᠢᠯᠡᠭᠡᠡ ᠲᠤᠰᠬᠠᠳᠠᠭ ᠪᠢᠯᠡ᠃ ᠰᠠᠶ᠋ᠢᠬᠠᠨ ᠥᠩᠭᠡᠷᠡᠭᠰᠡᠨ ᠵᠤᠨ ᠤ ᠠᠮᠠᠷᠠᠯᠲᠠ ᠶᠢ ᠤᠴᠢᠷᠯᠠᠵᠤ ᠶᠠᠷᠢᠬᠤ ᠳᠤ ᠬᠦᠦ ᠮᠢᠨᠢ︽ᠤᠯᠠᠭᠠᠨ ᠤᠳᠤ ᠲᠤᠮᠳᠠᠳᠤ ᠶᠢ ᠭᠡᠷᠡᠯᠳᠤᠭᠦᠯᠥᠨ᠎ᠡ︾ ᠬᠡᠮᠡᠬᠦ ᠨᠣᠮ ᠢ ᠰᠦᠯᠵᠢᠶᠡᠨ ᠳᠡᠭᠡᠷ᠎ᠡ ᠠᠴᠠ ᠬᠤᠳᠠᠯᠳᠤᠨ ᠠᠪᠴᠠᠢ᠃ ᠶᠡᠷᠦ ᠳᠡᠭᠡᠨ ᠬᠢᠴᠢᠶᠡᠯ ᠤᠨ ᠭᠠᠳᠠᠨᠠᠬᠢ ᠨᠣᠮ ᠤᠩᠰᠢᠨ᠎ᠠ ᠭᠡᠪᠡᠯ ᠬᠤᠶᠢᠰᠢ ᠰᠠᠭᠤᠵᠤ ᠪᠠᠶᠢᠳᠠᠭ ᠬᠦᠦ ᠮᠠᠨᠢ ᠭᠠᠷ ᠤᠲᠠᠰᠤ ᠪᠠᠨ ᠲᠦᠯᠬᠢᠵᠦ ᠤᠷᠭᠢᠴᠢᠬᠠᠭᠠᠳ ᠭᠤᠷᠪᠠᠨ ᠵᠠᠭᠤ ᠭᠠᠷᠤᠢ ᠨᠢᠭᠤᠷ ᠲᠠᠢ ᠨᠣᠮ ᠢ ᠨᠢᠭᠡᠯᠡ ᠭᠠᠷᠠᠭ ᠤᠨ ᠬᠤᠭᠤᠴᠠᠭᠠᠨ ᠳᠤ ᠤᠩᠰᠢᠭᠠᠳ ᠪᠠᠷᠠᠭᠠᠴᠢᠬᠠᠬᠰᠠᠠ ᠪᠠᠶᠢᠯ᠎ᠠ᠃ ᠢᠩᠭᠢᠵᠦ ᠤᠩᠰᠢᠭᠰᠠᠨ ᠨᠢ ᠶᠠᠮᠠᠷᠬᠠᠨ ᠶᠡᠭᠡ ᠰᠢᠳᠢᠲᠦ ᠬᠦᠴᠦᠨ ᠳᠤ ᠨᠥᠯᠥᠭᠡᠯᠡᠭᠳᠡᠪᠡ ᠳ᠋ᠠ ᠭᠡᠵᠦ ᠠᠰᠠᠭᠤᠬᠤ ᠳᠤ ᠬᠦᠦ ᠮᠢᠨᠢ︽ᠮᠠᠨ ᠤ ᠲᠤᠮᠳᠠᠳᠤ ᠶᠢᠨ ᠬᠤᠪᠢᠰᠬᠠᠯᠲᠤ ᠲᠡᠦᠬᠡ ᠶᠢ ᠭᠠᠳᠠᠭᠠᠳᠤ ᠶᠢᠨ ᠵᠣᠬᠢᠶᠠᠭᠴᠢ ᠪᠠᠶᠢᠲᠠᠯ᠎ᠠ ᠡᠶᠢᠮᠦ ᠨᠠᠷᠢᠯᠢᠭ ᠰᠠᠶᠢᠬᠠᠨ᠂ ᠠᠮᠢᠳᠤᠯᠢᠭ ᠪᠣᠳᠠᠲᠠᠢ ᠪᠢᠴᠢᠭᠰᠡᠨ ᠪᠠᠶᠢᠬᠤ ᠳᠤ ᠪᠢᠳᠡ ᠡᠬᠡ ᠤᠯᠤᠰ ᠤᠨ ᠢᠶᠠᠨ ᠬᠠᠲᠠᠭᠤ ᠪᠡᠷᠬᠡᠰᠢᠶᠡᠯᠲᠦ ᠲᠡᠦᠬᠡ ᠶᠢ ᠥᠭᠡᠷ᠎ᠡ ᠨᠢᠭᠡᠨ ᠬᠠᠷᠠᠭᠠᠰᠤ ᠠᠴᠠ ᠤᠩᠰᠢᠨ ᠣᠶᠢᠯᠠᠭᠠᠬᠤ ᠴᠢᠬᠤᠯᠠ ᠲᠠᠢ ᠪᠢᠰᠢᠦ︕︾ ᠭᠡᠯ᠎ᠡ᠃ ᠬᠦᠦ ᠮᠢᠨᠢ ᠵᠥᠪ ᠶᠠᠭᠤᠮ᠎ᠠ ᠬᠡᠯᠡᠯ᠎ᠡ᠃ ᠵᠥᠪᠭᠡᠡ ᠤᠩᠰᠢᠨ ᠣᠶᠢᠯᠠᠭᠠᠭᠠᠳ ᠪᠤᠯᠬᠤ ᠶᠤᠮ ᠪᠢᠰᠢ᠂ ᠬᠠᠷᠢᠨ ᠠᠮᠧᠷᠢᠺᠠ ᠶᠢᠨ ᠵᠣᠬᠢᠶᠠᠯᠴᠢ ᠶᠢᠨ ᠡᠨᠡ ᠬᠦ ᠲᠤᠷᠪᠢᠳᠤ ᠪᠦᠲᠦᠭᠡᠯ ᠤᠨ ᠬᠤᠯᠠ ᠴᠠᠭᠠᠨᠠᠬᠢ ᠤᠳᠬ᠎ᠠ ᠰᠠᠨᠠᠭ᠎ᠠ ᠶᠢ ᠣᠶᠢᠯᠠᠭᠠᠵᠤ ᠲᠤᠬᠠᠢ ᠶᠢᠨ ᠦᠶ᠎ᠡ ᠶᠢᠨ ᠬᠤᠪᠢᠰᠬᠠᠯᠲᠤ ᠵᠣᠷᠢᠭ ᠰᠠᠨᠠᠭ᠎ᠠ ᠶᠢ ᠥᠨᠥ ᠶᠢᠨ ᠰᠤᠷᠤᠯᠭ᠎ᠠ ᠠᠮᠢᠳᠤᠷᠠᠯ ᠳᠠᠭᠠᠨ ᠢᠳᠡᠭᠡᠰᠢᠭᠦᠯᠦᠨ ᠬᠡᠷᠡᠭᠵᠢᠭᠦᠯᠬᠦ ᠬᠡᠷᠡᠭᠲᠡᠢ ᠰᠢᠤ ᠳ᠋ᠠ ᠭᠡᠵᠦ ᠪᠢ ᠬᠦᠦ  ᠪᠠᠨ ᠰᠤᠷᠭᠠᠭᠰᠠᠨ ᠪᠥᠭᠡᠳ ᠥᠪᠡᠷ ᠤᠨ ᠦᠵᠡᠯᠲᠡ ᠪᠠᠨ ᠴᠦ ᠬᠦᠦ ᠲᠠᠢ ᠪᠠᠨ ᠬᠤᠪᠢᠶᠠᠯᠴᠠᠭᠰᠠᠨ ᠶᠤᠮ᠃ ᠮᠡᠳᠡᠭᠡᠵᠢ᠂ ᠠᠮᠢᠳᠤᠷᠠᠯ ᠳᠤᠮᠳᠠ ᠮᠠᠰᠢ ᠤᠯᠠᠠ ᠶᠠᠭᠤᠮ᠎ᠠ ᠥᠭᠡᠷᠡᠲᠦᠨ ᠬᠤᠪᠢᠷᠠᠭᠰᠠᠭᠠᠷ ᠪᠠᠶᠢᠬᠤ ᠳᠤ ᠲᠦᠮᠡ ᠪᠤᠮᠠᠨ ᠬᠦᠴᠢᠷ ᠪᠡᠷᠬᠡᠰᠢᠶᠡᠯ ᠢ ᠲᠠᠪᠠᠠ ᠲᠤᠭᠤᠯᠵᠤ ᠪᠠᠶᠢᠭᠰᠠᠨ ᠬᠤᠪᠢᠰᠬᠠᠯᠴᠢ ᠪᠠᠭᠠᠲᠤᠷᠴᠤᠳ ᠤᠨ ᠮᠢᠨᠢ ᠭᠡᠷᠡᠯ ᠰᠠᠴᠤᠷᠠᠩᠭᠤᠢ ᠤᠯᠠ ᠮᠥᠷ ᠨᠢ ᠦᠦᠭᠡ ᠲᠡᠦᠬᠡ ᠶᠢᠨ ᠤᠯᠠᠮᠵᠢᠯᠠᠯ ᠪᠣᠯᠵᠤ᠂ ᠵᠠᠯᠭᠠᠮᠵᠢ ᠬᠤᠶᠢᠴᠢᠰ ᠲᠠᠭᠠᠨ ᠡᠷᠴᠢ ᠬᠦᠴᠦ ᠥᠭᠭᠦᠨ᠂ ᠵᠣᠷᠢᠭ ᠰᠠᠨᠠᠭ᠎ᠠ ᠶᠢ ᠨᠢ ᠳᠠᠪᠲᠠᠨ ᠪᠣᠯᠪᠠᠰᠤᠷᠠᠭᠤᠯᠤᠭᠰᠠᠭᠠᠷ ᠪᠠᠶᠢᠭ᠎ᠠ ᠠᠵᠢ᠃      ᠥᠰᠦᠭᠰᠡᠨ ᠲᠥᠷᠥᠭᠰᠡᠡ ᠨᠤᠲᠤᠭ ᠠᠴᠠ ᠪᠠᠨ ᠰᠠᠯᠵᠤ ᠪᠢᠳᠡ ᠥᠭᠡᠷ᠎ᠡ ᠨᠢᠭᠡᠨ ᠨᠤᠲᠤᠭ ᠲᠤ ᠬᠦᠷᠴᠦ ᠠᠵᠢᠯᠯᠠᠵᠤ ᠠᠮᠢᠳᠤᠷᠠᠬᠤ ᠳᠠᠭᠠᠨ ᠥᠪᠡᠷ ᠤᠨ ᠨᠤᠲᠤᠭ ᠤᠨ ᠢᠶᠠᠨ ᠠᠶᠠᠭ᠎ᠠ ᠴᠠᠢ᠂ ᠠᠳᠬᠤ ᠠᠮᠤ ᠶᠢ ᠴᠤ ᠲᠡᠰᠬᠡᠯ ᠦᠭᠡᠢ ᠮᠥᠷᠥᠭᠡᠳᠦᠨ ᠰᠠᠨᠠᠵᠤ᠂ ᠨᠤᠲᠤᠭ ᠨᠢᠭᠡᠲᠡᠨ ᠢᠶᠠᠨ ᠦᠵᠡᠪᠡᠯ ᠡᠯᠢᠭᠡᠨ ᠰᠠᠳᠤᠠ ᠲᠠᠢ ᠪᠠᠨ ᠠᠭᠤᠯᠵᠠᠭᠰᠠᠨ ᠮᠡᠲᠦ ᠬᠢᠵᠠᠭᠠᠯᠠᠰᠢ ᠦᠭᠡᠢ ᠪᠠᠶᠠᠷᠯᠠᠨ ᠳᠣᠭᠳᠣᠯᠳᠠᠭ᠃ ᠮᠥᠨ ᠴᠤ ᠨᠤᠲᠤᠭ ᠤᠨ ᠢᠶᠠᠨ ᠲᠥᠯᠥᠭᠡ ᠶᠠᠭᠤ ᠨᠢᠭᠡ ᠬᠢᠮᠡᠷ ᠰᠠᠨᠠᠭᠳᠠᠨ᠂ ᠶᠠᠮᠠᠷᠬᠠᠨ ᠶᠡᠭᠡ ᠥᠷᠢ ᠲᠥᠯᠥᠭᠡᠰᠦᠨ ᠳᠤ ᠤᠨᠠᠪᠠ ᠳ᠋ᠠ ᠭᠡᠵᠦ ᠤᠶᠠᠷᠠᠯ ᠭᠠᠩᠰᠠᠷᠠᠯ ᠳᠤ ᠠᠪᠲᠠᠵᠤ ᠪᠠᠶᠢᠳᠠᠭ ᠨᠢ ᠭᠠᠳᠠᠭᠰᠢ ᠲᠡᠮᠡᠦᠯᠦᠭᠰᠡᠳ ᠤᠨ ᠶᠡᠷᠦ ᠲᠠᠶᠢᠪᠤᠰᠢᠷᠠᠵᠤ ᠴᠢᠳᠠᠰᠢ ᠦᠭᠡᠢ ᠡᠮᠵᠡᠭᠬᠡᠨ ᠰᠡᠳᠬᠢᠯᠭᠡ ᠨᠢ ᠶᠤᠮ ᠪᠢᠯᠡ᠃ ᠨᠤᠲᠤᠭᠴᠢ ᠰᠡᠳᠬᠢᠯᠭᠡ ᠬᠡᠮᠡᠭᠴᠢ ᠨᠢᠭᠡ ᠬᠥᠮᠥᠨ ᠢ ᠨᠠᠰᠤᠠ ᠲᠤᠷᠰᠢᠲᠠ ᠥᠷᠥ ᠵᠢᠷᠦᠬᠡ ᠶᠢ ᠨᠢ ᠲᠠᠲᠠᠵᠤ ᠲᠡᠶᠢᠯᠭᠦ ᠷᠢᠳᠢ ᠰᠢᠳᠢ ᠲᠠᠢ ᠶᠤᠮ ᠪᠣᠯ ᠡᠬᠡ ᠣᠷᠣᠨᠴᠢ ᠬᠠᠶᠢᠷ᠎ᠠ ᠰᠡᠳᠬᠢᠯᠭᠡ ᠶᠢ ᠨᠡᠩ ᠴᠤ ᠦᠭᠡ ᠭᠡᠯᠡ ᠪᠠᠷ ᠵᠦᠢᠷᠯᠡᠬᠦ ᠶᠢᠨ ᠠᠷᠭ᠎ᠠ ᠦᠭᠡᠢ ᠪᠠᠶᠢᠳᠠᠭ᠃ ᠮᠢᠨᠤ ᠨᠢᠭᠡ ᠨᠠᠶᠢᠵᠠ ᠭᠠᠳᠠᠭᠠᠳᠤ ᠳᠤ ᠭᠤᠷᠪᠠᠨ ᠵᠢᠯ ᠰᠤᠷᠤᠯᠴᠠᠭᠠᠳ ᠦᠰᠦ ᠭᠡᠵᠢᠭᠡ ᠨᠢ ᠣᠷᠣᠢ ᠠᠴᠠ ᠪᠠᠨ ᠬᠠᠯᠴᠠᠭᠠᠶᠢᠷᠠᠵᠤ ᠤᠷᠭᠢᠬᠰᠠᠠ ᠢ ᠨᠢ ᠪᠢ ᠬᠠᠷᠠᠭᠠᠳ᠂︽ᠥᠷᠭᠡᠨ ᠮᠡᠳᠡᠯᠭᠡ ᠰᠤᠷᠤᠭᠠᠳ ᠡᠨᠡ ᠶᠤᠮ ᠤᠤ︖︾ ᠭᠡᠵᠦ ᠭᠠᠶᠢᠬᠠᠪᠠᠯ︽ᠤᠰᠤ ᠰᠢᠷᠣᠢ ᠲᠠᠢ ᠨᠢ ᠠᠶᠠᠯᠳᠤᠭ᠎ᠠ ᠦᠭᠡᠢ ᠠᠴᠠ ᠪᠣᠯᠤᠭᠰᠠᠨ ᠰᠢᠤ᠃ ᠭᠠᠭᠴᠠᠭᠠᠷᠳᠠᠬᠤ ᠪᠦᠷᠢ ᠡᠬᠡ ᠤᠯᠤᠰ ᠮᠢᠨᠢ ᠭᠡᠵᠦ ᠳᠠᠭᠤᠯᠠᠳᠠᠭ ᠯᠡ ᠪᠠᠶᠢᠭᠰᠠᠨ……︾ ᠭᠡᠬᠦ ᠳᠤᠨᠢ ᠨᠢᠳᠦᠨ ᠳᠤᠨᠢ ᠲᠥᠪ ᠳᠦᠭᠦᠷᠡᠩ ᠨᠢᠯᠪᠤᠰᠤ ᠮᠡᠯᠲᠡᠭᠡᠨᠡᠵᠦ ᠪᠠᠶᠢᠯ᠎ᠠ᠃      ᠲᠡᠶᠢᠮᠤ ᠠ᠋᠂ ᠡᠬᠡ ᠨᠤᠲᠤᠭ ᠪᠣᠯ ᠪᠠᠭ᠎ᠠ ᠲᠣᠭᠤᠷᠢᠭ᠂ ᠡᠬᠡ ᠤᠯᠤᠰ ᠪᠣᠯ ᠬᠠᠷᠢᠨ ᠶᠡᠭᠡ ᠲᠣᠭᠤᠷᠢᠭ ᠪᠢᠯᠡ᠃ ᠪᠢᠳᠡ ᠡᠨᠡ ᠬᠦ ᠶᠡᠭᠡ ᠲᠣᠭᠤᠷᠢᠭ ᠳᠣᠲᠣᠷ᠎ᠠ ᠪᠠᠨ ᠠᠨᠠᠷ ᠤᠨ ᠦᠷ᠎ᠡ ᠰᠢᠭ ᠨᠢᠭᠲᠠᠷᠠᠨ ᠪᠦᠯᠬᠦᠮᠳᠡᠬᠦ ᠨᠢ ᠵᠥᠪ᠃ ᠡᠬᠡ ᠤᠯᠤᠰ ᠲᠠᠭᠠᠨ ᠢᠷᠠᠭᠤ ᠠᠯᠳᠠᠷ ᠠᠪᠴᠢᠷᠠᠭ᠎ᠠ ᠲᠡᠳᠡᠭᠡᠷ ᠡᠷᠡᠯᠬᠡᠭ ᠪᠠᠶᠢᠯᠳᠤᠭᠴᠢᠳ᠂ ᠡᠷᠳᠡᠮᠲᠡᠨ ᠰᠢᠨᠵᠢᠯᠡᠭᠡᠲᠡᠨ᠂ ᠥᠷᠯᠥᠭ ᠲᠠᠮᠢᠷᠴᠢᠳ ……   ᠢᠶᠠᠨ ᠪᠢᠳᠡ ᠲᠦᠮᠡᠨ ᠠᠭᠲᠠ ᠶᠢᠨ ᠳᠤᠮᠳᠠ ᠠᠴᠠ ᠰᠤᠭᠤᠷᠠᠵᠤ ᠭᠠᠷᠤᠭᠰᠠᠨ ᠲᠥᠷᠥᠭᠦᠥ ᠠᠵᠢᠨᠠᠢ ᠬᠡᠮᠡᠨ ᠪᠠᠭ᠋ᠠᠳᠤᠨ ᠦᠨᠡᠯᠡᠨ᠎ᠡ᠃ ᠥᠷᠭᠡᠰᠦ ᠰᠣᠨᠳᠤᠤᠯᠠ ᠪᠦᠬᠦᠢ ᠠᠭᠤᠯᠠᠨ ᠵᠥᠷᠢᠭ ᠢ ᠥᠷᠭᠡᠨ ᠲᠠᠷᠳᠠᠩ ᠵᠠᠮ ᠪᠤᠯᠭᠠᠵᠤ ᠥᠭᠭᠦᠭᠡ ᠠᠭᠤᠤ ᠲᠤᠮᠳᠠᠳᠤ ᠶᠢᠨ ᠡᠷᠡᠯᠬᠡᠭ ᠬᠥᠪᠡᠭᠦᠳ ᠥᠬᠢᠳ ᠲᠡᠭᠡᠨ ᠪᠢᠳᠠ ᠪᠠᠶᠠᠷᠯᠠᠨ ᠲᠠᠯᠠᠷᠬᠠᠨᠠᠮ᠃ ᠡᠶᠢᠮᠦ ᠰᠠᠶᠢᠬᠠᠨ ᠰᠢᠯᠢᠳᠡᠭ ᠵᠠᠯᠭᠠᠮᠵᠢᠯᠠᠭᠴᠢ ᠪᠠᠨ ᠬᠥᠮᠥᠵᠢᠭᠦᠯᠵᠦ ᠪᠠᠶᠢᠭ᠎ᠠ ᠡᠬᠡ ᠤᠯᠤᠰ ᠤᠨ ᠢᠶᠠᠨ ᠭᠡᠭᠡᠡ ᠰᠦᠯᠳᠡ ᠳᠤ ᠪᠢᠳᠡ ᠬᠦᠨᠳᠦᠳᠬᠡᠯ ᠳᠡᠪᠰᠢᠭᠦᠯᠦᠨ ᠮᠡᠬᠦᠶᠢᠨᠡᠮ᠃ ᠥᠷᠨᠢᠨ ᠪᠠᠳᠠᠷᠠᠬᠤ ᠡᠬᠡ ᠤᠯᠤᠰ ᠮᠢᠨᠢ ᠡᠪᠦᠷ ᠲᠡᠭᠡᠨ ᠡᠩᠬᠦᠷᠡᠶᠢᠯᠡᠬᠦ ᠦᠷ᠎ᠡ ᠬᠡᠦᠬᠡᠳ ᠢᠶᠠᠨ ᠠᠯᠳᠠᠠ ᠨᠠᠷᠠᠠ ᠰᠢᠭ᠋ ᠢᠪᠡᠭᠡᠨ ᠭᠡᠷᠡᠯᠳᠥᠭᠦᠯᠭᠦ ᠨᠢ ᠢᠯᠡᠭᠦᠦ᠂ ᠠᠮᠤᠭᠤᠯᠠᠩ ᠵᠢᠷᠭᠠᠬᠤ ᠬᠥᠮᠥᠨ ᠠᠷᠠᠳ ᠨᠢ ᠪᠢᠳᠡ ᠠᠯᠢ ᠪᠦᠭᠦᠠ ᠢᠶᠠᠨ ᠵᠣᠷᠢᠭᠤᠯᠬᠤ ᠯᠡ ᠳᠤᠲᠠᠭᠤ᠃ ᠡᠶᠢᠮᠦ ᠶᠢᠨ ᠲᠤᠯᠠᠳᠠ ᠡᠬᠡ ᠤᠯᠤᠰ ᠤᠨ ᠢᠶᠠᠨ ᠦᠵᠡᠰᠬᠦᠯᠡᠩᠲᠦ ᠰᠠᠶᠢᠬᠠᠨ ᠢᠷᠡᠭᠡᠳᠦᠢ ᠶᠢᠨ ᠬᠥᠭᠵᠢᠯᠲᠡ ᠳᠤ ᠬᠦᠴᠦᠨ ᠢᠶᠠᠨ ᠡᠷᠭᠦᠬᠦ ᠠᠷᠢᠭᠤᠨ ᠲᠠᠩᠭᠠᠷᠢᠭ ᠢᠶᠠᠨ ᠳᠡᠪᠰᠢᠭᠦᠯᠵᠦ ᠪᠠᠶᠢᠨᠠᠮ︕
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号