ᠠᠳᠠᠯᠢ ᠪᠤᠰᠤ ᠬᠥᠮᠥᠰ ᠤᠨ ᠡᠮᠴᠢᠯᠡᠭᠡᠨ ᠤ ᠳᠠᠭᠠᠳᠬᠠᠯ ᠶᠡᠭᠡ ᠬᠤᠪᠢᠷᠠᠯᠲᠠ ᠲᠠᠢ ᠪᠣᠯᠬᠤ ᠪᠣᠯᠣᠨ᠎ᠠ︕ ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠠᠯᠪᠠᠨ ᠪᠢᠴᠢᠭ ᠲᠠᠷᠬᠠᠭᠠᠪᠠ
ᠨᠡᠶᠢᠲᠡᠯᠡᠭᠰᠡᠨ ᠴᠠᠭ᠄
2024/8/6
     ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠲᠦᠷᠦᠭᠦᠬᠡᠨ ︽ᠦᠨᠳᠦᠰᠦᠨ ᠡᠮᠴᠢᠯᠡᠭᠡᠨ ᠤ ᠳᠠᠭᠠᠳᠬᠠᠯ ᠳᠤ ᠣᠷᠣᠯᠴᠠᠬᠤ ᠤᠷᠲᠤ ᠬᠤᠭᠤᠴᠠᠭᠠᠨ ᠤ ᠪᠦᠲᠦᠮᠵᠢᠲᠡᠢ ᠲᠣᠭᠲᠠᠴᠠ ᠶᠢ ᠪᠦᠷᠢᠨᠰᠢᠭᠦᠯᠬᠦ ᠲᠤᠬᠠᠢ ᠵᠢᠯᠤᠭᠤᠳᠬᠤ ᠰᠠᠨᠠᠯ︾ ᠢ ᠳᠠᠷᠤᠮᠠᠯᠯᠠᠨ ᠲᠠᠷᠬᠠᠭᠠᠵᠤ᠂ ᠶᠠᠮᠠᠷ ᠶᠠᠮᠠᠷ ᠬᠥᠮᠥᠰ ᠤᠨ ᠳᠠᠭᠠᠳᠬᠠᠯ ᠳᠤ ᠣᠷᠣᠯᠴᠠᠬᠤ ᠲᠥᠷᠥ ᠶᠢᠨ ᠪᠣᠳᠣᠯᠭ᠎ᠠ ᠶᠢ ᠰᠢᠯᠢᠳᠡᠭᠵᠢᠭᠦᠯᠬᠦ ᠪᠣᠢ︖ ᠮᠠᠨ ᠤ ᠤᠯᠤᠰ ᠤᠨ ᠠᠩᠬᠠᠳᠠᠭᠴᠢ ᠦᠨᠳᠦᠰᠦᠨ ᠡᠮᠴᠢᠯᠡᠭᠡᠨ ᠤ ᠳᠠᠭᠠᠳᠬᠠᠯ ᠳᠤ ᠣᠷᠣᠯᠴᠠᠬᠤ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠬᠡᠷᠬᠢᠨ ᠠᠵᠢᠯᠯᠠᠭᠤᠯᠬᠤ ᠪᠣᠶ︖ ᠳᠠᠷᠠᠭᠠᠴᠢ ᠶᠢᠨ ᠵᠦᠢᠯ ᠢ ᠬᠠᠮᠲᠤ ᠳᠤ ᠪᠠᠨ ᠦᠵᠡᠵᠡᠭᠡᠶ᠎ᠡ -            ᠡᠲᠡᠬᠡᠷ ᠬᠥᠮᠥᠰ ᠳᠠᠭᠠᠳᠬᠠᠯ ᠳᠤ ᠣᠷᠣᠯᠴᠠᠨ ᠡᠪᠡᠳᠴᠢᠨ ᠦᠵᠡᠭᠦᠯᠬᠦ ᠳᠤ ᠨᠡᠩ ᠲᠦᠭᠦᠮ ᠪᠣᠯᠬᠤ ᠪᠣᠯᠣᠨ᠎ᠠ-                  ᠰᠠᠶ᠋ᠢ ᠲᠦᠷᠦᠭᠰᠡᠨ ᠬᠡᠦᠬᠡᠳ            ᠳᠦᠷᠦᠯᠲᠡ ᠶᠢᠨ ᠠᠨᠠᠭᠠᠬᠤ ᠤᠬᠠᠭᠠᠨ ᠤ ᠭᠡᠷᠡᠴᠢ᠂ ᠡᠷᠦᠬᠡ ᠠᠮᠠ ᠶᠢᠨ ᠳᠠᠩᠰᠠᠯᠠᠯᠲᠠ᠂ ᠡᠮᠴᠢᠯᠡᠭᠡᠨ ᠤ ᠳᠠᠭᠠᠳᠬᠠᠯ ᠤᠨ ᠳᠠᠭᠠᠳᠬᠠᠯ ᠳᠤ ᠣᠷᠣᠯᠴᠠᠬᠤ᠂ ᠨᠡᠶᠢᠭᠡᠮ ᠤᠨ ᠪᠠᠲᠤᠯᠠᠭ᠎ᠠ ᠶᠢᠨ ᠺᠠᠷᠲ ᠢ ᠭᠤᠶᠤᠴᠢᠯᠠᠨ ᠠᠪᠬᠤ ᠵᠡᠷᠭᠡ ︽ᠳᠦᠷᠦᠯᠲᠡ ᠶᠢᠨ ᠨᠢᠭᠡ ᠶᠠᠪᠤᠳᠠᠯ︾ ᠢ ᠨᠡᠶᠢᠯᠡᠭᠦᠯᠦᠨ ᠭᠦᠢᠴᠡᠳᠬᠡᠬᠦ ᠶᠢ ᠠᠬᠢᠭᠤᠯᠤᠨ ᠨᠠᠶᠢᠳᠠᠪᠤᠷᠢᠵᠢᠭᠤᠯᠵᠤ᠂ ᠭᠠᠷᠳᠠᠮ ᠢ ᠳᠥᠭᠦᠮᠴᠢᠯᠡᠵᠦ᠂ ᠳᠠᠷᠠᠭᠠᠯᠠᠯ ᠢ ᠰᠢᠯᠢᠳᠡᠭᠵᠢᠭᠦᠯᠦᠨ᠂ ᠬᠠᠷᠠᠭᠠᠯᠵᠠᠨ ᠬᠠᠮᠠᠭᠠᠯᠠᠭᠴᠢ ᠠᠴᠠ ᠰᠠᠶ᠋ᠢ ᠲᠦᠷᠦᠭᠰᠡᠨ ᠬᠡᠦᠬᠡᠳ ᠤᠨ ᠲᠥᠷᠥᠭᠰᠡᠨ ᠲᠤᠬᠠᠢ ᠶᠢᠨ ᠵᠢᠯ ᠳᠤ ᠨᠢ ᠳᠠᠭᠠᠳᠬᠠᠯ ᠳᠤ ᠣᠷᠤᠯᠴᠠᠭᠤᠯᠬᠤ ᠶᠢ ᠠᠬᠢᠭᠤᠯᠤᠨ᠎ᠠ᠃            ᠨᠠᠰᠤᠨ ᠳᠤ ᠦᠯᠦ ᠬᠦᠷᠦᠭᠰᠡᠳ            ᠣᠨᠴᠠ ᠶᠡᠭᠡ ᠬᠤᠲᠠ᠂ ᠬᠡᠲᠦ ᠶᠡᠭᠡ ᠬᠤᠲᠠᠳ ᠣᠷᠣᠰᠢᠨ ᠰᠠᠭᠤᠷᠢᠰᠢᠬᠤ ᠦᠨᠡᠮᠯᠡᠯ ᠢᠶᠠᠷ ᠳᠠᠭᠠᠳᠬᠠᠯ ᠳᠤ ᠣᠷᠣᠯᠴᠠᠬᠤ ᠲᠥᠷᠥ ᠶᠢᠨ ᠪᠣᠳᠣᠯᠭ᠎ᠠ ᠶᠢ ᠦᠨᠡᠨ ᠬᠦ ᠨᠠᠶᠢᠳᠠᠪᠤᠷᠢᠵᠢᠭᠤᠯᠵᠤ᠂ ᠭᠠᠳᠠᠷ ᠣᠷᠣᠨ ᠤ ᠡᠷᠦᠬᠡ ᠠᠮᠠ ᠶᠢᠨ ᠬᠠᠷᠢᠶ᠎ᠠ ᠲᠠᠢ ᠳᠤᠮᠳᠠᠳᠤ ᠪᠠᠭ᠎ᠠ ᠰᠤᠷᠭᠠᠭᠤᠯᠢ᠂ ᠰᠤᠷᠬᠤ ᠨᠠᠰᠤᠨ ᠠᠴᠠ ᠡᠮᠦᠨᠡᠬᠢ ᠬᠡᠦᠬᠡᠳ ᠤᠳ ᠢ ᠪᠠᠶᠢᠩᠭᠤ ᠰᠠᠭᠤᠭ᠎ᠠ ᠭᠠᠵᠠᠷ ᠲᠤ ᠨᠢ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠣᠷᠣᠯᠴᠠᠭᠤᠯᠬᠤ ᠶᠢ ᠲᠦᠯᠬᠢᠨ ᠠᠬᠢᠭᠤᠯᠤᠨ᠎ᠠ᠃            ᠣᠶᠤᠲᠠᠳ            ᠣᠶᠤᠲᠠᠳ ᠤᠨ ᠰᠤᠷᠭᠠᠭᠤᠯᠢ ᠳᠤ ᠪᠠᠶᠢᠭ᠎ᠠ ᠭᠠᠵᠠᠷ ᠲᠤ ᠨᠢ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠣᠷᠣᠯᠴᠠᠬᠤ ᠶᠢ ᠵᠣᠷᠢᠭᠵᠢᠭᠤᠯᠵᠤ᠂ ᠳᠠᠭᠠᠳᠬᠠᠯ ᠳᠤ ᠣᠷᠣᠯᠴᠠᠬᠤ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ᠂ ᠣᠶᠤᠲᠠᠳ ᠤᠨ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠣᠷᠣᠯᠴᠠᠬᠤ ᠬᠡᠪᠴᠢᠶ᠎ᠡ ᠶᠢ ᠥᠷᠭᠡᠳᠬᠡᠬᠦ ᠠᠵᠢᠯ ᠢ ᠰᠠᠶᠢᠲᠤᠷ ᠠᠳᠬᠤᠨ᠎ᠠ᠃            ᠠᠮᠢᠳᠤᠯᠢᠭ ᠢᠶᠠᠷ ᠠᠵᠢᠯ ᠣᠯᠣᠭᠰᠠᠳ᠂ ᠲᠠᠷᠢᠶᠠᠴᠢᠨ ᠬᠦᠴᠦ ᠶᠠᠪᠤᠭᠰᠠᠳ᠂ ᠰᠢᠨ᠎ᠡ ᠬᠡᠯᠪᠡᠷᠢ ᠪᠠᠶᠢᠳᠠᠯ ᠢᠶᠠᠷ ᠠᠵᠢᠯ ᠣᠯᠣᠭᠰᠠᠳ            ᠬᠡᠲᠦ ᠶᠡᠭᠡ ᠬᠤᠲᠠᠳ ᠠᠮᠢᠳᠤᠯᠢᠭ ᠢᠶᠠᠷ ᠠᠵᠢᠯ ᠣᠯᠣᠭᠰᠠᠳ᠂ ᠲᠠᠷᠢᠶᠠᠴᠢᠨ ᠬᠦᠴᠦ ᠶᠠᠪᠤᠭᠰᠠᠳ᠂ ᠰᠢᠨ᠎ᠡ ᠬᠡᠯᠪᠡᠷᠢ ᠪᠠᠶᠢᠳᠠᠯ ᠢᠶᠠᠷ ᠠᠵᠢᠯ ᠣᠯᠣᠭᠰᠠᠳ ᠤᠨ ᠠᠵᠢᠯ ᠣᠯᠣᠭᠰᠠᠨ ᠭᠠᠵᠠᠷ ᠲᠤ ᠨᠢ ᠦᠨᠳᠦᠰᠦᠨ ᠡᠮᠴᠢᠯᠡᠭᠡᠨ ᠤ ᠳᠠᠭᠠᠳᠬᠠᠯ ᠳᠤ ᠣᠷᠤᠯᠴᠠᠭᠤᠯᠬᠤ ᠡᠷᠦᠬᠡ ᠠᠮᠠ ᠶᠢᠨ ᠬᠢᠵᠠᠭᠠᠷᠯᠠᠯ ᠢ ᠬᠦᠴᠦᠨ ᠦᠭᠡᠢ ᠪᠣᠯᠭᠠᠵᠤ᠂ ᠠᠵᠢᠯ ᠣᠯᠣᠭᠰᠠᠨ ᠭᠠᠵᠠᠷ ᠲᠤ ᠨᠢ ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ᠳᠤ ᠣᠷᠣᠯᠴᠠᠭᠤᠯᠬᠤ ᠠᠵᠢᠯ ᠢ ᠰᠠᠶᠢᠲᠤᠷ ᠬᠢᠨ᠎ᠡ᠃          ᠠᠵᠢᠯ ᠣᠯᠭᠤᠯᠲᠠ ᠶᠢᠨ ᠬᠡᠯᠪᠡᠷᠢ ᠮᠠᠶ᠋ᠢᠭ ᠤᠨ ᠣᠯᠠᠨ ᠶᠠᠩᠵᠤᠴᠢᠯᠠᠬᠤ ᠳᠤ ᠵᠣᠬᠢᠴᠠᠭᠤᠯᠤᠨ᠂ ᠠᠮᠢᠳᠤᠯᠢᠭ ᠢᠶᠠᠷ ᠠᠵᠢᠯ ᠣᠯᠣᠭᠰᠠᠳ ᠤᠨ ᠳᠠᠭᠠᠳᠬᠠᠯ ᠳᠤ ᠣᠷᠣᠯᠴᠠᠭᠤᠯᠵᠤ ᠰᠦᠢᠳᠬᠡᠯ ᠲᠤᠰᠢᠶᠠᠬᠤ ᠠᠷᠭ᠎ᠠ ᠮᠠᠶ᠋ᠢᠭ ᠢ ᠰᠤᠳᠤᠯᠤᠨ ᠲᠡᠭᠦᠯᠳᠡᠷᠵᠢᠭᠦᠯᠦᠨ᠎ᠡ᠃            ᠬᠥᠳᠡᠭᠡ ᠲᠤᠰᠬᠤᠨ ᠤ ᠰᠠᠭᠤᠭᠠᠯᠢ ᠠᠷᠠᠳ            ᠰᠠᠶᠢᠨ ᠳᠤᠷ᠎ᠠ ᠠᠴᠠ ᠪᠠᠨ ᠭᠤᠶᠤᠴᠢᠯᠠᠭᠰᠠᠨ ᠮᠥᠷᠲᠡᠭᠡᠨ ᠨᠥᠬᠦᠴᠡᠯ ᠳᠤ ᠨᠡᠶᠢᠴᠡᠭᠰᠡᠨ ᠲᠣᠰᠬᠤᠨ ᠤ ᠡᠷᠡᠭᠦᠯ ᠬᠠᠮᠠᠭᠠᠯᠠᠯ ᠤᠨ ᠲᠠᠰᠤᠭ ᠢ ᠡᠮᠴᠢᠯᠡᠭᠡᠨ ᠤ ᠳᠠᠭᠠᠳᠬᠠᠯ ᠤᠨ ᠳ᠋ᠦᠩᠨᠡᠨ ᠪᠣᠳᠣᠬᠤ ᠬᠡᠪᠴᠢᠶᠡᠨ ᠳᠤ ᠣᠷᠣᠭᠤᠯᠵᠤ᠂ ᠴᠠᠭ ᠲᠤᠬᠠᠢ ᠳᠤ ᠨᠢ ᠳ᠋ᠦᠩᠨᠡᠨ ᠪᠣᠳᠣᠬᠤ ᠶᠢ ᠲᠦᠯᠬᠢᠨ ᠠᠬᠢᠭᠤᠯᠤᠨ᠎ᠠ᠃ ᠲᠣᠰᠬᠤᠨ ᠤ ᠡᠷᠡᠭᠦᠯ ᠬᠠᠮᠠᠭᠠᠯᠠᠯ ᠤᠨ ᠲᠠᠰᠤᠭ ᠲᠤ ᠤᠯᠤᠰ ᠠᠴᠠ ᠲᠥᠪᠯᠡᠷᠡᠭᠦᠯᠦᠨ ᠬᠤᠳᠠᠯᠳᠤᠨ ᠠᠪᠬᠤ ᠡᠮ ᠤᠨ ᠵᠦᠢᠯ ᠢ ᠵᠦᠢ ᠵᠣᠬᠢᠰᠲᠠᠢ ᠲᠣᠬᠢᠷᠠᠭᠤᠯᠬᠤ ᠶᠢ ᠠᠬᠢᠭᠤᠯᠵᠤ᠂ ᠬᠥᠳᠡᠭᠡ ᠲᠣᠰᠬᠤᠨ ᠤ ᠰᠠᠭᠤᠭᠠᠯᠢ ᠠᠷᠠᠳ ᠤᠨ ᠣᠶᠢᠷ᠎ᠠ ᠬᠠᠪᠢ ᠳᠤ ᠪᠠᠨ ᠡᠪᠡᠳᠴᠢᠨ ᠦᠵᠡᠭᠦᠯᠵᠦ ᠡᠮᠨᠡᠭᠦᠯᠬᠦ ᠳᠤ ᠨᠢ ᠳᠥᠭᠦᠮᠯᠡᠵᠦ᠂ ᠱᠠᠲᠤ ᠬᠤᠪᠢᠶᠠᠨ ᠣᠨᠣᠰᠢᠯᠠᠨ ᠡᠮᠨᠡᠭᠦᠯᠬᠦ ᠶᠢ ᠨᠠᠩ ᠰᠠᠶᠢᠲᠤᠷ ᠠᠬᠢᠭᠤᠯᠤᠨ᠎ᠠ᠃            ᠡᠳᠡᠭᠡᠷ ᠬᠥᠮᠥᠰ ᠳᠠᠭᠠᠳᠬᠠᠯ ᠳᠤ ᠣᠷᠣᠯᠴᠠᠬᠤ ᠳᠤ ᠰᠠᠶᠢᠨ ᠴᠢᠮᠡᠭᠡ ᠪᠠᠶᠢᠨ᠎ᠠ -            ᠠᠵᠢᠯᠲᠠᠨ ᠠᠵᠢᠯᠴᠢᠨ          ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ᠤᠨ ᠬᠤᠪᠢ ᠬᠥᠮᠥᠨ ᠤ ᠳᠠᠩᠰᠠᠨ ᠡᠷᠦᠭᠡ ᠳᠠᠬᠢ ᠵᠣᠭᠤᠰ ᠢᠶᠠᠷ ᠳᠠᠭᠠᠳᠬᠠᠯ ᠳᠤ ᠣᠷᠣᠯᠴᠠᠭᠰᠠᠳ ᠤᠨ ᠲᠦᠷᠦᠯ ᠰᠠᠳᠤᠨ ᠤ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠣᠷᠣᠯᠴᠬᠠᠰᠠᠨ ᠬᠤᠪᠢ ᠬᠥᠮᠥᠨ ᠰᠦᠢᠳᠬᠡᠯ ᠲᠤᠰᠢᠶᠠᠬᠤ ᠵᠢᠴᠢ ᠨᠢᠭᠡᠨᠲᠡ ᠳᠠᠭᠠᠳᠬᠠᠯ ᠳᠤ ᠣᠷᠣᠯᠴᠬᠠᠰᠠᠨ ᠳᠥᠷᠦᠯ ᠰᠠᠳᠣᠨ ᠤ ᠴᠡᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠳᠤ ᠡᠪᠡᠳᠴᠢᠨ ᠦᠵᠡᠭᠦᠯᠬᠦ ᠡᠮ ᠬᠤᠳᠠᠯᠳᠤᠨ ᠠᠪᠬᠤ ᠳᠤ ᠬᠤᠪᠢ ᠬᠥᠮᠥᠨ ᠤ ᠥᠪᠡᠰᠦᠪᠡᠨ ᠲᠣᠭᠠᠴᠠᠭ᠎ᠠ ᠬᠢᠬᠦ ᠡᠮᠴᠢᠯᠡᠭᠡᠨ ᠤ ᠵᠠᠷᠤᠳᠠᠯ ᠢ ᠨᠢ ᠲᠤᠰᠢᠶᠠᠬᠤ ᠶᠢ ᠳᠡᠮᠵᠢᠨ᠎ᠠ᠃            ᠠᠵᠢᠯ ᠠᠯᠳᠠᠭᠰᠠᠳ            ᠠᠵᠢᠯ ᠠᠯᠳᠠᠯᠲᠠ ᠶᠢᠨ ᠳᠠᠭᠠᠳᠬᠠᠯ ᠤᠨ ᠰᠠᠭᠤᠷᠢ ᠮᠥᠩᠭᠦ ᠠᠴᠠ ᠲᠥᠯᠥᠪᠦᠷᠢᠯᠡᠭᠰᠡᠨ ᠠᠵᠢᠯ ᠠᠯᠳᠠᠯᠲᠠ ᠶᠢᠨ ᠳᠠᠭᠠᠳᠬᠠᠯ ᠤᠨ ᠮᠥᠩᠭᠦ ᠠᠪᠴᠤ ᠪᠠᠶᠢᠭ᠎ᠠ ᠬᠥᠮᠥᠰ ᠤᠨ ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ︵ᠦᠷᠡᠵᠢᠯ ᠤᠨ ᠳᠠᠭᠠᠳᠬᠠᠯ ᠢ ᠪᠠᠭᠲᠠᠭᠠᠨ᠎ᠠ︶ ᠤᠨ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ ᠶᠢᠨ ᠬᠠᠮᠲᠤ ᠳᠠᠭᠠᠳᠬᠠᠯ ᠳᠤ ᠣᠷᠣᠯᠴᠠᠭᠰᠠᠨ ᠠᠵᠢᠯᠲᠠᠨ ᠠᠵᠢᠯᠴᠢᠨ ᠲᠠᠢ ᠠᠳᠠᠯᠢ ᠲᠡᠭᠰᠢ ᠪᠠᠷ ᠡᠮᠴᠢᠯᠡᠭᠡᠨ ᠤ ᠳᠠᠭᠠᠳᠬᠠᠯ᠂ ᠦᠷᠡᠵᠢᠯ ᠤᠨ ᠳᠠᠭᠠᠳᠬᠠᠯ ᠤᠨ ᠣᠯᠭᠤᠮᠵᠢ ᠬᠦᠷᠲᠡᠬᠦ ᠶᠢ ᠦᠨᠡᠨ ᠬᠦ ᠪᠠᠲᠤᠯᠠᠨ᠎ᠠ᠃            ᠬᠦᠴᠢᠷᠳᠡᠯᠲᠡᠢ ᠣᠯᠠᠨ ᠲᠦᠮᠡᠨ          ᠣᠨᠴᠠ ᠬᠦᠴᠢᠷᠳᠡᠯᠲᠡᠢ ᠬᠥᠮᠥᠰ᠂ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠲᠠᠢ ᠬᠥᠮᠥᠰ᠂ ᠨᠥᠬᠦᠴᠡᠯ ᠳᠤ ᠨᠡᠶᠢᠴᠡᠭᠰᠡᠨ ᠳᠠᠬᠢᠨᠲᠠ ᠶᠠᠳᠠᠭᠤᠷᠠᠬᠤ ᠶᠢ ᠰᠡᠷᠭᠡᠶᠢᠯᠡᠬᠦ ᠬᠢᠨᠠᠨ ᠰᠢᠨᠵᠢᠬᠦ ᠡᠲᠡᠭᠡᠳ ᠵᠡᠷᠭᠡ ᠬᠦᠴᠢᠷᠳᠡᠯᠲᠡᠢ ᠤᠯᠠᠨ ᠲᠦᠮᠡᠨ ᠤ ᠳᠠᠭᠠᠳᠬᠠᠯ ᠳᠤ ᠣᠷᠤᠯᠴᠠᠬᠤ ᠶᠢ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠲᠦᠷᠦᠯ ᠬᠤᠪᠢᠶᠠᠨ ᠲᠤᠰᠠᠯᠠᠨ᠎ᠠ᠃            ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠵᠠᠯᠭᠠᠭ᠎ᠠ ᠪᠠᠷ ᠣᠷᠣᠯᠴᠠᠭᠰᠠᠳ᠂ ᠲᠠᠩᠰᠠ ᠥᠯᠥ ᠲᠠᠶᠢᠯᠤᠭᠰᠠᠳ            ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠵᠠᠯᠭᠠᠭ᠎ᠠ ᠪᠠᠷ ᠪᠦᠬᠦᠯᠢ 4 ᠵᠢᠯ ᠣᠷᠣᠯᠴᠠᠭᠰᠠᠳ᠂ ᠲᠠᠪᠤᠳᠤᠭᠠᠷ ᠵᠢᠯ ᠠᠴᠠ ᠨᠢ ᠡᠬᠢᠯᠡᠵᠦ ᠢᠯᠡᠭᠦᠦ 1 ᠵᠢᠯ ᠳᠠᠭᠠᠳᠬᠠᠯ ᠳᠤ ᠣᠷᠣᠯᠴᠠᠬᠤ ᠪᠦᠷᠢ ᠬᠦᠨᠳᠦ ᠡᠪᠡᠳᠴᠢᠨ ᠤ ᠳᠠᠭᠠᠳᠬᠠᠯ ᠤᠨ ᠲᠥᠯᠥᠪᠦᠷᠢᠯᠡᠬᠦ ᠬᠠᠮᠤᠭ ᠤᠨ ᠥᠨᠳᠥᠷ ᠬᠢᠵᠠᠭᠠᠷ ᠲᠤᠭ᠎ᠠ ᠶᠢ ᠵᠣᠬᠢᠰᠲᠠᠢ ᠳᠡᠭᠡᠭᠰᠢᠯᠡᠭᠦᠯᠵᠦ ᠪᠣᠯᠣᠨ᠎ᠠ᠃            ᠲᠣᠰ ᠵᠢᠯ ᠤᠨ ᠰᠠᠭᠤᠷᠢ ᠮᠥᠩᠭᠦᠨ ᠠᠴᠠ ᠳᠠᠩᠰᠠ  ᠥᠯᠥ ᠲᠠᠶᠢᠯᠤᠭᠰᠠᠳ ᠰᠠᠭᠤᠭᠠᠯᠢ ᠠᠷᠠᠳ ᠤᠨ ᠡᠮᠴᠢᠯᠡᠭᠡᠨ ᠤ  ᠳᠠᠭᠠᠳᠬᠠᠯ  ᠳᠤ ᠣᠷᠣᠯᠴᠠᠭᠰᠠᠳ  ᠳᠠᠷᠠᠭ᠎ᠠ ᠵᠢᠯ  ᠳᠤ ᠨᠢ ᠬᠦᠨᠳᠦ ᠡᠪᠡᠳᠴᠢᠨ ᠤ ᠳᠠᠭᠠᠳᠬᠠᠯ ᠤᠨ ᠲᠥᠯᠥᠪᠦᠷᠢᠯᠡᠬᠦ  ᠬᠠᠮᠤᠭ ᠤᠨ ᠥᠨᠳᠥᠷ  ᠬᠢᠵᠠᠭᠠᠷ ᠲᠤᠭ᠎ᠠ ᠶᠢ ᠨᠢ ᠳᠡᠭᠡᠭᠰᠢᠯᠡᠭᠦᠯᠵᠦ ᠪᠣᠯᠣᠨ᠎ᠠ᠃            ᠵᠠᠯᠭᠠᠭ᠎ᠠ ᠪᠠᠷ ᠳᠠᠭᠠᠳᠬᠠᠯ ᠳᠤ ᠣᠷᠣᠯᠴᠠᠭᠰᠠᠳ ᠢ ᠤᠷᠮᠠᠰᠢᠭᠤᠯᠬᠤ ᠪᠠ ᠳᠠᠩᠰᠠ ᠥᠯᠥ ᠲᠠᠶᠢᠯᠤᠭᠰᠠᠳ ᠢ ᠤᠷᠮᠠᠰᠢᠭᠤᠯᠵᠤ᠂ ᠵᠠᠷᠴᠢᠮ ᠳᠡᠭᠡᠷ᠎ᠡ ᠪᠠᠨ ᠬᠠᠮᠤᠭ ᠤᠨ ᠥᠨᠳᠥᠷ ᠬᠢᠵᠠᠭᠠᠷ ᠲᠤᠭ᠎ᠠ ᠶᠢ ᠳᠡᠭᠡᠭᠰᠢᠯᠡᠭᠦᠯᠬᠦ ᠳᠤ ᠤᠳᠠᠭ᠎ᠠ ᠪᠦᠷᠢ 1000 ᠲᠥᠭᠦᠷᠢᠭ ᠠᠴᠠ ᠳᠣᠣᠷ᠎ᠠ ᠦᠭᠡᠢ ᠪᠠᠶᠢᠯᠭᠠᠵᠤ᠂ ᠤᠳᠠᠭ᠎ᠠ ᠪᠦᠷᠢ ᠶᠢᠨ ᠳᠡᠭᠡᠭᠰᠢᠯᠡᠭᠦᠯᠦᠭᠰᠡᠨ ᠶᠡᠷᠦᠩᠬᠡᠢ ᠲᠤᠭ᠎ᠠ ᠶᠢ ᠤᠤᠯ ᠤᠨ ᠨᠢᠭᠡᠳᠦᠯᠲᠡᠢ ᠲᠥᠯᠥᠪᠯᠡᠬᠦ ᠭᠠᠵᠠᠷ ᠣᠷᠣᠨ ᠤ ᠬᠦᠨᠳᠦ ᠡᠪᠡᠳᠴᠢᠨ ᠤ ᠳᠠᠭᠠᠳᠬᠠᠯ ᠤᠨ ᠤᠤᠯ ᠤᠨ ᠬᠢᠵᠠᠭᠠᠷᠯᠠᠬᠤ ᠱᠤᠭᠤᠮ ᠤᠨ 20% ᠠᠴᠠ ᠬᠡᠲᠦᠷᠡᠭᠦᠯᠬᠦ ᠦᠭᠡᠢ᠃ ᠰᠠᠭᠤᠭᠠᠯᠢ ᠠᠷᠠᠳ ᠬᠦᠨᠳᠦ ᠡᠪᠡᠳᠴᠢᠨ ᠤ ᠰᠦᠢᠳᠬᠡᠯ ᠢᠶᠠᠨ ᠳᠠᠩᠰᠠ ᠠᠴᠠ ᠲᠠᠶᠢᠯᠤᠭᠰᠠᠨ ᠤ ᠬᠠᠮᠲᠤ ᠬᠥᠬᠢᠭᠦᠯᠦᠨ ᠱᠠᠩᠨᠠᠬᠤ ᠲᠤᠭ᠎ᠠ ᠬᠡᠮᠵᠢᠶ᠎ᠡ ᠶᠢ ᠬᠡᠷᠡᠭᠯᠡᠭᠰᠡᠨ ᠤ ᠳᠠᠷᠠᠭ᠎ᠠ᠂ ᠡᠮᠦᠨᠡᠬᠢ ᠬᠤᠭᠤᠴᠠᠭᠠᠨ ᠳᠤ ᠨᠢᠭᠡᠨᠲᠡ ᠬᠤᠷᠠᠮᠳᠤᠭᠤᠯᠤᠭᠰᠠᠨ ᠲᠠᠩᠰᠠ ᠥᠯᠥ ᠲᠠᠶᠢᠯᠤᠭᠰᠠᠳ ᠢ ᠤᠷᠮᠠᠰᠢᠭᠤᠯᠬᠤ ᠲᠤᠭ᠎ᠠ ᠬᠡᠮᠵᠢᠶ᠎ᠡ ᠶᠢ ᠨᠢ ᠪᠤᠴᠠᠭᠠᠭᠠᠳ ᠲᠡᠭ ᠪᠣᠯᠭᠠᠨ᠎ᠠ᠃            ᠡᠳᠡᠭᠡᠷ ᠬᠥᠮᠥᠰ ᠳᠠᠭᠠᠳᠬᠠᠯ ᠳᠤ ᠣᠷᠣᠯᠴᠠᠬᠤ ᠳᠤ ᠬᠤᠪᠢᠷᠠᠯᠲᠠ ᠭᠠᠷᠴᠠᠢ -            ᠳᠠᠭᠠᠳᠬᠠᠯ ᠢᠶᠠᠨ ᠲᠠᠰᠤᠯᠳᠠᠭᠤᠯᠤᠭᠠᠳ ᠳᠠᠬᠢᠨᠲᠠ ᠳᠠᠭᠠᠳᠬᠠᠯ ᠳᠤ ᠣᠷᠣᠯᠴᠠᠭᠰᠠᠳ᠂ ᠴᠠᠭ ᠲᠤ ᠪᠠᠨ ᠳᠠᠭᠠᠳᠬᠠᠯ ᠳᠤ ᠣᠷᠣᠯᠴᠠᠭᠰᠠᠨ ᠦᠭᠡᠢ ᠬᠥᠮᠥᠰ          2025 ᠣᠨ ᠠᠴᠠ ᠡᠬᠢᠯᠡᠨ᠂ ᠳᠠᠭᠠᠳᠬᠠᠯ ᠢᠶᠠᠨ ᠲᠠᠰᠤᠯᠳᠠᠭᠤᠯᠤᠭᠠᠳ ᠳᠠᠬᠢᠨᠲᠠ ᠳᠠᠭᠠᠳᠬᠠᠯ ᠳᠤ ᠣᠷᠣᠯᠴᠠᠭᠰᠠᠨ ᠪᠠᠶᠢᠪᠠᠯ᠂ ᠬᠦᠨᠳᠦ ᠡᠪᠡᠳᠴᠢᠨ ᠤ ᠳᠠᠭᠠᠳᠬᠠᠯ ᠤᠨ ᠲᠥᠯᠥᠪᠦᠷᠢᠯᠡᠬᠦ ᠬᠠᠮᠤᠭ ᠤᠨ ᠥᠨᠳᠥᠷ ᠬᠢᠵᠠᠭᠠᠷ ᠲᠤᠭ᠎ᠠ ᠶᠢ ᠨᠢ ᠪᠠᠭᠤᠷᠠᠭᠤᠯᠵᠤ ᠪᠣᠯᠣᠨ᠎ᠠ᠃            ᠳᠠᠭᠠᠳᠬᠠᠯ ᠢᠶᠠᠨ ᠲᠠᠰᠤᠯᠳᠠᠭᠤᠯᠤᠭᠠᠳ ᠳᠠᠬᠢᠨᠲᠠ ᠳᠠᠭᠠᠳᠬᠠᠯ ᠳᠤ ᠣᠷᠣᠯᠴᠠᠪᠠᠯ ᠵᠠᠯᠭᠠᠭ᠎ᠠ ᠪᠠᠷ ᠳᠠᠭᠠᠳᠬᠠᠯ ᠳᠤ ᠣᠷᠣᠯᠴᠠᠭᠰᠠᠨ ᠣᠨ ᠤ ᠲᠤᠭ᠎ᠠ ᠶᠢ ᠳᠠᠬᠢᠵᠤ ᠰᠢᠨ᠎ᠡ ᠪᠠᠷ ᠪᠣᠳᠣᠨ᠎ᠠ᠃ ᠪᠣᠳᠠᠲᠠᠢ ᠲᠥᠷᠥ ᠶᠢᠨ ᠪᠣᠳᠣᠯᠭ᠎ᠠ ᠶᠢᠨ ᠪᠠᠷᠢᠮᠵᠢᠶ᠎ᠠ ᠶᠢ ᠡᠯ᠎ᠡ ᠮᠤᠵᠢ ᠶᠢᠨ ᠬᠢᠨ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠳᠠᠭᠠᠭᠠᠬᠤ ᠴᠢᠳᠠᠪᠤᠷᠢ ᠵᠡᠷᠭᠡ ᠪᠣᠳᠠᠲᠤ ᠪᠠᠶᠢᠳᠠᠯ ᠢᠶᠠᠨ ᠦᠨᠳᠦᠰᠦᠯᠡᠨ ᠲᠣᠭᠲᠠᠭᠠᠨ᠎ᠠ᠃            2025 ᠣᠨ ᠠᠴᠠ ᠡᠬᠢᠯᠡᠨ᠂ ᠰᠠᠶ᠋ᠢ ᠲᠥᠷᠥᠭᠰᠡᠨ ᠬᠡᠦᠬᠡᠳ ᠵᠡᠷᠭᠡ ᠣᠨᠴᠠᠭᠠᠶ ᠬᠥᠮᠥᠰ ᠠᠴᠠ ᠭᠠᠳᠠᠨ᠎ᠠ᠂ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠲᠥᠪᠯᠡᠷᠡᠭᠦᠯᠦᠨ ᠣᠷᠣᠯᠴᠠᠵᠤ ᠪᠠᠶᠢᠭ᠎ᠠ ᠬᠤᠭᠤᠴᠠᠭᠠᠨ ᠳᠤ ᠳᠠᠭᠠᠳᠬᠠᠯ ᠳᠤ ᠣᠷᠣᠯᠴᠠᠭᠰᠠᠨ ᠦᠭᠡᠢ ᠪᠤᠶᠤ ᠵᠠᠯᠭᠠᠭ᠎ᠠ ᠪᠠᠷ ᠳᠠᠭᠠᠳᠬᠠᠯ ᠳᠤ ᠣᠷᠣᠯᠴᠠᠭᠰᠠᠨ ᠦᠭᠡᠢ ᠬᠥᠮᠥᠰ ᠤᠨ ᠳᠠᠭᠠᠳᠬᠠᠯ ᠳᠤ ᠣᠷᠣᠯᠴᠠᠭᠰᠠᠨ ᠤ ᠳᠠᠷᠠᠭᠠᠬᠢ ᠲᠣᠭᠲᠠᠮᠠᠯ ᠬᠠᠷᠠᠭᠠᠯᠵᠠᠯ ᠤᠨ ᠬᠦᠯᠢᠶᠡᠬᠦ ᠬᠤᠭᠤᠴᠠᠭ᠎ᠠ ᠶᠢ 3 ᠰᠠᠷ᠎ᠠ ᠪᠠᠷ ᠲᠣᠬᠢᠷᠠᠭᠤᠯᠤᠨ᠎ᠠ︔ ᠡᠭᠦᠨ ᠳᠤ᠂ ᠵᠠᠯᠭᠠᠭ᠎ᠠ ᠪᠠᠷ ᠳᠠᠭᠠᠳᠬᠠᠯ ᠳᠤ ᠣᠷᠣᠯᠴᠠᠭᠰᠠᠨ ᠦᠭᠡᠢ ᠪᠣᠯ ᠳᠠᠭᠠᠳᠬᠠᠯ ᠢ ᠢᠯᠡᠭᠦᠦ 1 ᠵᠢᠯ ᠲᠠᠰᠤᠯᠳᠠᠭᠤᠯᠬᠤ ᠪᠣᠯᠭᠠᠨ ᠵᠠᠷᠴᠢᠮ ᠳᠡᠭᠡᠷ᠎ᠡ ᠪᠠᠨ ᠲᠣᠭᠲᠠᠮᠠᠯ ᠬᠠᠷᠠᠭᠠᠯᠵᠠᠯ ᠤᠨ ᠬᠦᠯᠢᠶᠡᠬᠦ ᠬᠤᠭᠤᠴᠠᠭ᠎ᠠ ᠶᠢ 1 ᠰᠠᠷ᠎ᠠ ᠨᠡᠮᠡᠭᠳᠡᠭᠦᠯᠵᠦ᠂ ᠳᠠᠭᠠᠳᠬᠠᠯ ᠳᠤ ᠣᠷᠣᠯᠴᠠᠭᠰᠠᠳ ᠰᠦᠢᠳᠬᠡᠯ ᠲᠤᠰᠢᠶᠠᠬᠤ ᠪᠠᠷ ᠳᠠᠮᠵᠢᠨ ᠬᠠᠷᠠᠭᠠᠯᠵᠠᠯ ᠤᠨ ᠬᠦᠯᠢᠶᠡᠬᠦ ᠬᠤᠭᠤᠴᠠᠭ᠎ᠠ ᠶᠢ ᠵᠠᠰᠠᠨ ᠰᠡᠷᠭᠦᠭᠡᠵᠦ᠂ ᠢᠯᠡᠭᠦᠦ 1 ᠵᠢᠯ ᠲᠤᠰᠢᠶᠠᠬᠤ ᠪᠦᠷᠢ ᠬᠤᠪᠢᠷᠠᠯᠲᠠ ᠭᠠᠷᠤᠭᠰᠠᠨ ᠬᠠᠷᠠᠭᠠᠯᠵᠠᠯ ᠤᠨ ᠬᠦᠯᠢᠶᠡᠬᠦ ᠬᠤᠭᠤᠴᠠᠭ᠎ᠠ ᠶᠢ 1 ᠰᠠᠷ᠎ᠠ ᠪᠣᠭᠤᠨᠢᠰᠬᠠᠨ᠂ 4 ᠵᠢᠯ ᠵᠢᠴᠢ ᠲᠡᠭᠦᠨ ᠠᠴᠠ ᠳᠡᠭᠡᠭᠰᠢ ᠵᠠᠯᠭᠠᠭ᠎ᠠ ᠪᠠᠷ ᠲᠠᠰᠤᠯᠳᠠᠭᠤᠯᠤᠭᠰᠠᠨ ᠪᠣᠯ ᠵᠠᠰᠠᠨ ᠰᠡᠷᠭᠦᠭᠡᠭᠰᠡᠨ ᠤ ᠳᠠᠷᠠᠭᠠᠬᠢ ᠲᠣᠭᠲᠠᠮᠠᠯ ᠬᠠᠷᠠᠭᠠᠯᠵᠠᠯ ᠤᠨ ᠬᠦᠯᠢᠶᠡᠬᠦ ᠬᠤᠭᠤᠴᠠᠭ᠎ᠠ ᠪᠠ ᠬᠤᠪᠢᠷᠠᠯᠲᠠ ᠭᠠᠷᠤᠭᠰᠠᠨ ᠬᠠᠷᠠᠭᠠᠯᠵᠠᠯ ᠤᠨ ᠬᠦᠯᠢᠶᠡᠬᠦ ᠬᠤᠭᠤᠴᠠᠭᠠᠨ ᠤ ᠨᠡᠶᠢᠯᠡᠪᠦᠷᠢ ᠶᠢ ᠵᠠᠷᠴᠢᠮ ᠳᠡᠭᠡᠷ᠎ᠡ ᠪᠠᠨ 6 ᠰᠠᠷ᠎ᠠ ᠠᠴᠠ ᠳᠤᠲᠠᠭᠤ ᠪᠠᠶᠢᠯᠭᠠᠵᠤ ᠪᠣᠯᠬᠤ ᠦᠭᠡᠢ᠃            ᠲᠤᠰᠢᠶᠠᠬᠤ ᠰᠦᠢᠳᠬᠡᠯ ᠢ ᠲᠤᠰ ᠵᠢᠯ ᠤᠨ ᠳᠠᠭᠠᠳᠬᠠᠯ ᠳᠤ ᠣᠷᠣᠯᠴᠠᠭᠰᠠᠨ ᠭᠠᠵᠠᠷ ᠤᠨ ᠬᠤᠪᠢ ᠬᠥᠮᠥᠨ ᠤ ᠲᠤᠰᠢᠶᠠᠬᠤ ᠰᠦᠢᠳᠬᠡᠯ ᠤᠨ ᠪᠠᠷᠢᠮᠵᠢᠶ᠎ᠠ ᠪᠠᠷ ᠯᠠᠪᠯᠠᠯᠲᠠ ᠪᠣᠯᠭᠠᠨ᠎ᠠ᠃ ᠬᠦᠯᠢᠶᠡᠬᠦ ᠬᠤᠭᠤᠴᠠᠭᠠᠨ ᠤ ᠪᠣᠳᠠᠲᠠᠢ ᠪᠠᠷᠢᠮᠵᠢᠶ᠎ᠠ ᠶᠢ ᠡᠯ᠎ᠡ ᠮᠤᠵᠢ ᠥᠪᠡᠷᠰᠡᠳ ᠤᠨ ᠪᠠᠶᠢᠳᠠᠯ ᠢᠶᠠᠨ ᠦᠨᠳᠦᠰᠦᠯᠡᠨ ᠲᠣᠭᠲᠠᠭᠠᠨ᠎ᠠ᠃  
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号