| | ᠠᠪᠤ ᠮᠢᠨᠢ ᠲᠦᠷᠦᠭᠰᠡᠨ᠂ ᠡᠷᠭᠦᠯᠲᠡ ᠬᠤᠶᠠᠷ ᠡᠵᠢ ᠲᠠᠢ᠃ ︽ᠪᠢ ᠴᠦ ᠡᠷᠭᠦᠯᠲᠡ ᠠᠪᠤ ᠡᠵᠢ ᠶᠢᠨ ᠢᠶᠠᠨ ᠭᠠᠷ | ᠳᠡᠭᠡᠷ᠎ᠡ ᠳᠤᠲᠠᠵᠤ ᠳᠤᠨᠳᠠᠷᠠᠬᠤ ᠶᠢ ᠮᠡᠳᠡᠬᠦ ᠦᠭᠡᠢ᠂ ᠡᠷᠬᠡ ᠳᠤᠷ᠎ᠠ ᠪᠠᠷ ᠢᠶᠠᠨ ᠰᠠᠶᠢᠬᠠᠨ ᠥᠰᠦᠭᠰᠡᠨ ᠬᠥᠮᠥᠨ᠃ ᠶᠠᠮᠠᠷ | ᠰᠠᠶᠢᠨ ᠳᠠᠭᠠᠨ ᠮᠠᠨ ᠤ ᠦᠶ᠎ᠡ ᠬᠤᠷᠠᠭ ᠤᠨ ᠬᠢᠨ ᠨᠠᠮᠠᠶᠢ ︿ᠥᠭᠡᠬᠦᠨ ᠳᠤ ᠪᠣᠭᠤᠯᠲᠠ ᠲᠠᠢ ᠪᠥᠭᠡᠷ᠎ᠡ ᠰᠢᠭ ᠥᠰᠦᠭᠰᠡᠨ︕ | ﹀ ᠭᠡᠵᠦ ᠪᠠᠶᠢᠬᠤ ᠪᠤᠢ ᠳ᠋ᠠ︾ ᠭᠡᠵᠦ ᠠᠪᠤ ᠮᠢᠨᠢ ᠤᠳᠤ ᠴᠦ ᠭᠡᠰᠡᠨ ᠳᠤᠷᠠᠰᠤᠨ ᠶᠠᠷᠢᠳᠠᠭ᠃ | | | ᠮᠠᠨ ᠤ ᠠᠬ᠎ᠠ ᠳᠡᠭᠦᠦ ᠬᠡᠳᠦᠭᠦᠯᠡ ᠲᠦᠷᠦᠭᠰᠡᠨ ᠡᠮᠡᠭᠡ ᠪᠠᠨ ︽ᠡᠮᠡᠭᠡ︾ ᠭᠡᠵᠦ᠂ ᠡᠷᠭᠦᠯᠲᠡ ᠡᠮᠡᠭᠡ ᠪᠠᠨ | ︽ᠢᠵᠶᠢ︾ ᠭᠡᠳᠡᠭ᠃ ᠡᠮᠡᠭᠡ ᠮᠢᠨᠢ ᠦᠭᠡ ᠲᠠᠭᠤ ᠴᠥᠭᠡᠨ᠂ ᠪᠠᠷᠤᠭᠲᠠᠢ ᠳᠤ ᠳᠤᠤᠭᠠᠷᠳᠠᠭ ᠦᠭᠡᠢ᠃ ᠠᠵᠢᠯ ᠢᠶᠠᠨ ᠬᠢᠵᠦ | ᠬᠡᠪ ᠢᠶᠠᠨ ᠰᠠᠬᠢᠭᠰᠠᠨ ᠬᠥᠮᠥᠨ᠃ ᠬᠠᠷᠢᠨ ᠢᠵᠶᠢ ᠮᠢᠨᠢ ᠶᠠᠷᠢᠶ᠎ᠠ ᠬᠥᠭᠡᠷᠦᠭᠡ ᠰᠠᠶᠢᠲᠠᠢ᠂ ᠠᠮᠢᠳᠤᠷᠠᠯ ᠤᠨ ᠨᠠᠷᠢᠨ | ᠤᠬᠠᠭᠠᠨ ᠲᠠᠢ ᠬᠥᠮᠥᠨ ᠪᠠᠶᠢᠭᠰᠠᠨ᠃ ᠮᠥᠨᠴᠦ ᠮᠠᠨ ᠤ ᠭᠡᠷ ᠪᠦᠯᠢ ᠶᠢᠨ ᠬᠠᠮᠤᠭ ᠤᠨ ᠲᠣᠮᠣ ᠳᠠᠷᠤᠭ᠎ᠠ᠃ | | | ᠨᠢᠭᠡ ᠡᠳᠦᠷ ᠪᠢ ᠢᠵᠶᠢ ᠠᠴᠠ ︽ᠠᠪᠤ ᠶᠠᠭᠠᠬᠢᠭᠠᠳ ᠬᠤᠶᠠᠷ ᠡᠵᠢ ᠲᠠᠢ ᠪᠠᠶᠢᠳᠠᠭ ᠶᠤᠮ︖︾ ᠭᠡᠰᠡᠨ ᠳᠤ | ︽ᠢᠵᠶᠢ ᠨᠢ ᠴᠢᠮ᠎ᠠ ᠳᠤ ᠰᠠᠶᠢᠬᠠᠨ ᠦᠯᠢᠭᠡᠷ ᠶᠠᠷᠢᠵᠤ ᠦᠭᠭᠦᠶ᠎ᠡ︕︾ ᠭᠡᠯᠡ - | | | ᠪᠢᠳᠠ ᠬᠤᠶᠠᠷ ᠲᠠᠪᠤᠨ ᠬᠦᠦ ᠶᠢᠨ ᠵᠤᠯᠠᠢ ᠦᠨᠦᠷᠯᠡᠭᠰᠡᠨ ᠴᠦ ᠠᠯᠢ ᠠᠯᠢ ᠶᠢ ᠨᠢ ᠴᠦ ᠬᠥᠮᠥᠨ ᠪᠤᠯᠭᠠᠵᠤ | ᠴᠢᠳᠠᠭᠰᠠᠨ ᠦᠭᠡᠢ᠃ ᠡᠪᠦᠭᠡ ᠴᠢᠨᠢ ᠡᠮᠴᠢ ᠪᠣᠯᠬᠤᠷ ᠬᠤᠯᠠ ᠣᠶᠢᠷ᠎ᠠ ᠵᠠᠯᠠᠭᠳᠠᠨ ᠡᠪᠡᠳᠴᠢᠨ ᠬᠠᠭᠤᠴᠢᠨ ᠵᠠᠰᠠᠭᠠᠳ | ᠭᠡᠷ ᠲᠡᠭᠡᠨ ᠪᠠᠶᠢᠬᠤ ᠨᠢ ᠬᠤᠪᠣᠷ᠃ | | | 1945 ᠣᠨ ᠤ ᠲᠡᠷᠡ ᠨᠢᠭᠡᠨ ᠬᠠᠪᠤᠷ᠃ ᠭᠠᠵᠠᠷ ᠰᠠᠢ ᠦᠭᠡᠢ ᠬᠠᠯᠠᠭᠤᠨ ᠲᠣᠮᠣᠭᠤ ᠳᠡᠯᠭᠡᠷᠡᠨ᠂ ᠠᠶᠢᠯ | ᠠᠮᠢᠳᠠᠨ ᠭᠡᠷ ᠭᠡᠷ ᠢᠶᠠᠷ ᠢᠶᠠᠨ ᠦᠬᠦᠵᠦ ᠦᠷᠡᠭᠳᠡᠭᠰᠡᠨ ᠬᠤᠶᠢᠬ᠎ᠠ ᠶᠢᠨ ᠦᠰᠦ ᠪᠣᠰᠣᠮ᠎ᠠ ᠮᠠᠭᠤᠬᠠᠢ ᠴᠢᠮᠡᠭᠡ ᠠᠳᠡ | ᠲᠡᠨᠳᠡ ᠦᠭᠡᠢ ᠲᠠᠷᠠᠬᠠᠵᠤ ᠬᠥᠮᠥᠨ ᠤ ᠪᠠᠷ᠎ᠠ ᠬᠠᠷᠠᠬᠤ ᠠᠴᠠ ᠵᠢᠷᠦᠬᠡᠰᠢᠶᠡᠳᠡᠭ ᠪᠣᠯᠪᠠ᠃ ᠪᠢᠳᠠ ᠬᠤᠶᠠᠷ ᠴᠦ | ᠲᠠᠪᠤᠳᠠᠭᠢ ᠬᠦᠦ ᠶᠢᠨ ᠢᠶᠠᠨ ︽ᠲᠣᠯᠣᠭᠠᠢ ᠶᠢ ᠬᠠᠵᠠᠴᠢᠬᠠᠭᠠᠳ︾ ᠡᠮᠭᠡᠨᠢᠯ ᠭᠠᠰᠢᠭᠤᠳᠠᠯ ᠤᠨ ᠬᠠᠷ᠎ᠠ ᠮᠠᠨᠠᠨ ᠳᠤ | ᠪᠦᠷᠬᠦᠭᠳᠡᠨ ᠳᠠᠪᠬᠤᠷ ᠲᠠᠷᠴᠢᠯᠠᠵᠤ ᠪᠠᠶᠢᠯ᠎ᠠ᠃ | | | ᠲᠡᠭᠡᠲᠡᠯ᠎ᠡ ᠬᠤᠰᠢᠭᠤ ᠶᠠᠮᠤᠨ ᠠᠴᠠ ︽ᠠᠶᠤᠯ ᠲᠠᠢ ᠲᠣᠮᠣᠭᠤ ᠶᠢ ᠠᠷᠢᠯᠭᠠᠬᠤ ᠪᠠᠷ ᠶᠠᠭᠠᠷᠠᠯᠲᠠᠢ ᠢᠷ᠎ᠡ︕︾ | ᠭᠡᠰᠡᠨ ᠳᠠᠭᠤᠳᠠᠯᠭ᠎ᠠ ᠢᠷᠡᠪᠡ᠃ ᠠᠮᠢᠳᠠᠨ ᠬᠥᠮᠥᠨ ᠦᠬᠦᠵᠦ ᠦᠷᠡᠭᠳᠡᠨ ᠭᠠᠰᠠᠯᠠᠩ ᠤᠨ ᠲᠠᠯᠠᠢ ᠳᠤ ᠲᠡᠯᠴᠢᠯᠡᠵᠦ | ᠪᠠᠶᠢᠬᠤ ᠳᠤ᠂ ᠶᠠᠭᠠᠬᠢᠨ ᠬᠠᠨᠴᠤᠢ ᠳᠤᠭᠲᠤᠶᠢᠯᠠᠵᠤ ᠠᠵᠢᠭ ᠦᠭᠡᠢ ᠰᠠᠭᠤᠬᠤ ᠪᠤᠢ︕ ᠭᠡᠳ ᠡᠪᠦᠭᠡ ᠴᠢᠨᠢ ᠡᠮ ᠤᠨ | ᠲᠡᠯᠢᠩ ᠢᠶᠠᠨ ᠭᠠᠨᠵᠤᠭᠠᠯᠠᠭᠠᠳ ᠮᠣᠷᠳᠠᠪᠠ᠃ | | | ᠨᠢᠯᠬ᠎ᠠ ᠦᠷ᠎ᠡ ᠪᠠᠨ ᠠᠯᠳᠠᠵᠤ᠂ ᠡᠷ᠎ᠡ ᠨᠥᠬᠦᠷ ᠢᠶᠠᠨ ᠤᠳᠤᠭ᠎ᠠ ᠦᠭᠡᠢ ᠲᠠᠶᠢᠨ ᠳᠤ ᠮᠣᠷᠳᠠᠭᠤᠯᠤᠭᠰᠠᠨ ᠪᠢ | ᠰᠡᠳᠬᠢᠯ ᠤᠨ ᠭᠦᠨ ᠰᠢᠨᠠᠯᠤᠯ ᠳᠤ ᠠᠪᠲᠠᠨ᠂ ᠬᠡᠳᠦᠨ ᠮᠠᠯ ᠤᠨ ᠢᠶᠠᠨ ᠵᠠᠬ᠎ᠠ ᠳᠤ ᠨᠢᠯᠪᠤᠰᠤᠨ ᠳᠠᠭᠠᠨ ᠳᠡᠪᠲᠦᠨ | ᠭᠡᠯᠳᠦᠷᠢᠳᠡᠭ ᠪᠠᠶᠢᠯ᠎ᠠ᠃ | | | ᠠᠰᠢᠭᠦᠢ ᠨᠢᠭᠡ ᠡᠳᠦᠷ ᠨᠤᠲᠤᠭ ᠤᠨ ᠴᠢᠮᠡᠳ ᠭᠡᠳᠡᠭ ᠵᠠᠯᠠᠭᠤ ᠬᠠᠷ᠎ᠠ ᠬᠥᠮᠥᠨ ᠢᠷᠡᠪᠡ᠃ ︽ᠪᠠᠶᠢᠩᠭᠤ | ᠭᠠᠳᠠᠭᠤᠷ ᠳᠣᠲᠣᠭᠤᠷ ᠶᠠᠪᠤᠳᠠᠭ ᠬᠥᠮᠥᠨ ᠶᠠᠭᠤ ᠡᠰᠡ ᠲᠤᠭᠤᠯᠬᠤ ᠦᠭᠡᠢ ᠪᠤᠢ︾ ᠭᠡᠵᠦ ᠪᠤᠳᠤᠭᠠᠳ᠄ ︽ᠠᠵᠢᠯ ᠳᠤ | ᠬᠠᠮ ᠲᠠᠮ᠂ ᠬᠠᠨᠢ ᠪᠠᠷ᠎ᠠ ᠪᠤᠯᠬᠤ ᠪᠠᠷ ᠡᠮᠡᠭᠲᠡᠢ ᠬᠥᠮᠥᠨ ᠣᠯᠳᠠᠬᠤ ᠪᠣᠯ ᠤᠤ︖︾ ᠭᠡᠰᠡᠨ ᠳᠤ ︽ᠲᠠᠪᠤᠨ ᠲᠠᠭᠢᠯ | ︵ᠭᠠᠵᠠᠷ ᠤᠨ ᠨᠡᠷ᠎ᠡ︶ ᠤᠨ ᠣᠷᠴᠢᠮ ᠢᠶᠠᠷ ᠬᠡᠦᠬᠡᠳ ᠡᠭᠦᠷᠦᠭᠰᠡᠨ ᠭᠠᠭᠴᠠ ᠪᠦᠰᠡᠭᠦᠢ ᠠᠶᠢᠯ ᠭᠡᠰᠦᠨ ᠵᠠᠷᠤᠭᠳᠠᠳᠠᠭ | ᠭᠡᠵᠦ ᠲᠤᠭᠤᠯᠤᠬᠰᠠᠨ᠃ ᠲᠡᠷᠡ ᠪᠦᠰᠡᠭᠦᠢ ᠶᠢ ᠭᠤᠶᠤᠪᠠᠯ ᠶᠠᠭᠠᠬᠢᠳᠠᠭ ᠪᠣᠯ︾ ᠭᠡᠵᠦ ᠪᠠᠶᠢᠨ᠎ᠠ᠃ ︽ᠶᠠᠭᠤᠨ ᠳᠣᠷᠢᠭᠤᠨ | ᠶᠤᠮ᠂ ᠲᠠ ᠨᠠᠭᠠᠰᠢ ᠨᠢ ᠬᠠᠨᠳᠤᠭᠤᠯᠬᠤ ᠶᠢ ᠪᠤᠳᠤᠭᠠᠴᠢ︕︾ ᠭᠡᠳ ᠨᠣᠮᠣᠬᠠᠨ ᠲᠡᠮᠡᠭᠡ ᠲᠣᠬᠤᠰᠢᠯᠠᠵᠤ᠂ ᠨᠡᠬᠡᠢ ᠲᠡᠪᠡᠯ | ᠲᠤᠬᠤᠨ ᠭᠦᠳᠦᠯᠭᠡᠪᠡ᠃ | | | ᠬᠤᠶᠠᠷ ᠡᠳᠦᠷ ᠤᠨ ᠬᠢᠨᠢ ᠲᠠᠷᠠᠭ᠎ᠠ ᠥᠨᠥ ᠪᠦᠰᠡᠭᠦᠢ ᠭᠠᠭᠴᠠᠭᠠᠷ ᠢᠶᠠᠨ ᠲᠡᠮᠡᠭᠡ ᠤᠨᠤᠵᠤ ᠢᠷᠡᠭᠡᠳ ᠴᠠᠢ | ᠴᠦᠢ ᠤᠤᠭᠤᠨ ᠨᠡᠯᠢᠶᠡᠳ ᠰᠠᠭᠤᠯ᠎ᠠ᠃ ︽ᠡᠨᠡ ᠬᠥᠮᠥᠨ ᠬᠡᠦᠬᠡᠳ ᠢᠶᠠᠨ ᠠᠪᠴᠢᠷᠠᠭᠰᠠᠨ ᠦᠭᠡᠢ ᠪᠠᠷ ᠪᠤᠳᠤᠬᠤ ᠳᠤ᠂ | ᠮᠠᠨ ᠤ ᠳᠤ ᠰᠠᠭᠤᠬᠤ ᠬᠥᠮᠥᠨ ᠪᠢᠰᠢ᠃ ᠲᠡᠮᠡᠭᠡ ᠬᠦᠷᠭᠡᠵᠦ ᠢᠷᠡᠵᠦ ᠳ᠋ᠠ︾ ᠭᠡᠵᠦ ᠪᠤᠳᠤᠭᠠᠳ᠄ ︽ᠲᠠ ᠨᠢᠯᠬ᠎ᠠ | ᠬᠡᠦᠬᠡᠳ ᠲᠠᠢ ᠭᠡᠰᠡᠨ ᠪᠢᠰᠢ ᠪᠢᠯᠢᠦ︖︾ ᠭᠡᠰᠡᠨ ᠳᠤ᠂ ︽ᠲᠡᠮᠡᠭᠡᠨ ᠳᠡᠭᠡᠷ᠎ᠡ ᠪᠠᠶᠢᠭ᠎ᠠ︾ ᠭᠡᠪᠡ᠃ | | | ᠪᠢ ︽ᠲᠡᠮᠡᠭᠡ ᠨᠠᠯᠠᠵᠤ ᠬᠡᠦᠬᠡᠳ ᠠᠯᠠᠴᠢᠬᠠᠳᠠᠭ ᠦᠭᠡᠢ ᠶᠤᠮ ᠤᠤ︖︾ ᠭᠡᠳ ᠭᠦᠶᠦᠨ ᠭᠠᠷᠪᠠᠯ ᠲᠡᠮᠡᠭᠡ | ᠪᠤᠷᠤᠭᠤ ᠲᠠᠯ᠎ᠠ ᠲᠡᠶᠢᠰᠢ ᠪᠠᠨ ᠨᠡᠯᠢᠶᠡᠳ ᠭᠡᠯᠳᠡᠶᠢᠴᠢᠭᠡᠭᠰᠡᠨ ᠬᠡᠪᠢᠭᠡᠳ ᠬᠡᠪᠲᠡᠵᠦ ᠪᠠᠶᠢᠨ᠎ᠠ᠃ ᠳᠤᠬᠤᠭᠰᠠᠨ ᠲᠡᠪᠡᠯ ᠨᠢ | ᠪᠤᠷᠤᠭᠤ ᠲᠡᠶᠢᠰᠢ ᠪᠠᠨ ᠭᠤᠯᠠᠰᠤᠨ ᠭᠠᠵᠠᠷ ᠴᠦ ᠭᠦᠷᠦᠨ ᠠᠯᠳᠠᠵᠠᠢ᠃ ᠨᠢᠭᠤᠷ ᠭᠠᠷ ᠨᠢ ᠤᠰᠤᠷᠤᠳᠠᠴᠢᠬᠠᠬᠰᠠᠨ | ᠬᠠᠲᠠᠩᠭᠢᠷ ᠪᠣᠷᠣ ᠬᠦᠦ ᠨᠡᠬᠡᠢ ᠲᠡᠪᠡᠯ ᠤᠨ ᠬᠠᠨᠴᠤᠢ ᠳᠤ ᠪᠦᠭᠡ ᠭᠡᠭᠴᠢ ᠨᠢ ᠤᠨᠲᠠᠵᠤ ᠪᠠᠶᠢᠨ᠎ᠠ᠃ ᠬᠠᠲᠠᠩᠭᠢᠷ ᠴᠦ | ᠭᠡᠰᠡᠨ ᠬᠥᠮᠥᠨ ᠶᠤᠮ ᠪᠣᠯᠬᠤᠷ ᠳᠤᠬᠤᠭᠰᠠᠨ ᠲᠡᠪᠡᠯ ᠬᠡᠯᠲᠡᠶᠢᠭᠰᠡᠨ ᠠᠵᠢ᠃ ︽ᠬᠠᠪᠤᠷ ᠤᠨ ᠲᠡᠮᠡᠭᠡ ᠨᠠᠯᠠᠮᠠᠳᠠᠭᠠᠢ ᠶᠢ | ᠮᠡᠳᠡᠳᠡᠭ ᠦᠭᠡᠢ ᠪᠠᠶᠢᠬᠤ ᠨᠢ᠃ ᠲᠡᠮᠡᠭᠡ ᠨᠠᠯᠠᠭᠠᠳ ᠠᠯᠠᠴᠢᠬᠠᠭᠰᠠᠨ ᠦᠭᠡᠢ ᠨᠢ ᠶᠠᠭᠠᠭᠢᠮᠠᠢ︾ ᠭᠡᠵᠦ ᠪᠤᠳᠤᠭᠠᠳ | ᠬᠡᠦᠬᠡᠳ ᠢ ᠲᠡᠪᠡᠷᠢᠨ ᠡᠵᠢ ᠳᠤᠨᠢ ᠥᠭᠪᠡ᠃ ᠬᠡᠦᠬᠡᠳ ᠤᠨ ᠰᠡᠪᠢᠯᠭᠡᠨ ᠤ ᠦᠨᠦᠷ ᠦᠭᠡ ᠭᠡᠯᠡ ᠪᠠᠷ ᠢᠯᠡᠳᠬᠡᠬᠦ ᠶᠢᠨ | ᠠᠷᠭ᠎ᠠ ᠦᠭᠡᠢ ᠰᠣᠳᠣᠨ ᠰᠠᠨᠠᠭᠳᠠᠵᠤ᠂ ᠰᠡᠳᠬᠢᠯ ᠵᠢᠷᠦᠬᠡ ᠣᠭᠰᠢᠭᠠᠳ ᠶᠠᠪᠤᠴᠢᠬᠠᠵᠤ ᠪᠢᠯᠡ᠃ | | | ᠥᠨᠥ ᠪᠦᠰᠡᠭᠦᠢ ᠬᠡᠦᠬᠡᠳ ᠢᠶᠠᠨ ᠰᠢᠮᠡᠭᠦᠯᠦᠭᠡᠳ ᠭᠡᠷ ᠤᠨ ᠪᠠᠷᠠᠭᠤᠨ ᠤᠷᠳᠤ ᠬᠠᠶᠠᠭᠠᠨ ᠠᠴᠠ ᠤᠶᠠᠴᠢᠬᠠᠪᠠ᠃ | ︽ᠡᠭᠦᠳᠡᠨ ᠤ ᠠᠮᠠᠨ ᠳᠤ ᠬᠡᠦᠬᠡᠳ ᠲᠠᠭᠠᠷᠠᠴᠢᠬᠠᠳᠠᠭ ᠦᠭᠡᠢ ᠶᠤᠮ ᠤᠤ︖ ᠪᠠᠷᠠᠭᠤᠨ ᠬᠤᠶᠢᠲᠤ ᠬᠠᠶᠠᠭᠠᠨ ᠠᠴᠠ | ᠤᠶᠠᠴᠢᠬ᠎ᠠ ᠯᠠ ᠳ᠋ᠠ︾ ᠭᠡᠰᠡᠨ ᠳᠤ᠂ ︽ᠪᠣᠯᠴᠢᠬᠠᠨ᠎ᠠ᠂ ᠠᠳᠡ ᠤᠶᠠᠴᠢᠬᠠᠶᠠ᠂ ᠰᠤᠷᠴᠢᠬᠠᠭᠰᠠᠨ ᠶᠤᠮ︾ ᠭᠡᠯᠡ᠃ | | | ᠢᠷᠡᠭᠰᠡᠨ ᠪᠦᠰᠡᠭᠦᠢ ᠮᠠᠷᠭᠠᠰᠢ ᠠᠴᠠ ᠨᠢ ᠬᠤᠨᠢᠨ ᠳᠤ ᠶᠠᠪᠤᠬᠤ ᠪᠠᠷ ᠪᠣᠯᠪᠠ᠃ | | | - ᠨᠣᠭᠤᠭᠠᠨ ᠤ ᠮᠠᠯ ᠲᠣᠭᠲᠠᠭᠤᠷᠢ ᠮᠠᠭᠤᠲᠠᠢ᠃ ᠲᠠ ᠲᠡᠮᠡᠭᠡ ᠤᠨᠤᠭᠠᠳ ᠶᠠᠪᠤ︕ ᠭᠡᠰᠡᠨ ᠳᠤ᠂ | | | - ᠪᠢ ᠤᠨᠤᠭᠠᠨ ᠳᠤ ᠮᠠᠭᠤ᠃ ᠲᠠᠨ ᠤ ᠲᠡᠮᠡᠭᠡ ᠶᠢ ᠵᠢᠭᠰᠢᠭᠡᠴᠢᠭᠡᠨᠡ︕ ᠭᠡᠵᠦ ᠪᠠᠶᠢᠨ᠎ᠠ᠃ | | | - ᠥᠴᠥᠭᠡᠳᠦᠷ ᠤᠨ ᠤᠨᠤᠵᠤ ᠢᠷᠡᠭᠰᠡᠨ ᠲᠡᠮᠡᠭᠡ ᠴᠢᠨᠢ ᠪᠤᠷᠤᠭᠤ ᠬᠠᠷᠠᠭᠠᠳ ᠵᠠᠶᠢᠳᠠᠯᠠᠭᠰᠠᠨ ᠴᠦ ᠲᠤᠶᠢᠯᠠᠬᠤ | ᠦᠭᠡᠢ᠃ ᠶᠠᠳᠠᠵᠤ ᠣᠶᠢᠷ᠎ᠠ ᠣᠶᠢᠷᠠᠬᠠᠨ ᠢᠷᠡᠵᠦ᠂ ᠬᠡᠦᠬᠡᠳ ᠢᠶᠠᠨ ᠬᠥᠬᠦᠭᠦᠯᠬᠦ ᠳᠤ ᠠᠮᠠᠷ ᠪᠠᠶᠢᠯᠭᠦᠢ ᠭᠡᠰᠡᠨ ᠳᠤ᠂ | | | - ᠰᠠᠶᠢᠨ ᠰᠢᠮᠡᠭᠦᠯᠴᠢᠬᠡᠭᠰᠡᠨ ᠶᠤᠮ᠃ ᠤᠭᠢᠯᠠᠬᠤ ᠪᠠᠷ ᠨᠢ ᠵᠤᠳᠠᠩᠳᠠᠴᠢᠭ᠋ᠠ︕ ᠭᠡᠳ ᠡᠷᠭᠢᠨᠡᠭ ᠳᠡᠭᠡᠷ᠎ᠡ ᠠᠴᠠ | ᠲᠠᠭᠰᠢ ᠲᠠᠢ ᠵᠤᠲᠠᠩ ᠠᠪᠴᠤ ᠥᠭᠪᠡ᠃ ᠠᠯᠢ ᠵᠠᠪ ᠲᠤᠨᠢ ᠴᠢᠨᠠᠭᠰᠠᠨ ᠶᠤᠮ᠂ ᠪᠤᠤ ᠮᠡᠳᠡ᠃ | | | - ᠬᠠᠷ᠎ᠠ ᠵᠤᠲᠠᠩ ᠢᠶᠠᠷ ᠶᠠᠭᠠᠬᠢᠳᠠᠭ ᠶᠤᠮ᠃ ᠡᠨᠡᠭᠦᠬᠡᠨ ᠬᠤᠨᠢᠨ ᠤ ᠪᠡᠯᠴᠢᠭᠡᠷ ᠲᠤ ᠲᠡᠮᠡᠭᠡ ᠶᠠᠳᠠᠷᠠᠨ᠎ᠠ ᠭᠡᠬᠦ | ᠪᠢᠰᠢ ᠭᠡᠳ ᠵᠤᠲᠠᠩ ᠢ ᠨᠢ ᠨᠣᠬᠠᠢ ᠶᠢᠨ ᠢᠳᠡᠭᠦᠷ ᠤᠷᠤᠭᠤ ᠬᠢᠴᠢᠬᠡᠪᠡ᠃ | | | ᠬᠥᠭᠡᠷᠦᠬᠦᠢ ᠪᠦᠰᠡᠭᠦᠢ ᠶᠢᠨ ᠨᠢᠳᠦᠨ ᠳᠤ ᠨᠢᠯᠪᠤᠰᠤ ᠲᠤᠨᠤᠷᠠᠨ ᠱᠠᠯᠠᠪᠬᠠᠨ ᠲᠡᠮᠡᠭᠡᠨ ᠤ ᠤᠶᠠᠭ᠎ᠠ ᠲᠠᠶᠢᠯᠤᠭᠠᠳ | ᠮᠣᠷᠳᠠᠪᠠ᠃ | | | ᠬᠡᠦᠬᠡᠳ ᠨᠢ ᠤᠶᠠᠵᠤ ᠤᠷᠭᠢᠬᠰᠠᠭᠠᠷ ᠪᠠᠶᠢᠵᠤ ᠪᠦᠷ ᠰᠤᠷᠴᠢᠬᠠᠵᠠᠢ᠃ ᠭᠠᠷᠴᠤ ᠣᠷᠣᠬᠤ ᠳᠤ ᠠᠷᠤ ᠠᠴᠠ | ᠤᠬᠢᠯᠠᠵᠤ ᠳᠠᠭᠤᠯᠠᠨ᠎ᠠ ᠭᠡᠵᠦ ᠶᠡᠷᠦ ᠪᠠᠶᠢᠬᠤ ᠦᠭᠡᠢ᠃ ᠤᠶᠠᠭ᠎ᠠ ᠪᠠᠷ ᠢᠶᠠᠨ ᠲᠡᠮ ᠠᠪᠤᠨ ᠪᠣᠰᠣᠭᠠᠳ ︽ᠦ᠂ ᠠ︕︾ | ᠬᠡᠮᠡᠨ ᠱᠤᠯᠤᠭᠠᠨᠠᠬᠤ ᠨᠢ ᠪᠦᠷ ᠴᠦ ᠬᠥᠭᠡᠷᠦᠬᠦᠨ᠃ ᠦᠭᠦᠭᠡᠷᠳᠡᠰᠦ ᠬᠥᠳᠡᠯᠦᠨ ᠲᠡᠪᠡᠷᠢᠵᠦ ᠠᠪᠤᠭᠠᠳ | ᠦᠨᠦᠰᠦᠭᠰᠡᠨ ᠳᠤ᠂ ᠥᠭᠡᠳᠡ ᠠᠴᠠ ᠢᠨᠢᠶᠡᠵᠦ ᠪᠠᠶᠢᠨ᠎ᠠ᠃ ︽ᠸᠴᠢᠷ ᠬᠦᠦ︕︾ ᠭᠡᠰᠡᠨ ᠳᠤ᠂ ᠬᠤᠳ ᠬᠤᠳ ᠁ | ᠭᠡᠳ ᠪᠦᠷ ᠴᠦ ᠲᠠᠭᠤ ᠲᠠᠢ ᠢᠨᠢᠶᠡᠪᠡ᠃ ᠨᠡᠷ᠎ᠡ ᠪᠠᠨ ᠮᠡᠳᠡᠵᠦ ᠪᠠᠶᠢᠨ᠎ᠠ ᠭᠡᠴᠢ ᠬᠡᠮᠡᠨ ᠰᠢᠪᠡᠨᠡᠭᠡᠳ ᠬᠦᠦ ᠶᠢ | ᠴᠡᠭᠡᠵᠢᠨ ᠳᠡᠭᠡᠨ ᠤᠳᠠᠭᠠᠨ ᠭᠡᠭᠴᠢ ᠨᠢ ᠲᠡᠪᠡᠷᠢᠭᠡᠳ ᠠᠶᠠᠷᠬᠠᠨ ᠲᠠᠯᠪᠢᠵᠤ ᠥᠮᠥᠳᠦ ᠶᠢ ᠨᠢ ᠢᠷᠡᠪᠡ᠃ ᠭᠤᠶ᠎ᠠ ᠬᠠᠰᠠ | ᠨᠢ ᠶᠠᠭᠠᠬᠢᠬᠤ ᠠᠷᠭ᠎ᠠ ᠦᠭᠡᠢ ᠤᠯᠠᠶᠢᠴᠢᠬᠠᠵᠠᠢ᠃ ᠡᠵᠢ ᠨᠢ ᠬᠥᠳᠡᠭᠡ ᠲᠡᠮᠡᠭᠡᠨ ᠤ ᠪᠡᠯᠴᠢᠭᠡᠷ ᠲᠤ᠂ ᠦᠷ᠎ᠡ ᠨᠢ | ᠠᠶᠢᠯ ᠤᠨ ᠬᠠᠲᠠᠪᠴᠢᠨ ᠤ ᠬᠠᠶᠠᠭᠠᠨ ᠳᠤ ᠪᠠᠶᠢᠭ᠎ᠠ ᠬᠤᠶᠠᠷ ᠬᠥᠭᠡᠷᠦᠬᠦᠢ ᠠᠮᠢᠳᠠᠨ ᠥᠭᠡᠷ᠎ᠡ ᠪᠠᠷ ᠴᠦ ᠶᠠᠭᠠᠬᠢᠬᠤ ᠪᠤᠢ | ᠳ᠋ᠠ ᠭᠡᠵᠦ ᠥᠷᠥᠪᠳᠦᠨ ᠪᠦᠯᠢᠶᠡᠨ ᠤᠰᠤ ᠪᠠᠷ ᠤᠬᠢᠶᠠᠵᠤ ᠰᠢᠷ᠎ᠠ ᠲᠣᠰᠣ ᠲᠦᠷᠭᠢᠪᠡ᠃ ᠪᠠᠭ᠎ᠠ ᠦᠳᠡ ᠶᠢᠨ ᠬᠢᠷᠢ ᠳᠤ | ᠪᠠᠭ᠎ᠠ ᠪᠠᠭ᠎ᠠ ᠤᠬᠢᠯᠠᠩᠨᠠᠬᠤ ᠪᠠᠷ ᠨᠢ ᠢᠩᠭᠡᠨ ᠰᠦ ᠶᠢ ᠬᠠᠯᠠᠭᠤᠨ ᠤᠰᠤ ᠪᠠᠷ ᠬᠢᠷᠠᠮᠠᠯᠠᠨ ᠤᠭᠵᠢᠯᠠ᠃ ᠳᠤᠷᠠᠲᠠᠢ ᠨᠢ | ᠠᠷᠭ᠎ᠠ ᠦᠭᠡᠢ ᠰᠢᠮᠡᠭᠡᠳ ᠳᠣᠣᠷᠠᠬᠠᠨ ᠢᠶᠠᠨ ᠤᠨᠲᠠᠭᠠᠳ ᠥᠭᠪᠡ᠃ ᠪᠢ ᠴᠦ ᠦᠷ᠎ᠡ ᠶᠢᠨ ᠪᠤᠶᠠᠨ ᠢᠶᠠᠷ ᠬᠤᠮᠰᠠᠬᠠᠨ | ᠠᠮᠢᠳᠠᠨ ᠪᠣᠯᠬᠤᠷ ᠶᠠᠳᠠᠷᠠᠭᠰᠠᠨ ᠬᠥᠮᠥᠨ ᠤ ᠦᠷ᠎ᠡ ᠶᠢ ᠡᠶᠢᠮᠦ ᠲᠡᠶᠢᠮᠦ ᠪᠣᠯᠭᠠᠴᠢᠬᠠᠬᠤ ᠦᠭᠡᠢ ᠪᠠᠶᠢᠭ᠎ᠠ ᠳ᠋ᠠ ᠭᠡᠵᠦ | ᠡᠮᠵᠡᠭᠯᠡᠨ᠂ ᠥᠨᠥ ᠦᠢᠯᠡ ᠲᠠᠢ ᠨᠢᠯᠪᠤᠰᠤ ᠪᠠᠨ ᠪᠠᠰᠠ ᠯᠠ ᠤᠨᠠᠭᠠᠪᠠ᠃ | | | ᠦᠳᠡ ᠶᠢᠨ ᠭᠤᠣᠯ ᠳᠤ ᠥᠨᠥ ᠪᠦᠰᠡᠭᠦᠢ ᠬᠤᠨᠢᠳ ᠢᠶᠠᠨ ᠦᠳᠡᠯᠡᠭᠦᠯᠵᠦ ᠢᠷᠡᠯ᠎ᠡ᠃ ᠪᠢ ᠲᠤᠰᠴᠤ | ᠣᠴᠢᠭᠠᠳ᠄ | | | - ᠬᠤᠨᠢ ᠲᠣᠭᠲᠠᠪᠠ ᠤᠤ︖ | | | - ᠲᠣᠭᠲᠠᠯ᠎ᠠ᠂ ᠰᠠᠶᠢᠬᠠᠨ ᠲᠣᠭᠲᠠᠭᠰᠠᠨ ᠠ᠋᠃ ᠬᠡᠦᠬᠡᠳ ᠤᠬᠢᠯᠠᠵᠤ ᠲᠠᠨ ᠢ ᠵᠣᠪᠠᠭᠠᠭᠰᠠᠨ ᠦᠭᠡᠢ ᠪᠢᠵᠡ︖ | | | - ᠪᠠᠭ᠎ᠠ ᠦᠳᠡ ᠶᠢᠨ ᠬᠢᠷᠢ ᠳᠤ ᠪᠠᠭ᠎ᠠ ᠰᠠᠭ᠎ᠠ ᠤᠬᠢᠯᠠᠩᠨᠠᠬᠤ ᠪᠠᠷ ᠨᠢ ᠢᠩᠭᠡᠨ ᠰᠦ ᠶᠢ ᠤᠰᠤ ᠪᠠᠷ | ᠬᠢᠷᠠᠮᠠᠯᠠᠭᠠᠳ ᠤᠭᠵᠢᠴᠢᠬᠠᠭᠰᠠᠨ᠃ | | | - ᠢᠩᠭᠡᠨ ᠰᠦ ᠪᠠᠷ ᠤᠭᠵᠢᠭᠰᠠᠨ ᠬᠡᠦᠬᠡᠳ ᠴᠠᠭᠠᠨ ᠪᠤᠯᠳᠠᠭ ᠭᠡᠰᠡᠨ᠃ ᠲᠠᠨ ᠳᠤ ᠭᠢᠯᠠᠶᠢᠯᠠ ᠭᠡᠳ ᠨᠢᠯᠪᠤᠰᠤ | ᠮᠡᠯᠮᠡᠷᠡᠭᠦᠯᠪᠡ᠃ ᠪᠠᠶᠠᠷ ᠤᠨ ᠨᠢᠯᠪᠤᠰᠤ ᠭᠡᠳᠡᠭ ᠢ ᠨᠢ ᠣᠶᠢᠯᠠᠭᠠᠵᠤ ᠪᠠᠶᠢᠭᠰᠠᠨ ᠴᠦ ᠲᠠᠶᠢᠳᠬᠤᠷᠠᠭᠤᠯᠬᠤ ᠦᠭᠡ ᠡᠰᠡ | ᠣᠯᠳᠠᠪᠠ᠃ | | | - ᠢᠩᠭᠡᠨ ᠰᠦ ᠰᠠᠶᠢᠨ ᠴᠦ ᠡᠬᠡ ᠶᠢᠨ ᠰᠦᠨ ᠳᠤ ᠶᠠᠭᠠᠬᠢᠵᠤ ᠬᠦᠷᠬᠦ ᠪᠤᠢ᠃ ᠤᠨᠤᠭ᠎ᠠ ᠲᠠᠢ ᠬᠥᠮᠥᠨ | ᠳᠤᠮᠳᠠ ᠨᠢ ᠢᠷᠡᠵᠦ ᠬᠥᠬᠦᠭᠦᠯᠵᠦ ᠪᠠᠶᠢᠭᠠᠷᠠᠢ᠃ | | | ᠲᠡᠷᠡ ᠪᠦᠰᠡᠭᠦᠢ ᠬᠤᠪᠣᠭᠤ ᠲᠠᠲᠠᠵᠤ ᠵᠣᠭᠰᠣᠭᠰᠠᠨ ᠢᠶᠠᠨ᠄ ︽ᠠᠶᠢᠯ ᠤᠨ ᠲᠡᠮᠡᠭᠡ ᠶᠢ ᠶᠠᠪᠠᠭᠠᠨ ᠬᠠᠷᠢᠭᠤᠯᠳᠠᠭ | ᠪᠣᠯᠬᠤᠷ ᠲᠡᠷᠲᠡᠭᠡ ᠬᠤᠯᠠ ᠲᠡᠮᠡᠭᠡᠨ ᠤ ᠪᠡᠯᠴᠢᠭᠡᠷ ᠠᠴᠠ ᠬᠡᠦᠬᠡᠳ ᠢᠶᠠᠨ ᠬᠥᠬᠦᠭᠦᠯᠬᠦ ᠪᠠᠷ ᠢᠷᠡᠵᠦ ᠵᠠᠪᠳᠤᠬᠤ ᠦᠭᠡᠢ᠃ | ᠠᠶᠢᠯ ᠤᠨ ᠬᠠᠲᠠᠪᠴᠢᠨ ᠳᠤ ᠬᠦᠦ ᠮᠢᠨᠢ ᠬᠠᠷ᠎ᠠ ᠵᠤᠲᠠᠩ ᠢᠶᠠᠷ ᠥᠯᠥᠰᠴᠦ ᠥᠯᠪᠡᠷᠴᠦ ᠪᠠᠶᠢᠬᠤ ᠳᠤ᠂ ᠪᠢ ᠰᠤᠭᠤ ᠪᠠᠨ | ᠰᠣᠴᠢᠲᠠᠯ᠎ᠠ ᠬᠥᠬᠦ ᠪᠠᠨ ᠴᠢᠨᠦᠷᠡᠭᠦᠯᠦᠨ᠂ ᠰᠠᠭᠠᠵᠤ ᠰᠢᠪᠲᠤᠷᠠᠬᠤ ᠭᠡᠵᠦ ᠦᠢᠯᠡ ᠪᠠᠨ ᠡᠳ᠋ᠯᠡᠨ᠂ ᠬᠦᠦ ᠳᠡᠭᠡᠨ | ᠬᠥᠬᠦᠭᠦᠯᠳᠡᠭ ᠴᠦ ᠪᠣᠯᠣᠭᠠᠰᠠᠢ ᠬᠡᠮᠡᠨ ᠤᠭᠢᠯᠠᠳᠠᠭ ᠪᠠᠶᠢᠵᠤ ᠪᠢᠯᠡ᠃ ᠴᠢᠮᠡᠳ ᠭᠡᠳᠡᠭ ᠲᠠᠭ ᠲᠠᠨᠢᠬᠤ ᠦᠭᠡᠢ ᠬᠥᠮᠥᠨ | ᠭᠤᠶᠤᠵᠤ ᠣᠴᠢᠬᠤ ᠪᠠᠷ ᠨᠢ ᠶᠠᠭᠤ ᠴᠦ ᠭᠡᠰᠡᠨ ᠠᠶᠢᠯ ᠰᠣᠯᠢᠶ᠎ᠠ᠃ ᠪᠤᠭ ᠮᠠᠯ ᠤᠨ ᠬᠥᠯ ᠪᠣᠭᠤᠨᠢ ᠪᠡᠯᠴᠢᠭᠡᠷ ᠣᠶᠢᠷ᠎ᠠ | ᠭᠡᠵᠦ ᠪᠤᠳᠤᠭᠠᠳ ᠢᠷᠡᠭᠰᠡᠨ ᠶᠤᠮ︾ ᠭᠡᠵᠦ ᠶᠠᠷᠢᠬᠤ ᠪᠠᠷ ᠨᠢ᠄ ︽ᠬᠥᠭᠡᠷᠦᠬᠦᠢ᠂ ᠡᠨᠡ ᠡᠵᠢ ᠬᠦᠦ ᠬᠤᠶᠠᠷ ᠲᠤ | ᠠᠶᠢᠬᠤᠪᠲᠤᠷ ᠬᠠᠷᠭᠢᠰ ᠴᠡᠪᠳᠡᠭ ᠠᠶᠢᠯ ᠲᠠᠭᠠᠷᠠᠵᠤ ᠳ᠋ᠠ︾ ᠭᠡᠵᠦ ᠪᠤᠳᠤᠨ ᠦᠷᠦᠪᠳᠤᠵᠦ ᠪᠢᠯᠡ᠃ | | | ᠡᠵᠢ ᠨᠢ ᠮᠠᠯ ᠳᠤ ᠶᠠᠪᠤᠭᠰᠠᠨ ᠡᠵᠡᠭᠦᠢ ᠬᠤᠶᠢᠭᠤᠷ ᠪᠢ ᠬᠦᠦ ᠶᠢ ᠨᠢ ᠭᠡᠷ ᠤᠨ ᠬᠤᠶᠢᠮᠤᠷ ᠲᠤ ᠤᠶᠠᠪᠠ᠃ | ᠥᠨᠥᠬᠢ ᠴᠢᠨᠢ ᠪᠠᠷᠠᠭᠤᠨ ᠤᠷᠳᠤ ᠬᠠᠶᠠᠭ᠎ᠠ ᠤᠷᠤᠭᠤ ᠬᠠᠷᠠᠭᠠᠳ ᠤᠬᠢᠯᠠᠵᠤ ᠪᠠᠶᠢᠨ᠎ᠠ᠃ ᠠᠶᠢᠯ ᠤᠨ ᠪᠠᠷᠠᠭᠤᠨ ᠤᠷᠳᠤ | ᠬᠠᠶᠠᠭᠠᠨ ᠳᠤ ᠤᠶᠠᠭᠳᠠᠭᠰᠠᠭᠠᠷ ᠪᠠᠶᠢᠭᠠᠳ ᠳᠠᠰᠴᠢᠬᠠᠵᠠᠢ᠃ | | | ᠨᠢᠭᠡ ᠡᠳᠦᠷ ᠪᠢ ︽ᠠᠯᠢ ᠶᠢᠨ ᠪᠣᠯᠭᠠᠨ ᠨᠢᠭᠤᠵᠤ ᠬᠠᠪᠴᠢᠵᠤ ᠪᠠᠶᠢᠳᠠᠭ ᠶᠤᠮ︾ ᠭᠡᠵᠦ ᠪᠤᠳᠤᠭᠠᠳ ᠬᠦᠦ ᠶᠢ | ᠨᠢ ᠬᠤᠶᠢᠮᠤᠷ ᠲᠤ ᠤᠶᠠᠨ᠂ ᠪᠡᠶ᠎ᠡ ᠪᠠᠷ ᠢᠶᠠᠨ ᠬᠠᠯᠬᠠᠯᠠᠨ ᠰᠠᠭᠤᠵᠤ ᠪᠠᠶᠢᠲᠠᠯ᠎ᠠ ᠡᠵᠢ ᠨᠢ ᠣᠷᠣᠭᠠᠳ ᠢᠷᠡᠯ᠎ᠡ᠃ | ᠪᠠᠷᠠᠭᠤᠨ ᠤᠷᠳᠤ ᠬᠠᠶᠠᠭ᠎ᠠ ᠤᠷᠤᠭᠤ ᠬᠠᠷᠠᠩᠭᠤᠲᠠ ᠴᠢᠷᠠᠢ ᠨᠢ ᠵᠢᠪᠡᠬᠡᠢ ᠴᠠᠶᠢᠭᠠᠳ ᠶᠠᠪᠤᠴᠢᠬᠠᠪᠠ᠃ ᠡᠵᠢ ᠬᠥᠮᠥᠨ | ᠭᠡᠵᠦ ᠲᠡᠶᠢᠮᠦ ᠯᠡ ᠡᠮᠵᠡᠭ ᠮᠡᠳᠡᠷᠡᠮᠵᠢ ᠲᠠᠢ ᠪᠠᠶᠢᠳᠠᠭ ᠰᠠᠨᠵᠠᠢ᠃ ︽ᠬᠦᠦ ᠴᠢᠨᠢ᠂ ᠠᠳᠡ ᠪᠠᠶᠢᠨ᠎ᠠ᠂ ᠠᠳᠡ ᠪᠠᠶᠢᠨ᠎ᠠ︕︾ | ᠭᠡᠳ ᠪᠢ ᠱᠠᠯᠠᠪᠬᠠᠨ ᠪᠣᠰᠪᠠ᠃ ᠨᠢᠭᠤᠷ ᠴᠢᠷᠠᠢ ᠨᠢ ᠬᠠᠴᠢᠨ ᠡᠪ ᠦᠭᠡᠢ ᠪᠣᠯᠵᠠᠢ᠃ ︽ᠮᠢᠨᠤ ᠠᠮᠢ ᠰᠢᠤ ᠳ᠋ᠠ︕︾ | ᠭᠡᠳ ᠬᠦᠦ ᠪᠠᠨ ᠠᠪᠤᠯ᠎ᠠ᠃ ︽ᠬᠡᠷᠡᠭ ᠦᠭᠡᠢ ᠴᠦ ᠶᠠᠭᠤᠮ᠎ᠠ ᠪᠣᠯᠣᠯ᠎ᠠ︾ ᠭᠡᠵᠦ ᠪᠤᠳᠤᠨ ᠶᠠᠭᠠᠬᠢᠬᠤ ᠪᠠᠨ ᠣᠯᠬᠤ | ᠦᠭᠡᠢ ᠰᠠᠭᠤᠵᠤ ᠪᠠᠶᠢᠲᠠᠯ᠎ᠠ ᠠᠰᠢᠭᠦᠢ ᠴᠢᠷᠠᠢ ᠨᠢ ᠲᠠᠯᠪᠢᠭᠤᠷᠠᠨ᠄ ︽ᠪᠢ ᠲᠠᠨ ᠤ ᠰᠠᠶᠢᠬᠠᠨ ᠰᠡᠳᠬᠢᠯ ᠢ | ᠣᠶᠢᠯᠠᠭᠠᠭᠰᠠᠨ ᠦᠭᠡᠢ᠂ ᠡᠪ ᠦᠭᠡᠢ ᠬᠠᠨᠳᠤᠴᠢᠬᠠᠯᠠ︾ ᠬᠡᠮᠡᠨ ᠰᠤᠯᠠᠮᠠᠭ ᠳᠤᠤᠭᠠᠷᠪᠠ᠃ | | | ᠢᠩᠭᠢᠵᠦ ᠪᠢᠳᠠ ᠬᠤᠶᠠᠷ ᠠᠮᠠᠷᠬᠠᠨ ᠳᠠᠰᠤᠯᠴᠠᠵᠤ᠂ ᠰᠠᠨᠠᠭ᠎ᠠ ᠰᠡᠳᠬᠢᠯ ᠢᠶᠠᠨ ᠣᠶᠢᠯᠠᠭᠠᠯᠴᠠᠨ᠂ ᠲᠡᠷᠡ ᠰᠤᠪᠠᠢ | ᠲᠡᠮᠡᠭᠡ᠂ ᠬᠤᠨᠢᠨ ᠰᠦᠷᠦᠭ ᠤᠨ ᠳᠤᠮᠳᠠ ᠱᠣᠭᠰᠢᠭᠤᠯᠵᠤ᠂ ᠪᠢ ᠢᠩᠭᠡ ᠪᠣᠲᠣᠭᠤ᠂ ᠬᠤᠷᠠᠭ᠎ᠠ ᠢᠰᠢᠭᠡ᠂ ᠬᠤᠳᠳᠤᠭ | ᠤᠰᠤ᠂ ᠰᠦ ᠰᠠᠭᠠᠯᠢ ᠁ ᠭᠡᠳ ᠭᠡᠷ ᠵᠠᠭᠤᠷ᠎ᠠ ᠶᠢᠨ ᠠᠵᠢᠯ ᠳᠤ ᠶᠠᠭᠠᠷᠠᠬᠤ ᠶᠢᠨ ᠳᠠᠭᠠᠤ ᠬᠡᠦᠬᠡᠳ ᠬᠠᠷᠠᠬᠤ | ᠳᠠᠪᠬᠤᠷ ᠠᠵᠢᠯ ᠲᠠᠢ ᠪᠣᠯᠣᠯ᠎ᠠ᠃ | | | ᠨᠡᠯᠢᠶᠡᠳ ᠳᠠᠰᠤᠯᠴᠠᠭᠰᠠᠨ ᠪᠣᠯᠬᠤᠷ ᠪᠢ ᠶᠠᠷᠢᠶᠠᠨ ᠤ ᠪᠠᠨ ᠲᠠᠯᠢᠮ ᠳᠤ ︽ᠡᠨᠡ ᠬᠦᠦ ᠶᠢᠨ ᠠᠪᠤ ᠨᠢ ᠬᠠᠮᠢᠭ᠎ᠠ | ᠪᠠᠶᠢᠳᠠᠭ ᠶᠤᠮ︖︾ ᠭᠡᠰᠡᠨ ᠳᠤ ︽ᠬᠡᠦᠬᠡᠳ ᠤᠨ ᠠᠪᠤ ᠨᠢ ᠴᠡᠷᠢᠭ ᠲᠤ ᠲᠠᠲᠠᠭᠳᠠᠨ ᠭᠡᠷ ᠲᠡᠭᠡᠨ ᠪᠠᠶᠢᠬᠤ ᠨᠢ ᠬᠤᠪᠣᠷ᠃ | ᠮᠠᠨ ᠤ ᠬᠠᠳᠠᠮ ᠡᠵᠢ᠂ ᠨᠠᠳᠠ ᠶᠡᠭᠡ ᠠᠶᠠᠭᠦᠢ᠃ ᠪᠢ ᠯᠡ ᠤᠷᠤᠭᠰᠢ ᠦᠭᠡᠢ ᠪᠠᠶᠢᠭᠰᠠᠨ ᠪᠣᠯᠣᠭᠠᠳ ᠲᠡᠷᠡ ᠪᠢᠵᠡ︕ | ᠤᠷᠵᠢᠨᠤᠨ ᠬᠠᠪᠤᠷ ᠬᠥᠳᠡᠭᠡ ᠬᠤᠨᠢ ᠬᠠᠷᠢᠭᠤᠯᠵᠤ ᠶᠠᠪᠤᠲᠠᠯ᠎ᠠ ᠲᠦᠷᠪᠡᠨ ᠬᠤᠨᠢ ᠬᠤᠷᠠᠭᠠᠯᠠᠴᠢᠬᠠᠪᠠ᠃ ᠬᠦᠦ ᠮᠢᠨᠢ | ᠲᠠᠪᠤ᠂ ᠵᠢᠷᠭᠤᠭᠠᠨ ᠰᠠᠷ᠎ᠠ ᠪᠣᠯᠴᠢᠬᠠᠭᠰᠠᠨ ᠪᠣᠯᠬᠤᠷ ᠳᠥᠷᠪᠡ ᠶᠢᠨ ᠲᠦᠷᠪᠡᠨ ᠬᠤᠷᠠᠭ᠎ᠠ ᠡᠭᠦᠷᠬᠦ ᠬᠡᠴᠡᠭᠦᠦ᠃ ᠲᠡᠭᠡᠭᠡᠳ | ᠬᠤᠶᠠᠷ ᠬᠤᠷᠠᠭ᠎ᠠ ᠶᠢ ᠡᠬᠡ ᠶᠢ ᠨᠢ ᠳᠠᠭᠠᠭᠤᠯᠤᠨ ᠲᠠᠭᠤᠵᠤ ᠢᠷᠡᠭᠰᠡᠨ ᠳᠤ ᠬᠠᠳᠠᠮ ᠡᠵᠢ᠄ ︿ᠵᠣᠪᠠᠯᠭ᠎ᠠ ᠪᠠᠨ | ᠬᠠᠶᠢᠷᠠᠯᠠᠭᠠᠳ ᠡᠭᠦᠷᠦᠭᠰᠡᠨ ᠦᠭᠡᠢ ᠪᠠᠶᠢᠯᠭᠦᠢ᠃ ᠭᠡᠳᠡᠰᠦᠨ ᠳᠠᠬᠢ ᠵᠤᠯᠪᠤᠳᠠᠰᠤ ᠶᠢ ᠴᠢᠨᠢ ᠬᠤᠷᠣᠭᠠᠨ ᠳᠤ | ᠬᠤᠷᠠᠭ᠎ᠠ ᠲᠠᠢ ᠬᠠᠮᠲᠤ ᠬᠤᠷᠢᠬᠤ ᠶᠢᠨ ᠴᠠᠭ ᠲᠤ᠂ ᠴᠢ ᠬᠤᠷᠠᠭ᠎ᠠ ᠬᠠᠶᠢᠷᠠᠯᠠᠬᠤ ᠶᠢ ᠮᠡᠳᠡᠨ᠎ᠡ᠂ ᠭᠠᠶᠢᠭᠤᠢ ᠁﹀ | ᠬᠡᠮᠡᠨ ᠬᠡᠯᠡᠬᠦ᠂ ᠬᠡᠯᠡᠬᠦ ᠦᠭᠡᠢ ᠦᠭᠡ ᠪᠠᠷ ᠬᠠᠷᠢᠶᠠᠵᠤ ᠵᠦᠭᠡᠨ ᠭᠡᠳᠦ ᠭᠡᠳᠦ ᠣᠷᠢᠶᠠᠯᠭᠠᠪᠠ᠃ ︿ᠮᠠᠯ ᠠᠴᠠ | ᠳᠣᠣᠷᠠᠲᠤᠭᠰᠠᠨ ᠬᠥᠮᠥᠨ ᠪᠠᠶᠢᠵᠤ ᠪᠤᠯᠬᠤ ᠤᠤ﹀ ᠭᠡᠵᠦ ᠪᠤᠳᠤᠭᠠᠳ ᠲᠡᠷᠡ ᠰᠥᠨᠢ ᠳᠡᠭᠡᠨ ᠤᠷᠭᠤᠴᠢᠬᠠᠬᠰᠠᠨ ᠶᠤᠮ᠃ | ᠲᠡᠷᠡ ᠲᠠᠢ᠂ ᠲᠡᠷᠡ ᠦᠭᠡᠢ ᠮᠠᠯ ᠤᠨ ᠫᠧᠩ ᠳᠤ ᠤᠨᠲᠠᠳᠠᠭ ᠨᠠᠳᠠ ᠨᠢᠭᠤᠵᠤ ᠳᠠᠯᠳᠠᠯᠠᠬᠤ ᠶᠠᠭᠤ ᠪᠠᠶᠢᠬᠤ ᠪᠤᠢ᠂ | ᠰᠢᠭᠤᠳ ᠯᠡ ᠭᠠᠷᠤᠭᠠᠳ ᠭᠦᠶᠦᠴᠢᠬᠡᠭᠰᠡᠨ︾ ᠭᠡᠪᠡ᠃ ︽ᠪᠡᠷᠢ ᠪᠠᠨ ᠪᠤᠳᠤᠬᠤ ᠦᠭᠡᠢ ᠭᠡᠬᠦ ᠳᠤ᠂ ᠣᠮᠪᠣᠯᠣ ᠪᠠᠨ | ᠪᠤᠳᠤᠮᠠᠷ ᠶᠤᠮ᠃ ᠮᠥᠨᠴᠦ ᠠᠷᠢᠯᠤᠭᠰᠠᠨ ᠳᠣᠲᠣᠷ ᠲᠠᠢ ᠬᠠᠳᠠᠮ ᠲᠠᠭᠠᠷᠠᠵᠤ ᠳ᠋ᠠ︾ ᠭᠡᠵᠦ ᠪᠤᠳᠤᠨ ︽ᠵᠠᠯᠠᠭᠤ ᠳᠠᠭᠠᠨ | ᠵᠦᠳᠡᠷᠡᠪᠡᠯ ᠥᠲᠡᠯᠬᠦ ᠳᠡᠭᠡᠨ ᠵᠢᠷᠭᠠᠳᠠᠭ ᠶᠤᠮ ᠭᠡᠰᠡᠨ᠃ ᠬᠤᠵᠢᠮ ᠦᠷ᠎ᠡ ᠶᠢᠨ ᠢᠶᠠᠨ ᠰᠠᠶᠢᠨ ᠢ ᠦᠵᠡᠵᠦ᠂ ᠰᠠᠶᠢᠬᠠᠨ | ᠠᠮᠢᠳᠤᠷᠠᠨ᠎ᠠ︾ ᠭᠡᠵᠦ ᠰᠡᠳᠬᠢᠯ ᠢ ᠨᠢ ᠵᠠᠰᠠᠪᠠ᠃ | | | ᠡᠵᠢ ᠬᠦᠦ ᠬᠤᠶᠠᠷ ᠮᠠᠨ ᠤ ᠳᠤ ᠢᠷᠡᠭᠡᠳ ᠲᠦᠷᠪᠡᠨ ᠵᠢᠯ ᠭᠠᠷᠤᠢ ᠪᠣᠯᠵᠤ᠂ ᠬᠦᠦ ᠨᠢ ᠵᠢᠷᠭᠤᠭᠠᠨ ᠨᠠᠰᠤ | ᠭᠦᠷᠦᠨ ᠬᠤᠷᠠᠭ᠎ᠠ ᠢᠰᠢᠭᠡ ᠬᠠᠷᠢᠭᠤᠯᠬᠤ ᠪᠣᠯᠴᠢᠬᠠᠭᠰᠠᠨ ᠪᠠᠶᠢᠯ᠎ᠠ᠃ | | | ᠨᠢᠭᠡ ᠡᠳᠦᠷ᠂ ᠬᠤᠶᠠᠷ ᠵᠠᠯᠠᠭᠤᠬᠠᠨ ᠪᠦᠰᠡᠭᠦᠢ ᠢᠷᠡᠭᠡᠳ᠄ ︽ᠡᠵᠢ᠂ ᠪᠡᠷᠭᠡᠨ ᠢ ︿ᠬᠤᠷᠳᠤᠨ ᠢᠷᠡᠵᠦ᠂ ᠬᠤᠨᠢ | ᠬᠠᠷᠢᠭᠤᠯ︕﹀ ᠭᠡᠵᠦ ᠪᠠᠶᠢᠨ᠎ᠠ︾ ᠭᠡᠰᠡᠨ ᠳᠤ ︽ᠪᠢ ᠣᠴᠢᠬᠤ ᠦᠭᠡᠢ᠂ ᠡᠨᠡ ᠠᠶᠢᠯ ᠳᠤ ᠬᠠᠪᠰᠤᠷᠬᠤ ᠪᠠᠷ ᠪᠣᠯᠤᠭᠰᠠᠨ︾ | ᠭᠡᠪᠡ᠃ | | | ︽ᠲᠠ ᠠᠬ᠎ᠠ ᠶᠢᠨ ᠶᠣᠰᠣᠯᠠᠵᠤ ᠠᠪᠤᠭᠰᠠᠨ ᠡᠬᠡᠨᠡᠷ᠃ ᠬᠠᠷᠢᠬᠤ ᠦᠭᠡᠢ ᠪᠣᠯ ᠰᠠᠶᠢᠨ ᠢᠶᠠᠨ ᠦᠵᠡᠬᠦ ᠦᠭᠡᠢ ᠶᠢ | ᠲᠠ ᠣᠶᠢᠯᠠᠭᠠᠵᠤ ᠪᠠᠶᠢᠭ᠎ᠠ ᠪᠠᠶᠢᠯᠭᠦᠢ᠃ ᠡᠨᠡ ᠬᠡᠦᠬᠡᠳ ᠢ ᠴᠦ ᠠᠪᠠᠴᠢᠨ᠎ᠠ︾ ᠭᠡᠲᠡᠯ᠎ᠡ ︽ᠵᠠ᠂ ᠶᠠᠭᠠᠬᠢᠬᠤ ᠪᠤᠢ︕ ᠪᠢ | ᠶᠣᠰᠣᠯᠠᠵᠤ ᠠᠪᠠᠴᠢᠭᠰᠠᠨ ᠪᠡᠷᠢ ᠨᠢ ᠪᠣᠯᠬᠤᠷ ᠡᠵᠢ ᠴᠢᠨᠢ ᠲᠣᠯᠣᠭᠠᠢ ᠮᠡᠳᠡᠵᠦ ᠪᠣᠯᠣᠨ᠎ᠠ᠃ ᠭᠡᠪᠡᠴᠦ ᠲᠦᠷᠦᠭᠰᠡᠨ | ᠬᠡᠦᠬᠡᠳ ᠲᠤ ᠪᠠᠨ ᠡᠵᠡᠨ ᠮᠡᠳᠡᠬᠦ ᠡᠷᠬᠡ ᠨᠠᠳᠠ ᠪᠤᠢ︾ ᠭᠡᠳ ᠬᠦᠦ ᠪᠠᠨ ᠰᠢᠭᠤᠳ ᠨᠠᠳᠠ ᠳᠤ ᠲᠡᠪᠡᠷᠢᠭᠦᠯᠪᠡ᠃ | | | ︽ᠪᠢ ᠬᠦᠦ ᠶᠢ ᠴᠢᠨᠢ ᠠᠪᠴᠤ ᠬᠤᠴᠣᠷᠬᠤ ᠳᠤᠷᠠᠲᠠᠢ᠃ ᠭᠡᠪᠡᠴᠦ ᠪᠢ ᠥᠪᠡᠷ ᠢᠶᠠᠨ ᠲᠠᠪᠤ ᠶᠢᠨ ᠲᠠᠪᠤᠨ | ᠬᠦᠦ ᠪᠠᠨ ᠠᠯᠳᠠᠴᠢᠬᠠᠭᠰᠠᠨ ᠪᠣᠯᠬᠤᠷ ᠲᠠᠨ ᠤ ᠬᠦᠦ ᠶᠢ ᠬᠥᠮᠥᠨ ᠪᠤᠯᠭᠠᠵᠤ ᠴᠢᠳᠠᠬᠤ ᠦᠭᠡᠢ ᠠᠴᠠ ᠪᠠᠨ ᠠᠶᠤᠵᠤ | ᠪᠠᠶᠢᠨ᠎ᠠ︾ ᠭᠡᠰᠡᠨ ᠳᠤ ︽ᠵᠠ᠂ ᠮᠢᠨᠤ ᠬᠦᠦ ᠶᠢᠨ ᠵᠠᠶᠠᠭ᠎ᠠ ᠮᠡᠳᠡᠭᠰᠡᠨ ᠬᠡᠷᠡᠭ᠂ ᠣᠰᠣᠯᠳᠠᠭᠰᠠᠨ ᠴᠦ ᠬᠠᠶᠢᠷ᠎ᠠ | ᠬᠠᠯᠠᠮᠵᠢᠲᠠᠢ ᠡᠵᠢ ᠶᠢᠨ ᠭᠠᠷ ᠳᠡᠭᠡᠷ᠎ᠡ ᠵᠢᠷᠭᠠᠯ ᠲᠠᠢ ᠪᠠᠶᠢᠭᠰᠠᠨ ᠭᠡᠵᠦ ᠪᠤᠳᠤᠶ᠎ᠠ᠂ ᠨᠠᠮ᠎ᠠ ᠶᠢ ᠲᠠᠭᠠᠵᠤ ᠵᠣᠪᠠᠵᠤ | ᠪᠠᠶᠢᠭᠰᠠᠨ ᠠᠴᠠ ᠲᠠᠨ ᠤ ᠠᠳᠡ ᠦᠬᠦᠭᠰᠡᠨ ᠴᠦ ᠶᠠᠭᠠᠬᠢᠳᠠᠭ ᠶᠤᠮ︾ ᠭᠡᠵᠦ ᠬᠡᠯᠡᠭᠡᠳ ᠶᠠᠪᠤᠭᠠᠳ ᠥᠭᠴᠦ ᠪᠢᠯᠡ᠃ | ᠬᠡᠦᠬᠡᠳ ᠨᠢ ᠠᠷᠤ ᠠᠴᠠ ᠨᠢ ᠲᠠᠭᠠᠵᠤ ᠤᠭᠢᠯᠠᠳᠠᠭ ᠪᠣᠯ ᠤᠤ ᠶᠠᠭᠠᠬᠢᠳᠠᠭ ᠪᠣᠯ ᠭᠡᠵᠦ ᠪᠤᠳᠤᠨ ᠵᠣᠪᠠᠵᠤ ᠪᠠᠶᠢᠭᠰᠠᠨ | ᠴᠢᠨᠢ ᠬᠠᠷᠢᠨ ︽ᠵᠠ᠂ ᠮᠥᠮᠥ ᠰᠠᠶᠢᠨ ᠶᠠᠪᠤ︕︾ ᠭᠡᠳ ᠠᠵᠢᠭ ᠴᠦ ᠦᠭᠡᠢ ᠭᠡᠷ ᠤᠷᠤᠭᠤ ᠪᠠᠨ ᠭᠦᠶᠦᠴᠢᠬᠡᠪᠡ᠃ | | | ᠢᠩᠭᠢᠵᠦ ᠯᠡ ᠪᠢ ᠬᠥᠮᠥᠨ ᠤ ᠬᠡᠦᠬᠡᠳ ᠢ ᠦᠷᠡᠴᠢᠯᠡᠵᠦ ᠠᠪᠤᠭᠰᠠᠨ ᠬᠥᠮᠥᠨ ᠳ᠋ᠠ᠃ ᠦᠯᠢᠭᠡᠷ ᠲᠤ ᠭᠠᠷᠴᠤ | ᠪᠠᠶᠢᠭ᠎ᠠ ᠲᠡᠷᠡ ᠬᠥᠭᠡᠷᠦᠬᠦᠢ ᠪᠦᠰᠡᠭᠦᠢ ᠪᠣᠯ ᠠᠪᠤ ᠶᠢᠨ ᠴᠢᠨᠢ ᠲᠦᠷᠦᠭᠰᠡᠨ ᠡᠵᠢ᠂ ᠲᠠ ᠨᠠᠷ ᠤᠨ ᠡᠮᠡᠭᠡ ᠰᠢᠤ ᠳ᠋ᠠ᠃ | ᠬᠠᠷᠢᠨ ᠪᠢ ᠪᠣᠯ ᠠᠪᠤ ᠶᠢᠨ ᠴᠢᠨᠢ ᠡᠷᠭᠦᠯᠲᠡ ᠡᠵᠢ᠃ ᠠᠪᠤ ᠴᠢᠨᠢ ᠠᠩᠬ᠎ᠠ ᠭᠡᠯᠡ ᠳᠤ ᠣᠷᠣᠩᠭᠤᠲᠠ ᠨᠠᠮᠠᠶᠢ ︽ᠢᠵᠶᠢ︾ | ᠭᠡᠵᠦ ᠳᠠᠭᠤᠳᠠᠭᠰᠠᠨ᠃ ᠠᠪᠤ ᠪᠠᠨ ᠳᠠᠭᠤᠷᠢᠶᠠᠭᠠᠳ ᠲᠠ ᠨᠠᠷ ᠴᠦ ᠨᠠᠮᠠᠶᠢ ︽ᠢᠵᠶᠢ︾ ᠯᠡ ᠭᠡᠳᠡᠭ᠃ ᠬᠡᠳᠦᠶᠢᠪᠡᠷ ᠪᠢ | ᠥᠪᠡᠷ ᠤᠨ ᠭᠡᠰᠡᠨ ᠲᠦᠷᠦᠭᠰᠡᠨ ᠦᠷ᠎ᠡ ᠦᠭᠡᠢ ᠴᠦ ᠲᠦᠷᠦᠭᠰᠡᠨ ᠡᠵᠢ ᠠᠴᠠ ᠨᠢ ᠢᠯᠡᠭᠦᠳᠡᠢ ᠲᠠ ᠨᠠᠷ ᠲᠤ | ᠬᠦᠨᠳᠦᠯᠡᠭᠦᠯᠵᠦ ᠶᠠᠪᠤᠨ᠎ᠠ᠃ | | | ᠲᠠ ᠨᠠᠷ ᠤᠨ ᠲᠦᠷᠦᠭᠰᠡᠨ ᠡᠮᠡᠭᠡ ᠪᠣᠯ ᠬᠠᠷᠢᠨ ᠬᠥᠮᠥᠨ ᠮᠥᠰᠥ ᠲᠠᠢ᠂ ᠵᠢᠪ ᠵᠢᠩᠬᠢᠨᠢ ᠡᠵᠢ ᠬᠥᠮᠥᠨ ᠪᠠᠶᠢᠭ᠎ᠠ | ᠶᠤᠮ᠃ ᠥᠭᠡᠷ᠎ᠡ ᠬᠥᠮᠥᠨ ᠪᠠᠶᠢᠭᠰᠠᠨ ᠪᠣᠯ ᠶᠠᠭᠠᠬᠢᠯ᠎ᠠ ᠭᠡᠵᠦ ᠥᠪᠡᠷ ᠤᠨ ᠠᠴᠢ ᠨᠠᠷ ᠲᠠᠭᠠᠨ ᠲᠦᠷᠦᠭᠰᠡᠨ ᠡᠮᠡᠭᠡ | ᠭᠡᠳᠡᠭ ᠢᠶᠠᠨ ᠰᠢᠳᠦᠨ ᠤ ᠪᠠᠨ ᠵᠠᠪᠰᠠᠷ ᠢᠶᠠᠷ ᠴᠤᠬᠤᠶᠢᠯᠭᠠᠯ ᠦᠭᠡᠢ ᠡᠳᠦᠢ ᠳᠤ ᠬᠦᠷᠬᠦ ᠪᠤᠢ︕ | | | ᠢᠩᠭᠢᠵᠦ ᠯᠠ ᠪᠢ ᠠᠪᠤ ᠶᠢᠨ ᠢᠶᠠᠨ ᠬᠤᠶᠠᠷ ᠡᠵᠢ ᠶᠢᠨ ᠢᠯᠭᠠᠭ᠎ᠠ ᠶᠢ ᠣᠯᠣᠭᠰᠠᠨ ᠶᠤᠮ᠃ ᠤᠤᠯ ᠨᠢ ᠪᠢ | ᠡᠭᠡᠴᠢ ᠳᠡᠭᠦᠦ ᠬᠤᠶᠠᠷ ᠯᠠ ᠭᠡᠵᠦ ᠪᠤᠳᠤᠳᠠᠭ ᠪᠠᠶᠢᠭᠰᠠᠨ᠃ ᠡᠮᠡᠭᠡ ᠮᠢᠨᠢ ᠦᠭᠡ ᠲᠠᠭᠤᠨ ᠴᠥᠭᠡᠨᠲᠡᠢ᠂ ᠮᠠᠨᠤᠰ ᠢ ᠡᠨᠡ | ᠲᠡᠷᠡ ᠭᠡᠳᠡᠭ ᠦᠭᠡᠢ ᠮᠥᠷᠲᠡᠭᠡᠨ ᠢᠵᠶᠢ ᠶᠢ ᠮᠠᠰᠢ ᠬᠦᠨᠳᠦᠯᠡᠳᠡᠭ᠃ | | | ᠵᠣᠪᠠᠵᠤ ᠵᠦᠳᠡᠵᠦ ᠶᠠᠪᠤᠬᠤ ᠳᠤᠨᠢ ᠬᠠᠯᠠᠭᠤᠨ ᠭᠠᠷ ᠢᠶᠠᠨ ᠰᠤᠩᠭᠠᠭᠰᠠᠨ ᠠᠴᠢ ᠡᠨᠡᠷᠢᠯ ᠢ ᠨᠢ ᠨᠠᠰᠤᠨ | ᠲᠤᠷᠰᠢᠲᠠ ᠳᠠᠭᠠᠨ ᠳᠡᠭᠡᠳᠦᠯᠡᠨ ᠬᠦᠨᠳᠦᠯᠡᠵᠦ ᠶᠠᠪᠤᠭᠰᠠᠨ ᠲᠦᠷᠦᠭᠰᠡᠨ ᠡᠮᠡᠭᠡ ᠶᠢᠨ ᠢᠶᠠᠨ ᠠᠷᠢᠭᠤᠨ ᠬᠠᠶᠢᠷ᠎ᠠ᠂ | ᠨᠠᠨᠳᠢᠨ ᠰᠡᠳᠬᠢᠯ ᠢ ᠮᠡᠳᠡᠬᠦ ᠦᠭᠡᠢ᠃ ᠬᠠᠷᠢᠨ ᠡᠮᠡᠭᠡ᠂ ᠡᠭᠡᠴᠢ ᠠᠴᠠ ᠪᠠᠨ ᠠᠶᠤᠳᠠᠭ ᠭᠡᠵᠦ ᠲᠡᠨᠡᠭᠯᠡᠵᠦ ᠶᠠᠪᠤᠬᠤ ᠪᠤᠢ | ᠳ᠋ᠠ᠃ | | | ᠡᠵᠢ ᠬᠥᠮᠥᠨ ᠤ ᠰᠡᠳᠬᠢᠯ ᠠ᠋ ᠭᠡᠵᠦ - ᠬᠠᠶᠢᠷ᠎ᠠ ᠪᠠᠷ ᠢᠪᠢᠯᠦᠭᠰᠡᠨ ᠰᠢᠷᠭᠢᠰᠢ ᠦᠭᠡᠢ ᠠᠷᠢᠭᠤᠨ ᠪᠤᠯᠠᠭ | ᠪᠤᠶᠤ︕ | |