| ᠬᠡᠯᠡᠵᠦ ᠪᠤᠢ ᠭᠤᠷᠪᠠᠨ ᠰᠢᠯᠦᠭᠴᠢ ᠭᠡᠳᠡᠭ ᠪᠣᠯ ᠨᠠ᠊·ᠰᠤᠩᠳᠤᠢ᠂ ᠰᠸ᠊·ᠬᠠᠰᠥ᠌ᠯᠵᠡᠢ᠂ ᠮ᠊·ᠽᠠᠳᠠᠨᠪᠠᠯ ᠪᠣᠯᠣᠨ᠎ᠠ᠃ | ᠰᠢᠯᠦᠭᠴᠢ ᠭᠡᠬᠦ ᠠᠴᠠ ᠡᠳᠡ ᠭᠤᠷᠪᠠ ᠨᠢ ᠵᠦᠪᠭᠡᠨ ᠰᠢᠯᠦᠭ ᠪᠢᠴᠢᠭᠡᠳ ᠵᠣᠭᠰᠣᠭᠰᠠᠨ ᠪᠢᠰᠢ ᠤᠯᠠᠨ ᠲᠠᠯ᠎ᠠ ᠪᠠᠷ | ᠵᠢᠳᠬᠦᠯ ᠭᠠᠷᠭᠠᠵᠤ᠂ ᠬᠥᠮᠥᠨ ᠤᠯᠠᠨ ᠤ ᠪᠠᠨ ᠤᠶᠤᠨ ᠰᠠᠨᠠᠭᠠᠨ ᠤ ᠠᠮᠢᠳᠤᠷᠠᠯ ᠳᠤ ᠥᠪᠡᠷ ᠤᠨ ᠭᠡᠰᠡᠨ ᠲᠤᠰᠠ | ᠨᠡᠮᠡᠷᠢ ᠪᠠᠨ ᠦᠵᠡᠭᠦᠯᠦᠭᠰᠡᠨ ᠭᠡᠳᠡᠭ ᠢ ᠡᠷᠬᠡᠪᠰᠢ ᠳᠤᠷᠠᠳᠬᠤ ᠬᠡᠷᠡᠭᠲᠡᠢ᠃ ᠲᠡᠳᠡᠨ ᠤ ᠰᠢᠯᠦᠭ ᠵᠣᠬᠢᠶᠠᠯ ᠲᠤᠩ ᠦᠨᠡᠨ | ᠪᠥᠭᠡᠳ ᠰᠡᠳᠬᠢᠯᠭᠡ ᠳᠦᠭᠦᠷᠡᠩ ᠪᠢᠴᠢᠭᠳᠡᠳᠡᠭ ᠢᠶᠠᠷ ᠨᠠᠳᠠᠳᠤ ᠰᠠᠨᠠᠭᠳᠠᠵᠤ᠂ ᠲᠠᠭᠠᠯᠠᠭᠳᠠᠵᠤ ᠪᠠᠶᠢᠳᠠᠭ ᠢᠶᠠᠷ ᠠᠯᠢ | ᠡᠷᠲᠡ ᠶᠠᠭᠤ ᠨᠢᠭᠡ ᠪᠤᠳᠤᠯ ᠲᠥᠷᠥᠭᠳᠡᠯ ᠢᠶᠠᠨ ᠲᠡᠮᠳᠡᠭᠯᠡᠬᠦ ᠶᠤᠮᠰᠠᠨ ᠬᠡᠮᠡᠵᠦ ᠠᠭᠰᠠᠭᠠᠷ ᠡᠳᠦᠢ ᠳᠤ ᠲᠤᠯᠵᠤᠬᠤᠢ᠃ | | | ᠨᠠᠰᠤᠨ ᠵᠠᠯᠠᠭᠤ ᠪᠠᠷ ᠢᠶᠠᠨ ᠶᠢᠷᠲᠢᠨᠴᠦ ᠶᠢ ᠤᠷᠭᠢᠵᠦ ᠶᠠᠪᠤᠭᠰᠠᠨ ᠡᠳᠡ ᠬᠡᠳᠦᠭᠦᠯᠡ ᠠᠪᠢᠶᠠᠰ ᠡᠷᠳᠡᠮ᠂ ᠪᠢᠯᠢᠭ | ᠤᠬᠠᠭᠠᠨ ᠢᠶᠠᠷ ᠢᠶᠠᠨ ᠤᠯᠠᠨ ᠤ ᠪᠠᠨ ᠳᠤᠮᠳᠠ ᠭᠢᠯᠠᠷᠠᠭᠤᠯᠵᠤ ᠠᠭᠰᠠᠨ ᠢᠶᠠᠨ ᠠᠮᠢᠳᠤᠷᠠᠯ ᠤᠨ ᠷᠣᠮᠠᠨ ᠤ ᠤᠷᠳᠤ | ᠬᠠᠭᠤᠳᠠᠰᠤᠨ᠎ᠠ ᠭᠡᠨᠡᠳᠬᠡᠨ ᠭᠢᠯᠠᠰ ᠲᠠᠲᠠᠭᠰᠠᠨ ᠭᠢᠯᠪᠡᠭᠡᠨ ᠰᠢᠭ ᠯᠡ ᠴᠠᠭᠢᠯᠵᠤ ᠠᠪᠤᠭᠠᠳ ᠬᠤᠷᠸ᠎ᠠ ᠶᠢᠨ ᠮᠥᠩᠬᠡ | ᠪᠤᠰᠤ ᠶᠢ ᠦᠵᠡᠭᠦᠯᠦᠭᠰᠡᠨ ᠨᠢ ᠶᠠᠭᠠᠬᠢᠬᠤ ᠶᠢᠨ ᠠᠷᠭ᠎ᠠ ᠦᠭᠡᠢ ᠭᠤᠨᠢᠶᠠᠯ ᠪᠠᠶᠢᠭᠰᠠᠨ᠃ | | | ᠬᠥᠮᠥᠨ ᠡᠨᠡ ᠬᠤᠷᠸ᠎ᠠ ᠳᠤ ᠶᠠᠭᠤᠨ ᠤ ᠲᠥᠯᠥᠭᠡ ᠳᠦᠷᠦᠳᠡᠭ ᠪᠤᠢ︖ ᠭᠡᠰᠡᠨ ᠠᠰᠠᠭᠤᠯᠳᠠ ᠶᠢ ᠬᠥᠮᠥᠰ | ᠪᠣᠳᠠᠭᠠᠯᠢ ᠬᠥᠮᠥᠨ ᠠᠴᠠ ᠠᠰᠠᠭᠤᠬᠤ ᠳᠤᠷ᠎ᠠ ᠲᠠᠢ ᠪᠠᠶᠢᠳᠠᠭ᠃ ᠡᠨᠡ ᠨᠢ ᠶᠠᠭ ᠴᠢ ᠶᠠᠭᠤᠨ ᠳᠤ ᠡᠨᠡ ᠪᠥᠮᠪᠥᠷᠴᠡᠭ | ᠳᠡᠭᠡᠷ᠎ᠡ ᠢᠷᠡᠭᠰᠡᠨ ᠶᠤᠮ ᠪᠤᠢ︖ ᠭᠡᠳᠡᠭ ᠠᠰᠠᠭᠤᠯᠳᠠ ᠲᠠᠢ ᠥᠭᠡᠷ᠎ᠡ ᠦᠭᠡᠢ ᠶᠤᠮ᠃ ᠭᠡᠪᠡᠴᠦ᠂ ᠰᠣᠨᠢᠷᠬᠠᠯᠲᠠᠢ ᠨᠢ ︽ | ᠮᠡᠳᠡᠭᠰᠡᠨ ᠦᠭᠡᠢ ᠠ᠋︾ ᠭᠡᠵᠦ ᠬᠠᠷᠢᠭᠤᠯᠳᠠᠭ ᠬᠥᠮᠥᠨ ᠦᠭᠡᠢ ᠪᠠᠶᠢᠳᠠᠭ ᠶᠠᠪᠤᠳᠠᠯ ᠪᠢᠯᠡ᠃ ᠠᠳᠠᠯᠢ ᠪᠠᠷ᠂ ᠲᠠ | ᠶᠠᠭᠤᠨ ᠤ ᠲᠥᠯᠥᠭᠡ ᠴᠢᠷᠮᠠᠶᠢᠵᠤ᠂ ᠵᠢᠳᠬᠦᠵᠦ ᠪᠠᠶᠢᠳᠠᠭ ᠶᠤᠮ ᠪᠤᠢ︖ ᠭᠡᠬᠦ ᠲᠤᠬᠠᠢ ᠠᠰᠠᠭᠤᠬᠤ ᠠᠴᠠ ᠪᠠᠨ ᠢᠯᠡᠭᠦᠦ | ᠬᠠᠷᠢᠨ ᠶᠠᠭᠤ ᠨᠢᠭᠡᠨ ᠳᠤ ᠦᠭᠡ ᠲᠠᠭᠤᠨ ᠦᠭᠡᠢ ᠮᠠᠬᠠᠷᠬᠠᠨ ᠲᠡᠮᠡᠦᠯᠦᠭᠴᠢᠳ ᠨᠢ ᠤᠯᠠᠨ ᠪᠠᠶᠢᠳᠠᠭ ᠪᠢᠯᠡ᠃ ᠶᠠᠷᠢᠶᠠᠨ | ᠦᠭᠡᠢ᠂ ᠡᠳᠡᠭᠡᠷ ᠤᠨ ᠳᠤᠮᠳᠠ ᠬᠥᠮᠥᠨ ᠴᠢᠨᠢ ᠥᠪᠡᠷ ᠤᠨ ᠢᠶᠠᠨ ᠠᠮᠤᠷ ᠵᠢᠷᠭᠠᠯ ᠤᠨ ᠲᠥᠯᠥᠭᠡ ᠵᠢᠳᠬᠦᠨ | ᠠᠮᠢᠳᠤᠷᠠᠵᠤ ᠪᠠᠶᠢᠳᠠᠭ ᠭᠡᠰᠡᠨ ᠬᠠᠷᠢᠭᠤᠯᠲᠠ ᠶᠢ ᠦᠭᠳᠡᠭ ᠨᠢ ᠴᠤ ᠴᠥᠭᠡᠨ ᠦᠭᠡᠢ ᠬᠠᠷᠠᠭᠳᠠᠳᠠᠭ᠃ ᠡᠭᠦᠨ ᠢ ᠨᠢ | ᠲᠠᠰᠤ ᠪᠤᠷᠤᠭᠤ ᠬᠡᠮᠡᠨ ᠬᠡᠯᠡᠬᠦ ᠶᠢᠨ ᠴᠤ ᠠᠷᠭ᠎ᠠ ᠦᠭᠡᠢ ᠯᠡ ᠳ᠋ᠠ᠃ ᠭᠡᠰᠡᠨ ᠴᠤ ᠪᠢ᠂ ᠵᠣᠩᠬᠢ ᠬᠥᠮᠥᠰ ᠪᠣᠯ ᠣᠶᠢᠷ᠎ᠠ | ᠳᠣᠲᠣᠨᠣ ᠬᠥᠮᠥᠰ ᠤᠨ ᠢᠶᠠᠨ ᠵᠣᠯ ᠵᠢᠷᠭᠠᠯ ᠤᠨ ᠲᠥᠯᠥᠭᠡ᠂ ᠨᠤᠲᠤᠭ ᠤᠰᠤ᠂ ᠬᠥᠮᠥᠨ ᠠᠷᠠᠳ ᠤᠨ ᠢᠶᠠᠨ ᠰᠣᠶᠣᠯ | ᠪᠣᠯᠪᠠᠰᠤᠨ ᠤ ᠳᠡᠭᠡᠭᠰᠢᠯᠡᠯ ᠳᠤ ᠬᠦᠴᠦ ᠬᠥᠯᠥᠰᠦ ᠪᠠᠨ ᠡᠷᠭᠦᠬᠦ ᠶᠢᠨ ᠲᠥᠯᠥᠭᠡ ᠭᠡᠰᠡᠨ ᠲᠡᠮᠡᠦᠯᠦᠯ ᠲᠠᠢ ᠶᠠᠪᠤᠳᠠᠭ | ᠭᠡᠳᠡᠭ ᠢ ᠢᠯᠡᠭᠦᠦ ᠢᠲᠡᠭᠡᠨ᠎ᠡ᠃ ᠡᠶᠢᠮᠦᠷᠬᠦᠦ ᠪᠤᠳᠤᠯ ᠢᠲᠡᠭᠡᠯ ᠢ ᠨᠠ᠊·ᠰᠤᠩᠳᠤᠢ᠂ ᠰᠸ᠊·ᠬᠠᠰᠥ᠌ᠯᠵᠡᠢ᠂ ᠮ᠊·ᠽᠠᠳᠠᠨᠪᠠᠯ | ᠨᠠᠷ ᠢ ᠪᠠᠭᠲᠠᠭᠠᠭᠰᠠᠨ ᠥᠷᠭᠡᠨ ᠤᠯᠠᠨ ᠪᠢᠴᠢᠭ ᠰᠣᠶᠣᠯ ᠤᠨ ᠵᠢᠳᠬᠦᠯᠲᠡᠳ ᠬᠢᠭᠡᠳ ᠰᠡᠬᠡᠭᠡᠷᠡᠭᠰᠡᠨ ᠬᠥᠮᠥᠰ ᠤᠨ | ᠴᠢᠷᠮᠠᠶᠢᠯᠭ᠎ᠠ ᠨᠠᠳᠠᠳᠤ ᠣᠯᠭᠤᠭᠰᠠᠨ ᠶᠤᠮᠰᠠᠨ᠃ | | | ᠨᠢᠭᠡ | ᠡᠷᠳᠡᠮᠲᠡᠨ ᠰᠢᠯᠦᠭᠴᠢ ᠨᠠ᠊·ᠰᠤᠩᠳᠤᠢ ᠶᠢᠨ ᠵᠣᠬᠢᠶᠠᠯ ᠤᠨ ᠲᠡᠭᠦᠪᠦᠷᠢ ᠶᠢ ᠤᠩᠰᠢᠵᠤ ᠰᠠᠭᠤᠬᠤᠨᠠ ᠡᠮᠦᠨ᠎ᠡ | ᠬᠡᠯᠡᠵᠦ ᠪᠤᠢ ᠵᠦᠢᠯ ᠤᠳ ᠪᠤᠳᠤᠯ ᠳᠤ ᠪᠠᠭᠤᠵᠤ᠂ ᠨᠠ᠊·ᠰᠤᠩᠳᠤᠢ ᠶᠢ ᠬᠦᠨᠳᠦᠳᠬᠡᠨ ᠬᠠᠶᠢᠷᠠᠯᠠᠬᠤ ᠰᠡᠳᠬᠢᠯᠭᠡᠨ ᠤᠯᠠᠮ | ᠤᠯᠠᠮ ᠵᠤᠵᠠᠭᠠᠷᠠᠬᠤ ᠶᠢᠨ ᠤᠯᠠᠮ ᠠᠴᠠ ᠬᠠᠷᠠᠮᠰᠠᠯ ᠤᠨ ᠰᠡᠳᠬᠢᠯᠭᠡ ᠳᠡᠭᠡᠨ ᠳᠠᠪᠬᠤᠷ ᠳᠠᠪᠬᠤᠷ ᠳᠠᠷᠤᠭᠳᠠᠭᠠᠳ | ᠪᠠᠶᠢᠬᠤ ᠪᠣᠯᠤᠭᠰᠠᠨ ᠮᠠᠨᠢ ᠦᠨᠡᠨ᠃ ᠠᠯᠳᠠᠷᠲᠤ ᠵᠣᠬᠢᠶᠠᠯᠴᠢ ᠯᠢᠭᠳᠡᠨ ᠢᠶᠠᠷ︽ᠲᠡᠷᠡ ᠨᠠᠶᠠᠭᠠᠳ ᠣᠨ ᠤ ᠡᠬᠢᠨ ᠠᠴᠠ | ᠠᠪᠤᠭᠠᠳ ᠠᠷᠪᠠᠨ ᠲᠠᠪᠤᠨ ᠵᠢᠯ ᠤᠨ ᠳᠣᠲᠣᠷ᠎ᠠ ᠠᠷᠪᠠ ᠤᠳᠠᠭ᠎ᠠ ᠡᠮᠨᠡᠯᠭᠡ ᠳᠤ ᠰᠠᠭᠤᠵᠤ ᠠᠮᠢ ᠨᠠᠰᠤᠨ ᠤ ᠠᠪᠤᠷᠠᠯᠳᠠ | ᠰᠤᠪᠢᠯᠠᠯᠲᠠ ᠬᠢᠵᠡᠢ︾᠂ ︽ᠭᠡᠲᠡᠯ᠎ᠡ ᠲᠡᠶᠢᠮᠦᠷᠬᠦᠦ ᠤᠯᠠᠨ ᠡᠮᠴᠢᠯᠡᠭᠡ ᠵᠠᠰᠠᠯᠭ᠎ᠠ ᠨᠢ ᠵᠦᠪᠭᠡᠨ ᠨᠣᠬᠠᠢ ᠬᠤᠷᠢᠬᠤ ᠶᠢᠨ | ᠲᠡᠳᠦᠢ ᠪᠠᠶᠢᠭᠰᠠᠨ ᠠᠴᠠ ᠪᠢᠰᠢ᠂ ᠡᠪᠡᠳᠴᠢᠨ ᠢ ᠨᠢ ᠤᠭ ᠦᠨᠳᠦᠰᠦ ᠪᠠᠷ ᠨᠢ ᠠᠨᠠᠭᠠᠨ ᠵᠠᠰᠠᠵᠤ ᠴᠢᠳᠠᠭᠰᠠᠨ ᠦᠭᠡᠢ︾ | ᠭᠡᠵᠦ ᠬᠠᠷᠠᠮᠰᠠᠨ ᠲᠡᠮᠳᠡᠭᠯᠡᠵᠦ ᠪᠢᠯᠡ᠃ ᠪᠢᠳᠡ ᠨᠠ᠊·ᠰᠤᠩᠳᠤᠢ ᠶᠢᠨ ᠥᠪᠡᠷ ᠤᠨ ᠬᠢᠨᠢ ᠰᠢᠯᠦᠭ ᠠᠴᠠ ᠨᠢ ᠴᠤ | ᠡᠪᠡᠳᠴᠢᠨ ᠡᠮᠭᠡᠭ ᠲᠠᠢ ᠲᠡᠮᠡᠴᠡᠯᠳᠦᠨ᠂ ᠦᠬᠦᠯ ᠯᠦᠭᠡ ᠥᠷᠢᠰᠦᠯᠳᠦᠵᠦ ᠠᠭᠰᠠᠨ ᠡᠳᠦᠷ ᠬᠤᠨᠤᠭ ᠤᠳ ᠲᠠᠬᠢ | ᠤᠴᠠᠷᠠᠯ ᠢ ᠨᠢ ᠵᠠᠬ᠎ᠠ ᠵᠤᠬ᠎ᠠ ᠠᠴᠠ ᠨᠢ ᠤᠬᠠᠵᠤ ᠪᠠᠶᠢᠭᠰᠠᠨ ᠲᠡᠳᠦᠢ ᠦᠭᠡᠢ ᠮᠥᠨ ᠲᠡᠭᠦᠨ ᠤ ᠵᠠᠩ ᠴᠢᠨᠠᠷ ᠬᠥᠮᠥᠨ | ᠮᠥᠰᠥ ᠶᠢ ᠴᠤ ᠰᠡᠳᠬᠢᠯ ᠳᠡᠭᠡᠨ ᠲᠠᠨᠢᠵᠤ ᠮᠡᠳᠡᠷᠡᠵᠦ ᠶᠠᠪᠤᠭᠰᠠᠨ ᠶᠤᠮᠰᠠᠨ᠃ | ︽ᠪᠠᠶᠢᠭᠠᠯᠢ ᠶᠢᠨ ᠨᠠᠷᠠᠨ ᠰᠢᠩᠭᠡᠨ᠎ᠡ ᠰᠢᠦ / ᠪᠠᠶᠢᠷᠠᠭᠤ ᠳᠦᠷᠢ ᠠᠷᠢᠯᠤᠨ᠎ᠠ ᠰᠢᠦ / ᠪᠠᠷᠠᠭᠤᠨ ᠠᠭᠤᠯᠠᠨ ᠤ | ᠨᠠᠷᠠᠰᠤᠨ ᠲᠡᠶᠢᠰᠢ / ᠪᠠᠷᠠᠯᠠᠵᠤ ᠨᠠᠮ᠎ᠠ ᠶᠢ ᠪᠠᠨ ᠳᠤᠷᠠᠰᠤᠭᠠᠴᠢ︾ ᠭᠡᠵᠦ ᠰᠢᠯᠦᠭᠴᠢ ᠮᠠᠨᠢ ᠬᠤᠷᠸ᠎ᠠ ᠠᠴᠠ ᠰᠠᠯᠵᠤ | ᠶᠠᠳᠠᠭᠰᠠᠨ ᠰᠡᠳᠬᠢᠯᠭᠡ ᠪᠠᠨ ᠢᠯᠡᠷᠡᠭᠦᠯᠵᠦ ᠠᠭᠰᠠᠨ ᠴᠤ ︽ᠵᠠᠯᠠᠭᠤ ᠨᠠᠰᠤᠨ ᠳᠠᠭᠠᠨ ᠪᠢ ᠪᠠᠰᠠ / ᠳᠠᠭᠤᠤ ᠶᠢ | ᠭᠠᠶᠢᠭᠤᠢ ᠳᠠᠭᠤᠯᠠᠭᠰᠠᠨ ᠶᠤᠮ / ᠵᠠᠮ ᠳᠤᠮᠳᠠ ᠳᠤᠲᠠᠭᠤ ᠵᠣᠭᠰᠣᠭᠰᠠᠨ ᠳᠤ / ᠲᠠ ᠨᠠᠷ ᠪᠢᠲᠡᠭᠡᠢ ᠵᠣᠪᠠᠭᠠᠷᠠᠢ︕︾ | ᠭᠡᠵᠦ ᠠᠮᠢᠳᠤ ᠶᠢᠨ ᠶᠢᠷᠲᠢᠨᠴᠦ ᠶᠢᠨ ᠣᠶᠢᠷ᠎ᠠ ᠳᠣᠲᠣᠨᠣ ᠬᠥᠮᠥᠰ ᠲᠡᠭᠡᠨ ᠵᠠᠬᠢᠵᠤ ᠪᠠᠶᠢᠭᠰᠠᠨ ᠨᠢ ᠤᠶᠠᠷᠠᠯᠲᠠᠢ᠃ | ᠶᠢᠷᠲᠢᠨᠴᠦ ᠳᠤ ᠦᠬᠦᠯ ᠠᠴᠠ ᠠᠩᠭᠢᠵᠢᠷᠠᠭᠰᠠᠨ ᠬᠥᠮᠥᠨ ᠦᠭᠡᠢ ᠭᠡᠳᠡᠭ ᠶᠣᠰᠣᠨ ᠢ ᠭᠦᠨ ᠣᠶᠢᠯᠠᠭᠠᠵᠤ ᠠᠭᠰᠠᠨ ᠴᠤ | ᠲᠡᠷᠡ ᠪᠦᠭᠦᠨ ᠢᠶᠠᠨ ᠳᠤᠲᠠᠭᠤ ᠬᠠᠶᠠᠵᠤ ᠶᠠᠪᠤᠬᠤ ᠶᠢ ᠳᠤᠷᠠᠯᠠᠬᠤ ᠬᠥᠮᠥᠨ ᠭᠡᠵᠦ ᠦᠭᠡᠢ ᠨᠢ ᠯᠠᠪ ᠶᠤᠮ᠃ ᠬᠥᠮᠥᠨ | ᠪᠤᠯᠬᠤ ᠶᠢ ᠬᠢᠴᠢᠶᠡᠭᠰᠡᠭᠡᠷ᠂ ᠢᠯᠠᠩᠭᠤᠶ᠎ᠠ ᠰᠠᠶᠢᠨ ᠬᠥᠮᠥᠨ ᠪᠤᠯᠬᠤ ᠶᠢ ᠬᠢᠴᠢᠶᠡᠭᠰᠡᠭᠡᠷ ᠶᠠᠪᠤᠭᠠᠳ ᠭᠠᠭᠴᠠ | ᠦᠳᠡᠰᠢ ᠶᠢᠨ ᠬᠤᠭᠤᠷᠣᠨᠳᠤ ᠴᠢᠳᠬᠦᠷ ᠪᠣᠯᠵᠤ ᠠᠯᠳᠠᠬᠤ ᠭᠡᠭᠴᠢ ᠶᠠᠮᠠᠷ ᠬᠠᠰᠢ ᠶᠢᠨ ᠵᠠᠶᠠᠭ᠎ᠠ ᠶᠤᠮ ᠪᠤᠢ︖ | ᠡᠶᠢᠮᠦᠷᠬᠦᠦ ᠲᠣᠬᠢᠶᠠᠯᠳᠤᠯ ᠳᠤ ᠤᠯᠠᠨ ᠬᠥᠮᠥᠨ ᠤᠴᠠᠷᠠᠭᠰᠠᠨ ᠪᠠᠶᠢᠵᠤ ᠮᠡᠳᠡᠬᠦ ᠶᠤᠮ᠃ ᠨᠠ᠊·ᠰᠤᠩᠳᠤᠢ ᠡᠨᠡ | ᠬᠠᠮᠢᠶ᠎ᠠ ᠲᠠᠢ ᠰᠡᠳᠬᠢᠯᠭᠡ ᠶᠢ ᠲᠤᠩ ᠡᠪᠯᠢᠭ ᠢᠯᠡᠳᠬᠡᠵᠡᠢ᠃ | ︽ᠡᠷᠡᠭᠦᠯ ᠰᠠᠷᠠᠭᠤᠯ ᠳᠥᠴᠢᠨ ᠵᠢᠯ | ᠬᠥᠮᠥᠨ ᠪᠤᠯᠬᠤ ᠶᠢ ᠬᠢᠴᠢᠶᠡᠭᠰᠡᠭᠡᠷ | ᠡᠲᠡᠢ ᠪᠤᠳᠠᠢ ᠨᠢᠭᠡᠨ ᠥᠷᠯᠥᠭᠡ | ᠴᠢᠳᠬᠦᠷ ᠪᠤᠯᠬᠤ ᠶᠢ ᠵᠠᠪᠳᠤᠪᠠᠢ︾ ᠭᠡᠰᠡᠨ ᠨᠢᠭᠡᠨ ᠪᠠᠳᠠᠭ ᠰᠢᠯᠦᠭ ᠢ ᠨᠢ ᠤᠩᠰᠢᠬᠤᠨᠠ᠂ ᠪᠡᠭᠡᠵᠢᠩ ᠤᠨ | ᠡᠮᠨᠡᠯᠭᠡ ᠳᠤ ᠭᠠᠭᠴᠠᠭᠠᠷ ᠰᠢᠨᠠᠯᠵᠤ᠂ ᠨᠤᠲᠤᠭ ᠤᠰᠤᠨ᠂ ᠡᠯᠢᠭᠡᠨ ᠰᠠᠳᠤᠨ ᠢᠶᠠᠨ ᠡᠪᠬᠡᠷᠡᠲᠡᠯᠡ ᠰᠠᠨᠠᠵᠤ᠂ ᠰᠢᠯᠦᠭ | ᠰᠡᠳᠬᠢᠵᠦ ᠬᠡᠪᠲᠡᠵᠦ ᠪᠠᠶᠢᠭ᠎ᠠ ᠪᠠᠶᠢᠳᠠᠯ ᠨᠢ ᠨᠢᠳᠦᠨ᠎ᠡ ᠲᠣᠳᠣᠬᠠᠨ ᠬᠠᠷᠠᠭᠳᠠᠵᠤ᠂ ᠤᠩᠰᠢᠬᠤ ᠠᠴᠠ ᠪᠠᠨ ᠬᠠᠯᠢᠷᠠᠨ᠎ᠠ᠃ | ᠠᠮᠢᠳᠤᠷᠠᠯ ᠤᠨ ᠦᠨᠡᠨ ᠶᠠᠪᠤᠳᠠᠯ ᠢ ᠤᠶᠢᠳᠬᠠᠷ ᠭᠤᠨᠢᠭ ᠲᠤ ᠳᠠᠪᠲᠠᠭᠳᠠᠭᠰᠠᠨ ᠦᠭᠡᠰ ᠢᠶᠠᠷ ᠢᠯᠡᠳᠬᠡᠬᠦ ᠳᠤ ᠡᠨᠡ | ᠪᠥᠮᠪᠥᠷᠴᠡᠭ ᠳᠡᠭᠡᠷᠡᠬᠢ ᠦᠨᠡᠨ ᠶᠣᠰᠣ ᠬᠡᠮᠡᠳᠡᠭ ᠢ ᠬᠥᠮᠥᠰ ᠥᠪᠡᠷ ᠤᠨ ᠡᠷᠬᠡ ᠦᠭᠡᠢ ᠲᠠᠨᠢᠵᠤ ᠣᠶᠢᠯᠠᠭᠠᠵᠤ | ᠠᠮᠵᠢᠬᠤ ᠮᠡᠲᠦ ᠪᠤᠯᠬᠤ ᠠᠵᠢ᠃ | ︽ᠦᠬᠦᠵᠦ ᠠᠷᠢᠯᠬᠤ ᠪᠢ ᠭᠠᠭᠴᠠᠭᠠᠷ ᠢᠶᠠᠨ / ᠠᠳᠠᠭ ᠤᠨ ᠮᠠᠭᠤ ᠪᠠᠷ ᠬᠠᠷᠢᠶᠠᠭᠳᠠᠪᠠᠴᠤ / ᠦᠯᠡᠳᠡᠵᠦ | ᠬᠤᠴᠣᠷᠬᠤ ᠬᠦᠦ ᠲᠠᠢ ᠬᠤᠶᠠᠭᠤᠯᠠ ᠪᠠᠨ / ᠠᠯᠢ ᠰᠠᠶᠢᠬᠠᠨ ᠢᠶᠠᠷ ᠠᠮᠢᠳᠤᠷᠠᠭᠲᠤᠨ︕︾ ᠭᠡᠰᠡᠨ ᠢᠷᠦᠭᠡᠯ ᠵᠥᠩᠨᠡᠯ | ᠪᠠ ᠥᠪᠡᠷ ᠤᠨ ᠢᠶᠠᠨ ᠭᠤᠨᠢᠭᠯᠠᠯ ᠬᠢᠭᠡᠳ ᠦᠷ᠎ᠡ ᠶᠢᠨ ᠢᠶᠠᠨ ᠲᠥᠯᠥᠭᠡ ᠰᠠᠨᠠᠭ᠎ᠠ ᠪᠣᠯᠤᠭᠰᠠᠨ ᠰᠡᠳᠬᠢᠯᠭᠡ ᠪᠠᠷ | ︽ᠬᠤᠨᠣᠵᠤ ᠡᠭᠦᠷᠯᠡᠬᠦ ᠠᠮᠠᠷᠠᠭ ᠨᠥᠬᠦᠷ ᠲᠡᠭᠡᠨ / ᠨᠠᠮ᠎ᠠ ᠶᠢ ᠣᠷᠣᠯᠠᠨ ᠭᠤᠶᠤᠭᠠᠷᠠᠢ / ᠬᠤᠯᠪᠣᠵᠤ ᠰᠠᠨᠠᠬᠤ | ᠬᠠᠯᠠᠭᠤᠨ ᠡᠪᠦᠷ ᠲᠡᠭᠡᠨ / ᠬᠥᠭᠡᠷᠦᠬᠦᠢ ᠲᠡᠭᠦᠨ ᠢ ᠪᠠᠭᠲᠠᠭᠠᠮᠤ︕︾ ᠬᠡᠮᠡᠨ ᠭᠤᠶᠤᠵᠤ ᠪᠢᠴᠢᠵᠡᠢ᠃ ᠬᠡᠳᠦᠢ | ᠤᠶᠠᠷᠠᠭᠤᠨ᠂ ᠬᠡᠳᠦᠢ ᠬᠥᠭᠡᠷᠦᠬᠦᠢ ᠰᠠᠨᠠᠭ᠎ᠠ ᠶᠤᠮ ᠪᠤᠢ︖ ᠰᠠᠯᠵᠤ ᠲᠦᠪᠳᠡᠬᠦ ᠦᠭᠡᠢ ᠬᠥᠮᠥᠰ ᠤᠨ ᠢᠶᠠᠨ ᠡᠷᠭᠢᠨ | ᠲᠣᠭᠤᠷᠢᠨ ᠢᠶᠠᠷ ᠬᠡᠳᠦᠶᠢᠴᠢᠨᠡᠭᠡᠨ ᠵᠦᠢᠯ ᠢᠶᠠᠷ ᠰᠠᠨᠠᠭ᠎ᠠ ᠪᠣᠯᠵᠤ᠂ ᠵᠣᠪᠠᠵᠤ ᠡᠨᠡᠯᠦᠨ ᠪᠣᠳᠣᠯᠬᠢᠯᠠᠭᠰᠠᠨ ᠭᠡᠳᠡᠭ ᠨᠢ ᠡᠨᠡ | ᠰᠢᠯᠦᠭ ᠲᠤᠨᠢ ᠢᠯᠡᠷᠡᠵᠦ ᠪᠠᠶᠢᠨ᠎ᠠ᠃ ᠬᠥᠮᠥᠨ ᠤ ᠲᠥᠯᠥᠭᠡ ᠰᠠᠨᠠᠭ᠎ᠠ ᠵᠣᠪᠠᠭ᠋ᠤ ᠭᠡᠳᠡᠭ ᠤᠨ ᠦᠢᠯᠡ ᠲᠠᠢ ᠠᠵᠠ ᠳᠤ | ᠰᠢᠯᠦᠭᠴᠢ ᠮᠢᠨᠢ ᠬᠡᠳᠦᠢ ᠶᠡᠭᠡ ᠰᠢᠨᠠᠯᠠᠵᠤ ᠪᠠᠶᠢᠭᠰᠠᠨ ᠢ ᠦᠨᠡᠬᠡᠷ ᠮᠠᠭᠠᠳᠯᠠᠵᠤ ᠦᠯᠦ ᠴᠢᠳᠠᠨ᠎ᠠ᠃ | ︽ᠰᠠᠨᠴᠢᠭ ᠴᠠᠶᠢᠳᠠᠯ᠎ᠠ ᠬᠠᠮᠲᠤ ᠰᠠᠭᠤᠬᠤ ᠪᠠᠷ | ᠬᠦᠰᠡᠵᠦ ᠶᠠᠪᠤᠭᠰᠠᠨ ᠭᠡᠷᠭᠡᠢ ᠮᠢᠨᠢ | ᠰᠠᠨᠠᠭ᠎ᠠ ᠮᠣᠬᠤᠲᠠᠯᠠ ᠡᠮᠴᠢ ᠡᠷᠢᠭᠡᠳ | ᠬᠤᠳᠠ ᠶᠢ ᠪᠠᠷᠠᠲᠠᠯ᠎ᠠ ᠭᠦᠶᠦᠵᠦ ᠪᠠᠶᠢᠨ᠎ᠠ | ᠰᠠᠯᠵᠤ ᠨᠡᠶᠢᠯᠡᠬᠦ ᠶᠢᠨ ᠠᠮᠢᠳᠤᠷᠠᠯ ᠤᠨ ᠵᠠᠮ ᠳᠤ | ᠡᠶᠢᠮᠦ ᠴᠤ ᠪᠡᠷᠬᠡᠲᠡᠢ ᠶᠢ ᠮᠡᠳᠡᠭᠰᠡᠨ ᠪᠣᠯ | ᠰᠠᠨᠠᠬᠤ ᠬᠥᠮᠥᠨ ᠲᠠᠢ ᠪᠠᠨ ᠰᠠᠭᠤᠬᠤ ᠶᠢᠨ ᠣᠷᠣᠨ ᠳᠤ | ᠵᠠᠨᠤᠬᠤ ᠬᠥᠮᠥᠨ ᠲᠠᠢ ᠪᠠᠨ ᠰᠠᠭᠤᠬᠤ ᠰᠠᠨ︾ | ᠡᠩ ᠤᠨ ᠬᠦᠰᠡᠯ ᠢ ᠬᠦᠨᠳᠦ ᠰᠡᠳᠬᠢᠯ ᠢᠶᠠᠷ ᠪᠢᠴᠢᠬᠦ ᠳᠤ ᠦᠰᠦᠭ ᠪᠦᠷᠢ ᠨᠢ ᠤᠩᠰᠢᠬᠴᠢ ᠶᠢᠨ ᠵᠢᠷᠦᠬᠡᠨ | ᠲᠤᠯᠳᠤᠨᠠ ᠬᠦᠴᠦᠲᠡᠶᠢᠬᠡᠨ ᠲᠤᠰᠤᠭᠠᠳ ᠪᠠᠶᠢᠬᠤ ᠶᠤᠮ᠃ ᠨᠠ᠊·ᠰᠤᠩᠳᠤᠢ ᠡᠨᠡ ᠰᠢᠯᠦᠭ ᠲᠡᠭᠡᠨ ᠶᠣᠰᠣ ᠶᠠᠷᠢᠭᠰᠠᠨ | ᠰᠢᠭ᠋᠂ ᠶᠠᠷᠢᠭᠰᠠᠨ ᠶᠣᠰᠣ ᠨᠢ ᠲᠡᠭᠡᠭᠡᠳ ᠲᠠᠭᠠᠷᠠᠬᠤ ᠦᠭᠡᠢ ᠴᠤ ᠶᠤᠮ ᠰᠢᠭ᠋᠃ ᠭᠡᠪᠡᠴᠦ ᠲᠠᠭᠠᠷᠠᠬᠤ ᠦᠭᠡᠢ | ᠪᠣᠯᠤᠭᠰᠠᠨ ᠴᠤ ᠤᠯᠠᠨ ᠤ ᠪᠤᠳᠤᠯ ᠳᠤ ᠰᠢᠭᠤᠳ ᠭᠦᠷᠦᠭᠡᠳ ᠪᠠᠶᠢᠬᠤ ᠰᠢᠭ᠋ ᠲᠥᠷᠥᠭᠳᠡᠯ ᠢ ᠬᠥᠮᠥᠨ ᠳᠤ ᠦᠭᠳᠡᠭ | ᠨᠢ ᠭᠠᠶᠢᠬᠠᠯᠲᠠᠢ ᠪᠢᠯᠡ᠃ ᠲᠡᠷᠡ ᠯᠡ ᠤᠴᠢᠷ ᠠᠴᠠ᠂ ᠠᠯᠳᠠᠷᠲᠤ ᠰᠢᠯᠦᠭᠴᠢ ᠶᠢᠨ ᠮᠢᠨᠢ ᠪᠦᠲᠦᠭᠡᠯ ᠳᠤ ᠠᠮᠢᠳᠤᠷᠠᠯ ᠤᠨ | ᠭᠦᠨ ᠤᠬᠠᠭᠠᠨ ᠡᠶᠢᠨᠬᠦ ᠲᠤᠰᠬᠠᠭᠳᠠᠬᠤ ᠳᠤ ᠤᠩᠰᠢᠬᠴᠢ ᠠᠴᠠ ︽ᠶᠠᠭᠤ ᠬᠡᠯᠡᠵᠦ ᠪᠠᠶᠢᠭ᠎ᠠ ᠶᠤᠮ ᠪᠤᠢ︖ ᠵᠠᠨᠤᠬᠤ | ᠬᠥᠮᠥᠨ ᠲᠠᠢ ᠴᠢᠨᠢ ᠶᠠᠭᠠᠬᠢᠵᠤ ᠠᠮᠢᠳᠤᠷᠠᠵᠤ ᠰᠠᠭᠤᠬᠤ ᠶᠤᠮ ᠪᠤᠢ︖︾ ᠭᠡᠵᠦ ᠪᠤᠷᠤᠭᠤᠳᠬᠠᠭᠰᠠᠨ ᠬᠥᠮᠥᠨ ᠨᠢᠭᠡ | ᠴᠤ ᠭᠠᠷᠤᠭᠰᠠᠨ ᠦᠭᠡᠢ ᠪᠢᠰᠢ ᠤᠤ︖ ᠶᠣᠰᠣ ᠤᠴᠢᠷ ᠢᠩᠭᠢᠵᠦ ᠬᠡᠯᠡᠭᠳᠡᠬᠦ ᠳᠤ ᠲᠡᠭᠦᠨ ᠢ ᠨᠢ ᠬᠠᠷᠢᠨ ᠠᠮᠠᠷᠬᠠᠨ | ᠭᠥᠯᠢᠶᠡᠨ ᠠᠪᠬᠤ ᠪᠤᠶᠤ ᠲᠠᠷᠢᠬᠢᠨ ᠳᠠᠭᠠᠨ ᠬᠠᠳᠠᠩᠰᠢᠭᠤᠯᠳᠠᠭ ᠬᠥᠮᠥᠨ ᠭᠡᠭᠴᠢ ᠠᠮᠢᠳᠠᠨ ᠨᠢᠭᠡ ᠪᠤᠳᠤᠪᠠᠯ ᠦᠨᠡᠬᠡᠷ | ᠬᠥᠭᠡᠷᠦᠬᠦᠢ ᠪᠠᠶᠢᠵᠠᠢ᠃ | ᠨᠠ᠊·ᠰᠤᠩᠳᠤᠢ ᠶᠢᠨ︽ᠲᠦᠯᠬᠢᠭᠦᠷ ᠤᠨ ᠳᠠᠭᠤᠤ︾ ᠨᠢ ᠨᠡᠯᠢᠶᠡᠳ ᠤᠷᠳᠤ ᠰᠢᠯᠦᠭ ᠶᠤᠮ᠃ | ᠲᠡᠭᠦᠨ ᠳᠡᠭᠡᠨ︽ᠴᠣᠣᠵᠢ︾ ᠬᠢᠭᠡᠳ ︽ᠴᠣᠣᠵᠢᠯᠠᠬᠤ︾ ᠭᠡᠳᠡᠭ ᠦᠭᠡ ᠶᠢ ᠮᠠᠰᠢ ᠤᠯᠠᠨ ᠤᠳᠠᠭ᠎ᠠ ᠳᠠᠪᠲᠠᠨ | ᠬᠡᠷᠡᠭᠯᠡᠭᠰᠡᠨ ᠨᠢ ᠣᠨᠴᠠᠯᠢᠭ ᠲᠠᠢ᠃ ᠴᠣᠣᠵᠢ ᠭᠡᠳᠡᠭ ᠦᠭᠡ ᠣᠨᠢᠰᠤ ᠲᠦᠯᠬᠢᠭᠦᠷ ᠠᠴᠠ ᠪᠠᠨ ᠬᠤᠯᠠ ᠢᠯᠡᠭᠦᠦ | ᠲᠤᠭ᠎ᠠ ᠪᠠᠷ ᠪᠢᠴᠢᠭᠳᠡᠭᠰᠡᠨ ᠨᠢ ᠰᠢᠯᠦᠭᠴᠢ ᠶᠢᠨ ᠶᠠᠮᠠᠷ ᠨᠢᠭᠡᠨ ᠳᠣᠲᠣᠭᠠᠳᠤ ᠰᠡᠳᠬᠢᠯᠭᠡ ᠶᠢᠨ ᠭᠦᠨ ᠪᠤᠳᠤᠯ ᠢ | ᠢᠯᠡᠳᠬᠡᠭᠰᠡᠨ ᠪᠠᠶᠢᠵᠤ ᠮᠡᠳᠡᠬᠦ ᠶᠤᠮ᠃ ᠲᠡᠷᠡ ᠭᠦᠨ ᠪᠤᠳᠤᠯ ᠢᠶᠠᠨ ᠰᠢᠭᠤᠳ ᠢᠯᠡᠳᠬᠡᠭᠰᠡᠨ ᠦᠭᠡᠢ᠂ ᠬᠠᠷᠢᠨ ᠴᠣᠣᠵᠢ | ᠭᠡᠳᠡᠭ ᠦᠭᠡ ᠶᠢ ᠤᠯᠠᠨ ᠳᠠᠪᠲᠠᠵᠤ ᠬᠡᠷᠡᠭᠯᠡᠬᠦ ᠪᠠᠷ ᠳᠠᠮᠵᠢᠭᠤᠯᠵᠤ ᠤᠩᠰᠢᠭᠴᠢᠳ ᠤᠨ ᠳᠤᠮᠳᠠ ᠢᠯᠡᠷᠬᠡᠶᠢᠯᠡᠭᠰᠡᠨ | ᠪᠠᠶᠢᠵᠤ ᠮᠠᠭᠠᠳ ᠦᠭᠡᠢ᠃ ᠦᠨᠡᠨᠳᠡᠭᠡᠨ ︽ᠲᠦᠯᠬᠢᠭᠦᠷ ᠤᠨ ᠳᠠᠭᠤᠤ︾ ᠭᠡᠵᠦ ᠭᠠᠷᠴᠠᠭᠯᠠᠭᠰᠠᠨ ᠪᠣᠯᠬᠤᠷ ︽ᠣᠨᠢᠰᠤ︾ | ᠭᠡᠳᠡᠭ ᠦᠭᠡ ᠤᠯᠠᠨ ᠳᠤᠷᠠᠳᠤᠭᠳᠠᠪᠠᠯ ᠲᠠᠭᠠᠷᠠᠬᠤ ᠪᠢᠰᠢ ᠤᠤ︖ ᠰᠢᠯᠦᠭ ᠤᠨ ᠰᠠᠨᠠᠭᠠᠨ ᠳᠤ ᠪᠤᠶᠤ ᠮᠢᠨᠤ | ᠪᠤᠳᠤᠯ ᠳᠤ ᠴᠣᠣᠵᠢ ᠬᠢᠭᠡᠳ ᠣᠨᠢᠰᠤ ᠬᠤᠶᠠᠷ ᠤᠳᠬ᠎ᠠ ᠠᠭᠤᠯᠬᠤᠨ ᠤ ᠬᠤᠪᠢ ᠳᠤ ᠠᠳᠠᠯᠢ ᠦᠭᠡᠢ᠃ ᠣᠨᠢᠰᠤ ᠪᠣᠯ | ᠭᠠᠳᠠᠨ᠎ᠠ ᠳᠣᠲᠣᠨ᠎ᠠ ᠠᠴᠠ ᠨᠢ ᠪᠦᠷ ᠪᠤᠯᠳᠠᠭ᠂ ᠭᠡᠪᠡᠴᠦ ᠴᠣᠣᠵᠢ ᠪᠣᠯ ᠳᠣᠲᠣᠷ᠎ᠠ ᠪᠠᠨ ᠯᠠ ᠪᠠᠶᠢᠬᠤ ᠶᠣᠰᠣᠲᠠᠢ | ᠭᠡᠳᠡᠭ ᠰᠠᠨᠠᠭ᠎ᠠ ᠪᠠᠷ ᠪᠢ ᠣᠶᠢᠯᠠᠭᠠᠵᠤ ᠪᠠᠶᠢᠨ᠎ᠠ᠃ | | | ᠬᠤᠶᠠᠷ | ᠰᠠᠨᠠᠭᠠᠨ ᠳᠤ ᠦᠭᠡᠢ᠂ ᠥᠪᠡᠷ ᠤᠨ ᠮᠡᠳᠡᠯ ᠦᠭᠡᠢ ᠶᠢᠨ ᠳᠤᠮᠳᠠ ᠬᠤᠷᠸ᠎ᠠ ᠶᠢ ᠬᠠᠶᠠᠬᠤ ᠭᠡᠳᠡᠭ ᠢ ᠬᠡᠨ | ᠬᠥᠮᠥᠨ ᠲᠥᠰᠥᠭᠡᠯᠡᠨ ᠮᠡᠳᠡᠵᠦ ᠴᠢᠳᠠᠬᠤ ᠶᠤᠮ ᠪᠤᠢ︖ ᠪᠡᠶ᠎ᠡ ᠶᠢᠨ ᠴᠢᠯᠡᠭᠡ ᠲᠠᠶᠢᠯᠤᠭᠳᠠᠬᠤ ᠳᠤ ᠠᠮᠠᠷ᠂ | ᠰᠡᠳᠬᠢᠯ ᠤᠨ ᠵᠦᠳᠡᠷᠡᠭᠡ ᠬᠠᠷᠢᠨ ᠲᠡᠶᠢᠮᠦ ᠭᠢᠯᠪᠡᠷ ᠬᠥᠩᠭᠡᠷᠡᠳᠡᠭ ᠶᠠᠭᠤᠮ᠎ᠠ ᠪᠢᠰᠢ ᠶᠤᠮ᠃ ᠨᠡᠩ ᠴᠤ ᠥᠪᠡᠷ ᠤᠨ | ᠳᠤᠷ᠎ᠠ ᠲᠠᠢ᠂ ᠬᠠᠶᠢᠷᠠᠲᠠᠢ ᠵᠦᠢᠯ ᠳᠡᠭᠡᠨ ᠴᠢᠷᠮᠠᠶᠢᠨ ᠵᠢᠳᠬᠦᠬᠦ ᠭᠡᠭᠴᠢ ᠶᠢᠨ ᠶᠠᠪᠤᠴᠠ ᠳᠤ ᠬᠢ ᠰᠡᠳᠬᠢᠯ ᠪᠤᠳᠤᠯ ᠤᠨ | ᠵᠦᠳᠡᠷᠡᠭᠡ ᠶᠢ ᠬᠥᠮᠥᠨ ᠥᠪᠡᠷ ᠢᠶᠠᠨ ᠮᠡᠳᠡᠷᠡᠵᠦ ᠠᠮᠵᠢᠳᠠᠭ ᠦᠭᠡᠢ ᠪᠠᠶᠢᠯᠲᠠᠢ᠃ ᠢᠷᠠᠭᠤ ᠨᠠᠶᠢᠷᠠᠭᠴᠢ | ᠰᠸ᠊·ᠬᠠᠰᠥ᠌ᠯᠵᠡᠢ ᠪᠣᠯ ᠶᠠᠭ ᠳᠡᠭᠡᠭᠰᠡᠨ ᠯᠡ ᠤᠬᠠᠭᠠᠨ ᠲᠠᠢ ᠭᠡᠵᠦ ᠪᠤᠳᠤᠬᠳᠠᠵᠤ ᠪᠤᠢ᠃ | ᠰᠢᠯᠦᠭᠴᠢ ᠰᠸ᠊·ᠬᠠᠰᠥ᠌ᠯᠵᠡᠢ ᠪᠠᠷ ᠡᠬᠡ ᠣᠷᠣᠨ ᠲᠦᠷᠦᠭᠰᠡᠨ ᠨᠤᠲᠤᠭ ᠲᠠᠭᠠᠨ ᠬᠠᠶᠢᠷᠠᠲᠠᠢ ᠠᠴᠠ ᠬᠠᠶᠢᠷᠠᠲᠠᠢ | ᠶᠠᠪᠤᠭᠰᠠᠨ ᠬᠥᠮᠥᠨ ᠪᠠᠶᠢᠵᠠᠢ᠃ ᠲᠡᠭᠦᠨ ᠤ ᠵᠣᠩᠬᠢ ᠰᠢᠯᠦᠭ ᠪᠦᠲᠦᠭᠡᠯ ᠳᠤᠨᠢ ᠡᠬᠡ ᠣᠷᠣᠨ ᠪᠤᠶᠤ ᠲᠦᠷᠦᠭᠰᠡᠨ | ᠨᠤᠲᠤᠭ ᠭᠡᠬᠦ ᠦᠭᠡᠰ ᠳᠠᠩᠳᠠ ᠪᠠᠨ ᠪᠢᠴᠢᠭᠳᠡᠳᠡᠭ ᠪᠠᠶᠢᠭᠰᠠᠨ ᠨᠢ ᠮᠢᠨᠤ ᠬᠡᠯᠡᠵᠦ ᠪᠤᠢ ᠦᠭᠡ ᠶᠢ ᠭᠡᠷᠡᠴᠢᠯᠡᠳᠡᠭ᠃ | ︽ᠭᠦᠢ ᠬᠤᠯᠪᠤᠭ᠎ᠠ ᠲᠠᠢ ᠲᠡᠭᠷᠢᠯᠢᠭ ᠡᠬᠡ ᠣᠷᠣᠨ ᠮᠢᠨᠢ ᠨᠠᠮ᠎ᠠ ᠶᠢ ᠥᠷᠥᠰᠢᠶᠡ / ᠬᠥᠮᠥᠨ ᠠᠴᠠ ᠡᠰᠡ ᠠᠰᠠᠭᠤᠵᠤ | ᠨᠠᠮ᠎ᠠ ᠶᠢ ᠲᠠᠨᠢᠬᠤ ᠶᠢ ᠲᠡᠭᠷᠢ ᠨᠢ ᠥᠷᠥᠰᠢᠶᠡ︾ ︵︽ᠲᠣᠭᠤᠨᠣᠨ ᠳᠤ ᠨᠡᠶᠢᠰᠯᠡᠭᠰᠡᠨ ᠲᠡᠭᠷᠢ ᠶᠢᠨ ᠳᠣᠣᠷ᠎ᠠ︾︶ ᠭᠡᠬᠦ | ᠳᠡᠭᠡᠨ ᠡᠬᠡ ᠣᠷᠣᠨ ᠬᠢᠭᠡᠳ ᠨᠤᠲᠤᠭ ᠤᠰᠤ ᠨᠢ ᠪᠦᠷ ᠡᠵᠢ ᠲᠠᠢ ᠨᠢ ᠬᠠᠮᠲᠤ ᠰᠡᠳᠬᠢᠯ ᠠᠴᠠ ᠨᠢ ᠭᠠᠷᠳᠠᠭ ᠦᠭᠡᠢ | ᠪᠠᠶᠢᠭᠰᠠᠨ ᠨᠢ ᠴᠤ ᠢᠯᠡᠭᠡᠨ᠃ ︽ᠤᠳᠤ ᠲᠣᠷᠮᠣᠶᠢᠵᠤ ᠢᠷᠡᠬᠦ ᠳᠡᠭᠡᠨ ᠶᠠᠭᠠᠷᠠᠤ / ᠣᠷᠴᠢᠯᠠᠩ ᠤᠨ ᠴᠢᠯᠦᠭᠡᠨ ᠳᠤ | ᠱᠤᠭᠤᠮᠳᠠᠵᠤ ᠣᠶᠢᠷᠬᠠᠤ ᠳᠠᠭᠠᠨ ᠲᠤᠭᠤᠯᠳᠠᠭᠤ / ᠠᠶᠠᠭᠠᠨ ᠲᠣᠭᠤᠷᠢᠮ ᠳᠤ ᠭᠢᠯᠠᠰᠬᠤ ᠳᠠᠭᠠᠨ ᠬᠠᠶᠢᠩᠭᠤ / | ᠤᠴᠠᠷᠠᠯ ᠤᠨ ᠲᠦᠮᠡᠨ ᠳᠤᠷᠠᠰᠤᠯ ᠳᠠᠭᠠᠨ ᠠᠶᠢᠪᠤᠭᠤ︾ ︵︽ᠡᠵᠢ ᠶᠢᠨ ᠮᠢᠨᠢ ᠵᠢᠷᠦᠬᠡᠨ ᠴᠢᠭᠯᠡᠯ︾︶ ᠭᠡᠬᠦ ᠮᠡᠲᠦ ᠶᠢᠨ | ᠢᠯᠡᠳᠬᠡᠮᠵᠢ ᠲᠡᠭᠦᠨ ᠤ ᠪᠦᠲᠦᠭᠡᠯ ᠳᠤ ᠲᠤᠩ ᠤᠯᠠᠨ ᠭᠠᠷᠳᠠᠭ᠃ | ᠲᠡᠷᠡ ᠪᠠᠷ︽ᠬᠠᠰᠪᠤᠤ ᠲᠠᠮᠠᠭᠠᠲᠤ ᠨᠤᠲᠤᠭ︾ ᠭᠡᠳᠡᠭ ᠰᠢᠯᠦᠭ ᠲᠡᠭᠡᠨ᠄ | ︽ᠪᠦᠷᠦᠩᠬᠦᠢ ᠠᠴᠠ ᠵᠠᠪᠳᠤᠵᠤ ᠭᠦᠶᠦᠬᠦ ᠳᠤ ᠪᠠᠨ ᠪᠢ | ᠨᠤᠲᠤᠭ ᠳᠡᠭᠡᠷ᠎ᠡ ᠪᠠᠨ ᠡᠯᠢᠭᠡ ᠲᠦᠷᠦᠭᠦᠯᠳᠡᠭ | ᠪᠦᠲᠦᠨ ᠰᠥᠨᠢ ᠪᠠᠷ ᠣᠳᠣᠳ ᠬᠠᠷᠠᠭᠤᠯ ᠳᠤ ᠭᠠᠷᠴᠤ ᠨᠠᠮ᠎ᠠ ᠶᠢ ᠠᠮᠠᠷᠠᠭᠠᠳᠠᠭ | ᠬᠠᠶᠢᠷᠠᠲᠤ ᠨᠤᠲᠤᠭ ᠮᠢᠨᠢ ᠴᠢᠯᠠᠭᠤᠨ ᠲᠣᠭᠯᠠᠭᠠᠮ ᠤᠨ ᠳᠤᠮᠳᠠ ᠪᠠᠭ᠎ᠠ ᠨᠠᠰᠤ ᠲᠠᠢ ᠤᠶᠠᠷᠠᠳᠠᠭ︾ ᠬᠡᠮᠡᠨ | ᠪᠢᠴᠢᠵᠦ᠂ ᠪᠠᠭ᠎ᠠ ᠨᠠᠰᠤ᠂ ᠡᠬᠡ ᠨᠤᠲᠤᠭ ᠵᠢᠴᠢ ᠴᠡᠩᠬᠡᠷ ᠲᠡᠭᠷᠢ ᠶᠢᠨ ᠣᠳᠣᠳ ᠢ ᠪᠠᠭ᠋ᠠᠷᠬᠠᠨ ᠬᠠᠶᠢᠷᠠᠯᠠᠵᠤ᠂ | ᠲᠡᠳᠡᠭᠡᠷ ᠢᠶᠠᠨ ᠰᠠᠨᠠᠬᠤ ᠳᠤ᠂ ᠬᠠᠷᠠᠬᠤ ᠳᠤ ᠪᠦᠭᠦ ᠶᠠᠳᠠᠷᠠᠭ᠎ᠠ ᠨᠢ ᠲᠠᠶᠢᠯᠤᠭᠳᠠᠬᠤ ᠮᠡᠲᠦ ᠪᠤᠯᠳᠠᠭ ᠢᠶᠠᠨ ᠰᠠᠨᠠᠨ ᠰᠠᠨᠠᠨ | ᠠᠭᠰᠠᠭᠠᠷ ᠨᠤᠲᠤᠭ ᠰᠣᠶᠣᠯ᠂ ᠰᠤᠷᠭᠠᠨ ᠬᠥᠮᠦᠵᠢᠯ ᠤᠨ ᠠᠵᠢᠯ ᠳᠤ ᠮᠠᠬᠠᠷᠬᠠᠵᠤ ᠶᠠᠪᠤᠭᠰᠠᠨ ᠰᠢᠯᠦᠭᠴᠢ ᠮᠢᠨᠢ | ᠳᠠᠩᠴᠤ ᠡᠷᠲᠡ ᠶᠢᠷᠲᠢᠨᠴᠦ ᠶᠢ ᠤᠷᠭᠢᠵᠡᠢ᠃ ᠲᠡᠷᠡ ᠪᠠᠷ ᠠᠯᠢ ᠡᠷᠲᠡ ᠡᠮᠦᠨ᠎ᠡ ᠵᠠᠭᠤᠨ ᠤ ᠶᠡᠷᠡᠭᠡᠳ ᠣᠨ ᠤ | ᠰᠡᠭᠦᠯᠴᠢ ᠪᠠᠷ ᠦᠬᠦᠯ ᠤᠨ ᠲᠤᠬᠠᠢ ᠥᠪᠡᠷ ᠤᠨ ᠦᠵᠡᠯᠲᠡ ᠲᠠᠢ ᠦᠭᠡ ᠶᠢ ᠪᠢᠴᠢᠵᠦ ᠪᠠᠶᠢᠭᠰᠠᠨ ᠢ ᠨᠢ ᠰᠡᠭᠦᠯ ᠳᠤᠨᠢ | ᠮᠡᠳᠡᠭᠰᠡᠨ ᠶᠤᠮ᠃ | ︽ᠵᠢᠷᠭᠠᠯᠠᠩ ᠤᠨ ᠬᠠᠭᠠᠯᠠᠭᠠᠨ ᠳᠤ ᠬᠢ ᠮᠥᠩᠭᠦᠨ ᠴᠣᠣᠵᠢ︾ ᠰᠢᠯᠦᠭ ᠲᠠᠬᠢ ︽ᠬᠥᠯᠭᠡᠨ ᠤᠳᠤ︾ ᠭᠡᠳᠡᠭ | ᠣᠬᠤᠷ ᠰᠢᠯᠦᠭ ᠲᠡᠭᠡᠨ᠄ | ︽ᠬᠥᠮᠥᠨ ᠲᠦᠷᠦᠯ ᠠᠷᠠᠯᠵᠢᠭᠰᠠᠨ ᠬᠤᠶᠠᠷ ᠤᠳᠤ ᠭᠡᠷᠡᠯᠳᠦᠭᠡᠳ | ᠭᠢᠯᠠᠰᠤᠨ ᠨᠡᠭᠦᠳᠡᠯᠯᠡᠵᠦ ᠳᠡᠯᠡᠬᠡᠢ ᠳᠤ ᠰᠢᠷᠬ᠎ᠠ ᠲᠠᠲᠠᠵᠤ ᠣᠷᠣᠨ | ᠭᠠᠵᠠᠷ ᠤᠨ ᠵᠢᠷᠦᠬᠡᠨ ᠠᠴᠠ ᠲᠡᠭᠷᠢ ᠳᠤ ᠲᠦᠷᠦᠯ ᠣᠯᠣᠭᠰᠠᠨ︾ ᠭᠡᠵᠦ ᠪᠢᠴᠢᠭᠰᠡᠨ ᠪᠠᠶᠢᠨ᠎ᠠ᠃ | ᠡᠨᠡ ᠪᠠᠳᠠᠭ ᠰᠢᠯᠦᠭ ᠨᠢ ᠮᠠᠰᠢ ᠰᠢᠭᠤᠷᠬᠠᠢ ᠲᠤᠬᠰᠢᠨ ᠮᠥᠷᠲᠡᠭᠡᠨ ᠰᠢᠳᠢᠯᠢᠭ ᠲᠥᠷᠥᠭᠳᠡᠯ ᠢ ᠨᠠᠳᠠᠳᠤ | ᠥᠭᠴᠡᠢ᠃ ︽ᠳᠡᠯᠡᠬᠡᠢ ᠳᠤ ᠰᠢᠷᠬ᠎ᠠ ᠲᠠᠲᠠᠵᠤ ᠣᠷᠣᠨ︾ ᠪᠠᠶᠢᠲᠠᠯ᠎ᠠ ᠪᠠᠨ︽ᠭᠠᠵᠠᠷ ᠤᠨ ᠵᠢᠷᠦᠬᠡᠨ ᠠᠴᠠ ᠲᠡᠭᠷᠢ ᠳᠤ | ᠲᠦᠷᠦᠯ ᠣᠯᠣᠭᠰᠠᠨ︾ ᠭᠡᠳᠡᠭ ᠢᠯᠡᠳᠬᠡᠮᠵᠢ ᠪᠠᠷ ᠢᠶᠠᠨ ᠨᠠᠳᠠᠳᠤ ᠲᠡᠶᠢᠮᠦ ᠲᠥᠷᠥᠭᠳᠡᠯ ᠢ ᠥᠭᠭᠦᠭᠰᠡᠨ ᠪᠠᠶᠢᠬᠤ᠃ | ᠳᠡᠯᠡᠬᠡᠢ ᠳᠤ ᠰᠢᠷᠬ᠎ᠠ ᠲᠠᠲᠠᠵᠤ ᠣᠷᠣᠬᠤ ᠭᠡᠭᠴᠢ ᠶᠠᠮᠠᠷ ᠲᠤᠬᠰᠢᠨ ᠰᠢᠷᠦᠭᠦᠨ ᠮᠡᠨᠳᠦᠯᠡᠯ ᠶᠤᠮ ᠪᠤᠢ︖ ᠭᠡᠬᠦ ᠳᠤ᠂ | ᠲᠡᠷᠡ ᠨᠢ ᠪᠦᠷ ᠴᠤ ︽ᠲᠡᠭᠷᠢ ᠳᠤ ᠣᠯᠣᠭᠰᠠᠨ︾ ᠲᠦᠷᠦᠯ ᠶᠤᠮ ᠪᠠᠶᠢᠵᠠᠢ᠃ ᠬᠤᠯᠠ ᠶᠢᠨ ᠲᠡᠭᠷᠢ ᠠᠴᠠ ᠢᠷᠡᠵᠦ᠂ | ᠬᠥᠷᠥᠰᠥᠲᠦ ᠳᠡᠯᠡᠬᠡᠢ ᠳᠤ ᠬᠥᠮᠥᠨ ᠤ ᠲᠦᠷᠦᠯ ᠣᠯᠣᠭᠰᠠᠨ ᠭᠡᠳᠡᠭ ᠴᠤ ᠦᠨᠳᠦᠰᠦ ᠨᠢ ᠬᠠᠰᠢᠯᠠ ᠲᠡᠭᠷᠢ ᠠᠴᠠ | ᠡᠰᠢ ᠲᠠᠢ ᠭᠡᠳᠡᠭ ᠨᠢ ᠰᠢᠯᠦᠭ ᠤᠨ ᠰᠠᠨᠠᠭ᠎ᠠ᠃ | ᠦᠨᠡᠨᠳᠡᠭᠡᠨ ᠡᠨᠡ︽ᠬᠥᠯᠭᠡᠨ ᠤᠳᠤ︾ ᠰᠢᠯᠦᠭ ᠨᠢ ᠬᠤᠶᠠᠷ ᠯᠡ ᠪᠠᠳᠠᠭ ᠢᠶᠠᠷ ᠪᠦᠷᠢᠯᠳᠦᠵᠦ᠂ ᠲᠦᠷᠦᠭᠦᠦ | ᠪᠠᠳᠠᠭ ᠨᠢ᠄ | ︽ᠳᠡᠯᠡᠬᠡᠢ ᠶᠢᠨ ᠠᠯᠳᠠᠨ ᠰᠤᠳᠠᠯ ᠢᠶᠠᠷ ᠦᠨᠳᠦᠰᠦ ᠬᠥᠭᠡᠭᠡᠨ | ᠲᠡᠭᠷᠢ ᠶᠢᠨ ᠪᠤᠰᠤ ᠲᠣᠭᠤᠷᠢᠨ ᠤ ᠪᠣᠯᠣᠨ ᠰᠢᠯᠵᠢᠩᠭᠡᠨ ᠬᠤᠶᠠᠷ ᠤᠳᠤ | ᠭᠠᠵᠠᠷ ᠤᠨ ᠵᠢᠷᠦᠬᠡᠨ ᠳᠤ ᠬᠥᠮᠥᠨ ᠲᠦᠷᠦᠯ ᠣᠯᠣᠭᠰᠠᠨ︾ ᠭᠡᠳᠡᠭ ᠶᠤᠮ᠃ | ᠰᠢᠯᠦᠭ ᠨᠢ ᠶᠠᠭ ᠬᠤᠶᠠᠷ ᠬᠥᠮᠥᠨ ᠤ ᠲᠤᠬᠠᠢ ᠶᠠᠷᠢᠭᠰᠠᠨ ᠰᠢᠭ᠋ ᠪᠤᠯᠪᠠᠴᠤ ᠦᠨᠡᠨᠳᠡᠭᠡᠨ ᠲᠡᠶᠢᠮᠦ ᠪᠢᠰᠢ | ᠭᠡᠳᠡᠭ ᠢ ᠨᠢ ︽ᠲᠤᠮᠤᠭ ᠲᠤ ᠨᠢᠭᠡ ᠬᠥᠮᠥᠨ ᠨᠢᠵᠡᠭᠡᠳ ᠤᠳᠤᠨ᠎ᠠ ᠲᠦᠷᠦᠭᠰᠡᠨ ᠬᠡᠮᠡᠳᠡᠭ︾ ᠭᠡᠰᠡᠨ ᠳᠡᠳ᠋ | ᠭᠠᠷᠴᠠᠭ ᠠᠴᠠ ᠨᠢ ᠮᠡᠳᠡᠵᠦ ᠪᠣᠯᠣᠨ᠎ᠠ᠃ ᠡᠬᠡ ᠣᠷᠣᠨ᠂ ᠨᠤᠲᠤᠭ ᠤᠰᠤ ᠨᠢ ᠪᠢᠴᠢᠵᠦ ᠪᠠᠶᠢᠭ᠎ᠠ ᠵᠦᠢᠯ ᠳᠤᠨᠢ | ᠦᠷᠭᠦᠯᠵᠢ ᠳᠤᠷᠠᠳᠤᠭᠳᠠᠳᠠᠭ ᠲᠡᠳᠦᠢ ᠦᠭᠡᠢ ᠲᠡᠭᠦᠨ ᠤ ᠬᠢᠨᠢ ᠣᠷᠣᠢ ᠳᠤᠨᠢ ᠲᠣᠷᠮᠣᠶᠢᠳᠠᠭ ᠬᠡᠷᠡᠯᠳᠦ ᠣᠳᠣᠳ ᠴᠤ | ᠶᠡᠷᠦ ᠨᠢ ᠳᠤᠲᠠᠭᠤ ᠭᠠᠷᠳᠠᠭ ᠦᠭᠡᠢ ᠪᠠᠶᠢᠭᠰᠠᠨ ᠶᠤᠮ᠃ ᠠᠵᠢᠭᠯᠠᠬᠤ ᠳᠤ᠂ ᠮᠢᠨᠤ ᠡᠮᠦᠨ᠎ᠡ ᠵᠢᠱᠢᠶᠡᠯᠡᠭᠰᠡᠨ ᠬᠡᠳᠦᠨ | ᠰᠢᠯᠦᠭ ᠨᠢ ᠪᠦᠷ ᠲᠡᠭᠷᠢ ᠶᠢᠨ ᠤᠳᠤᠨ ᠭᠡᠳᠡᠭ ᠢᠶᠠᠷ ᠳᠣᠲᠣᠭᠠᠳᠤ ᠬᠤᠯᠪᠣᠭᠠᠰᠤ ᠪᠤᠯᠭᠠᠵᠤ ᠪᠠᠶᠢᠭ᠎ᠠ ᠴᠤ ᠭᠡᠮᠡᠷ ᠪᠢᠯᠡ᠃ | | ᠰᠸ᠊·ᠬᠠᠰᠥ᠌ᠯᠵᠡᠢ ᠠᠷᠢᠬᠢ ᠲᠠᠮᠠᠬᠢ ᠲᠠᠢ ᠣᠶᠢᠷᠠᠲᠤᠳᠠᠭ ᠦᠭᠡᠢ ᠴᠤ ᠵᠣᠭᠤᠭ ᠰᠠᠶᠢᠲᠠᠢ᠂ ᠡᠶᠡᠯᠳᠡᠭ ᠵᠠᠩ ᠲᠠᠢ | ᠬᠥᠮᠥᠨ᠃ ᠲᠡᠷᠡ ᠡᠩ ᠤᠨ ᠴᠠᠭ ᠲᠠᠭᠠᠨ ᠳᠤᠭᠤᠢ ᠰᠢᠤᠬᠠᠨ ᠪᠠᠶᠢᠳᠠᠭ ᠴᠤ ᠰᠡᠳᠬᠢᠮᠵᠢ ᠪᠠᠷ ᠬᠤᠷᠴᠠ᠂ ᠦᠭᠡ ᠪᠠᠷ | ᠪᠠᠶᠠᠨ ᠬᠥᠮᠥᠨ᠃ ᠠᠵᠢᠯ ᠤᠨ ᠴᠢᠯᠦᠭᠡ ᠪᠠᠷ ᠢᠶᠠᠨ ᠬᠤᠷᠢᠮ ᠨᠠᠶᠢᠷ ᠤᠨ ᠬᠥᠲᠥᠯᠥᠭᠴᠢ ᠪᠣᠯᠵᠤ᠂ ᠤᠳᠤ | ᠬᠡᠶᠢᠮᠣᠷᠢ ᠲᠠᠢ ᠪᠠᠷ ᠤᠯᠠᠨ ᠢ ᠪᠠᠶᠠᠰᠬᠠᠵᠤ ᠶᠠᠪᠤᠬᠤ ᠳᠤᠨᠢ ᠠᠮᠢᠳᠤᠷᠠᠯ ᠡᠶᠢᠮᠦ ᠰᠠᠶᠢᠬᠠᠨ᠂ ᠢᠷᠠᠭᠤ ᠨᠠᠶᠢᠷᠠᠭᠴᠢ ᠶᠢᠨ | ᠠᠮᠢᠳᠤᠷᠠᠯ ᠤᠨ ᠵᠠᠮ ᠲᠡᠶᠢᠮᠦ ᠯᠡ ᠰᠠᠶᠢᠬᠠᠨ ᠤᠷᠳᠤ ᠶᠢᠨ ᠤᠷᠳᠤ ᠳᠤᠷᠠᠶᠢᠨ᠎ᠠ ᠳ᠋ᠠ ᠭᠡᠵᠦ ᠪᠤᠳᠤᠵᠤ ᠠᠮᠢᠵᠢᠬᠰᠠᠨ | ᠴᠤ ᠤᠯᠠᠭᠠᠨ ᠵᠢᠷᠦᠬᠡᠨ ᠤ ᠬᠢᠨᠢ ᠴᠣᠬᠢᠯᠭ᠎ᠠ ᠡᠶᠢᠮᠦ ᠡᠷᠲᠡ ᠵᠣᠭᠰᠣᠴᠢᠬᠠᠨᠠ ᠭᠡᠳᠡᠭ ᠢ ᠬᠡᠨ ᠶᠠᠭᠠᠬᠢᠵᠤ ᠰᠠᠨᠠᠬᠤ | ᠶᠤᠮ ᠪᠤᠢ︖ ᠶᠠᠳᠠᠷᠠᠯ᠂ ᠰᠡᠳᠬᠢᠯ ᠤᠨ ᠶᠠᠳᠠᠷᠠᠯ ᠢ ᠬᠥᠮᠥᠨ ᠲᠡᠰᠴᠦ ᠳᠡᠶᠢᠯᠳᠡᠭ ᠦᠭᠡᠢ ᠠᠵᠢ᠃ ᠶᠠᠭᠠᠬᠢᠬᠤ ᠶᠤᠮ | ᠪᠤᠢ︖ ᠰᠢᠯᠦᠭ ᠰᠡᠳᠬᠢᠵᠦ᠂ ᠨᠣᠮ ᠪᠢᠰᠢᠯᠭᠠᠭᠰᠠᠨ ᠬᠠᠷᠠᠴᠠ ᠨᠢ ᠡᠮᠦᠨ᠎ᠡ ᠢᠯᠡᠷᠡᠭᠡᠳ ᠪᠠᠶᠢᠬᠤ ᠶᠤᠮ᠃ | | | ᠭᠤᠷᠪᠠ | ᠮ᠊·ᠽᠠᠳᠠᠨᠪᠠᠯ ᠤᠨ ᠰᠢᠯᠦᠭ ᠵᠣᠬᠢᠶᠠᠯ ᠢ ᠤᠩᠰᠢᠵᠤ ᠶᠠᠪᠤᠬᠤ ᠳᠠᠭᠠᠨ ᠲᠡᠭᠦᠨ ᠢ ᠰᠢᠯᠦᠭᠴᠢ᠂ ᠣᠷᠴᠢᠭᠤᠯᠤᠭᠴᠢ᠂ | ᠰᠢᠭᠦᠮᠵᠢᠯᠡᠭᠴᠢ ᠭᠡᠳᠡᠭ ᠢ ᠨᠢ ᠮᠡᠳᠡᠷᠡᠳᠡᠭ ᠪᠠᠶᠢᠭᠰᠠᠨ ᠶᠤᠮ᠃ ᠢᠯᠠᠩᠭᠤᠶ᠎ᠠ ᠲᠡᠷᠡ ᠪᠣᠯ ᠮᠠᠨ ᠤ ᠣᠷᠣᠨ ᠤ ᠮᠣᠩᠭᠤᠯ | ᠬᠡᠯᠡᠨ ᠠᠴᠠ ᠬᠢᠲᠠᠳ ᠬᠡᠯᠡᠨ ᠵᠦᠭ ᠣᠷᠴᠢᠭᠤᠯᠳᠠᠭ ᠲᠤᠭ᠎ᠠ ᠲᠠᠢ ᠬᠡᠳᠦᠬᠡᠨ ᠰᠠᠶᠢᠨ ᠣᠷᠴᠢᠭᠤᠯᠤᠭᠴᠢ ᠶᠢᠨ | ᠳᠣᠲᠣᠷᠠᠬᠢ ᠨᠡᠷᠡᠳᠦ ᠲᠥᠯᠥᠭᠡᠯᠡᠭᠴᠢ ᠶᠢᠨ ᠨᠢᠭᠡ ᠪᠥᠭᠡᠳ ᠬᠡᠦᠬᠡᠳ ᠤᠨ ᠵᠢᠷᠤᠭᠲᠤ ᠳᠡᠪᠲᠡᠷ ᠤᠨ ᠨᠣᠮ | ᠲᠡᠷᠢᠭᠦᠲᠡᠨ ᠢ ᠮᠠᠰᠢ ᠤᠯᠠᠨ ᠴᠤᠭᠯᠠᠭᠠᠨ ᠬᠠᠳᠠᠭᠠᠯᠠᠭᠰᠠᠨ ᠬᠤᠷᠢᠶᠠᠨ ᠬᠠᠳᠠᠭᠠᠯᠠᠭᠴᠢ ᠭᠡᠳᠡᠭ ᠢ ᠨᠠᠶᠢᠵᠠ | ᠨᠥᠬᠦᠳ ᠠᠴᠠ ᠪᠠᠨ ᠰᠣᠨᠣᠰᠳᠠᠭ ᠪᠠᠶᠢᠭᠰᠠᠨ᠃ | ᠠᠮᠢᠳᠤᠷᠠᠯ ᠤᠨ ᠬᠠᠲᠠᠭᠤᠵᠢᠯ ᠳᠤ ᠤᠨᠠᠨ ᠲᠤᠰᠤᠨ ᠶᠠᠪᠤᠭᠰᠠᠨ ᠬᠥᠮᠥᠨ ᠪᠦᠭᠦᠨ ᠤ ᠰᠠᠨᠠᠭ᠎ᠠ ᠢᠵᠢᠯ ᠪᠢᠰᠢ᠃ | ᠲᠡᠭᠡᠭᠦ ᠪᠠᠷ᠂ ᠠᠮᠢᠳᠤᠷᠠᠯ᠂ ᠵᠢᠳᠬᠦᠯ᠂ ᠦᠬᠦᠯ ᠲᠡᠷᠢᠭᠦᠲᠡᠨ ᠳᠤ ᠬᠠᠨᠳᠤᠬᠤ ᠬᠥᠮᠥᠨ ᠪᠦᠭᠦᠨ ᠤ ᠦᠵᠡᠯᠲᠡ ᠪᠠ ᠢᠯᠡᠷᠡᠯ | ᠠᠳᠠᠯᠢ ᠦᠭᠡᠢ ᠪᠠᠶᠢᠳᠠᠭ ᠨᠢ ᠴᠤ ᠯᠠᠪ ᠠᠵᠢ᠃ ᠵᠠᠷᠢᠮ ᠨᠢ ᠲᠡᠷᠡ ᠲᠤᠬᠠᠢ ᠰᠡᠳᠬᠢᠵᠦ ᠠᠮᠵᠢᠳᠠᠭ ᠴᠤ ᠵᠣᠩᠬᠢ ᠨᠢ | ᠲᠡᠭᠦᠨ ᠢ ᠴᠢᠨᠢ ᠥᠴᠥᠬᠡᠨ ᠲᠡᠳᠦᠢ ᠴᠤ ᠲᠣᠭᠤᠵᠤ ᠪᠤᠳᠤᠳᠠᠭ ᠦᠭᠡᠢ ᠴᠤ ᠮᠠᠭᠠᠳ ᠪᠢᠯᠡ᠃ ᠭᠡᠪᠡᠴᠦ ᠮ᠊·ᠽᠠᠳᠠᠨᠪᠠᠯ | ᠲᠡᠷᠡ ᠲᠤᠬᠠᠢ ᠲᠠᠢ ᠢᠯᠡᠭᠦᠦ ᠪᠤᠳᠤᠳᠠᠭ ᠬᠥᠮᠥᠨ ᠤ ᠨᠢᠭᠡ᠃ ︽ᠣᠨ ᠵᠢᠯ ᠤᠨ ᠭᠦᠨ ᠳᠤ ᠭᠢᠯᠠᠯᠵᠠᠭᠰᠠᠨ | ᠠᠮᠢᠳᠤᠷᠠᠯ ᠤᠨ ᠶᠡᠭᠡ ᠲᠣᠯᠢᠨ ᠳᠤ ᠪᠢᠳᠡᠨ ᠤ ᠬᠤᠵᠶᠢᠬᠰᠠᠨ ᠴᠢᠷᠠᠢ ᠬᠠᠷᠠᠭᠳᠠᠨ᠎ᠠ︾ ᠁ ︽ᠪᠢ ᠢᠷᠠᠭᠤ | ᠠᠯᠳᠠᠷ ᠤᠨ ᠮᠠᠨᠠᠨ ᠪᠤᠳᠠᠩ ᠢ ᠭᠦᠪ ᠬᠥᠩᠭᠡᠬᠡᠨ ᠰᠡᠬᠦᠵᠦ ᠬᠠᠶᠠᠭᠠᠳ ᠠᠮᠢ ᠨᠠᠰᠤᠨ ᠤ ᠡᠬᠡ ᠬᠠᠭᠤᠷᠠᠢ ᠳᠠᠭᠠᠨ ᠴᠢᠪ | ᠴᠢᠮᠡᠭᠡ ᠦᠭᠡᠢ ᠪᠤᠴᠠᠬᠤ ᠪᠣᠯᠣᠨ᠎ᠠ᠃ ᠲᠠ ᠨᠠᠷ ᠨᠠᠮ᠎ᠠ ᠶᠢ ᠬᠡᠵᠢᠶ᠎ᠡ ᠴᠤ ᠡᠷᠢᠵᠦ ᠣᠯᠬᠤ ᠦᠭᠡᠢ︾ ︵︽ᠣᠨ ᠵᠢᠯ ᠤᠨ | ᠡᠷᠭᠢ︾︶ ᠭᠡᠳᠡᠭ ᠵᠢᠪᠬᠤᠭᠠᠯᠢᠭ ᠴᠤ ᠭᠡᠮᠡᠷ᠂ ᠤᠶᠠᠷᠠᠯᠲᠠᠢ ᠴᠤ ᠭᠡᠮᠡᠷ ᠦᠭᠡ ᠶᠢ ᠮ᠊·ᠽᠠᠳᠠᠨᠪᠠᠯ ᠮᠢᠨᠢ ᠠᠯᠢ ᠡᠷᠲᠡᠨ ᠤ | ᠨᠢᠭᠡᠨ ᠵᠢᠵᠢᠭ ᠨᠠᠶᠢᠷᠠᠭᠤᠯᠤᠯ ᠳᠠᠭᠠᠨ ᠪᠢᠴᠢᠵᠦ ᠤᠷᠭᠢᠬᠰᠠᠨ ᠪᠠᠶᠢᠵᠠᠢ᠃ ᠣᠨ ᠵᠢᠯ ᠤᠨ ᠡᠷᠭᠢ ᠯᠦᠭᠡ ᠬᠥᠮᠥᠨ | ᠪᠦᠭᠦᠳᠡ ᠵᠣᠯᠭᠠᠨ ᠵᠠᠶᠢᠯᠠᠬᠤ ᠶᠢᠨ ᠠᠷᠭ᠎ᠠ ᠦᠭᠡᠢ ᠦᠨᠡᠨ ᠶᠣᠰᠣ᠃ ᠭᠡᠬᠦ ᠳᠤ᠂ ᠲᠡᠷᠡ ᠮᠠᠨᠢ ᠨᠡᠷ᠎ᠡ ᠲᠦᠷᠦ᠂ ᠦᠨᠡᠨ | ᠬᠤᠳᠠᠯ᠂ ᠰᠠᠶᠢᠨ ᠮᠠᠭᠤ ᠠᠴᠠ ᠡᠬᠢᠯᠡᠭᠰᠡᠨ ᠪᠦᠭᠦ ᠵᠦᠢᠯ ᠳᠤ ᠬᠠᠮᠢᠶ᠎ᠠ ᠲᠠᠢ ᠨᠢᠮᠭᠡᠨ ᠵᠤᠵᠠᠭᠠᠨ ᠮᠠᠨᠠᠨ ᠢ ᠬᠥᠰᠢᠭᠡ | ᠢᠷᠠᠬᠤ ᠮᠡᠲᠦ ᠱᠤᠭᠤᠵᠤ ᠬᠠᠶᠠᠭᠠᠳ ᠨᠦᠭᠦᠭᠡ ᠡᠷᠭᠢᠨ᠎ᠡ ᠭᠠᠷᠴᠤ ᠣᠴᠢᠨᠠᠮ ᠭᠡᠬᠦ ᠲᠡᠷᠢᠭᠦᠲᠡᠨ ᠢᠶᠠᠷ ᠰᠡᠳᠬᠢᠵᠦ | ᠠᠭᠰᠠᠨ ᠭᠡᠳᠡᠭ ᠢ ᠨᠢ ᠬᠡᠨ ᠴᠤ ᠰᠠᠨᠠᠵᠤ ᠪᠠᠶᠢᠭᠰᠠᠨ ᠦᠭᠡᠢ ᠨᠢ ᠮᠠᠭᠠᠳ ᠲᠠᠢ᠃ ᠬᠥᠮᠥᠨ ᠭᠡᠭᠴᠢ ᠲᠡᠶᠢᠮᠦ ᠯᠡ᠂ | ᠶᠠᠭᠤᠮ᠎ᠠ ᠶᠢ ᠲᠤᠬᠠᠢ ᠶᠢᠨ ᠴᠠᠭ ᠲᠤᠨᠢ ᠣᠶᠢᠯᠠᠭᠠᠳᠠᠭ ᠦᠭᠡᠢ ᠮᠥᠷᠲᠡᠭᠡᠨ ᠳᠡᠭᠡᠭᠦᠷ ᠨᠢ ᠭᠢᠰᠬᠢᠯᠡᠬᠦ ᠶᠢᠨ ᠨᠠᠭᠠᠭᠤᠷ | ᠳᠠᠪᠬᠢᠨ ᠭᠠᠷᠴᠤ᠂ ᠠᠯᠢ ᠬᠤᠵᠢᠮ ᠨᠢ ᠪᠤᠴᠠᠵᠤ ᠬᠠᠷᠠᠭᠠᠳ ᠬᠠᠷᠠᠮᠰᠠᠯ ᠭᠤᠮᠣᠷᠬᠠᠯ ᠢᠶᠠᠨ ᠢᠯᠡᠳᠬᠡᠳᠡᠭ ᠯᠡ ᠲᠡᠳᠦᠢ | ᠪᠠᠶᠢᠳᠠᠭ ᠨᠢ ᠭᠤᠨᠢᠶᠠᠯᠲᠠᠢ ᠠᠴᠠ ᠭᠤᠨᠢᠶᠠᠯᠲᠠᠢ ᠨᠢ ᠠ᠋᠃ | ᠮ᠊·ᠽᠠᠳᠠᠨᠪᠠᠯ ᠤᠨ ᠨᠠᠰᠤ ᠪᠠᠷᠠᠬᠤ ᠵᠢᠯ ᠳᠡᠭᠡᠨ ᠪᠢᠴᠢᠭᠰᠡᠨ︽ᠦᠬᠦᠯ ᠶᠠᠭᠠᠬᠢᠭᠰᠠᠨ ᠪᠤᠢ︾ ᠭᠡᠳᠡᠭ ᠰᠢᠯᠦᠭ ᠢ | ᠤᠩᠰᠢᠭᠠᠳ ᠰᠡᠳᠬᠢᠯ ᠤᠶᠠᠷᠠᠭᠰᠠᠨ ᠭᠡᠳᠡᠭ ᠢ ᠬᠡᠯᠡᠰᠢ ᠦᠭᠡᠢ᠃ ᠲᠡᠷᠡ ᠰᠢᠯᠦᠭ ᠲᠤ᠄ | ︽ᠦᠬᠦᠯ ᠨᠠᠳᠠ ᠠᠴᠠ ᠮᠠᠰᠢ ᠣᠶᠢᠷᠠᠬᠠᠨ ᠢᠷᠡᠴᠢᠬᠡᠭᠡᠳ ᠪᠠᠶᠢᠨ᠎ᠠ | ᠪᠢ ᠲᠡᠭᠦᠨ ᠢ ᠲᠠᠨᠢᠯ᠎ᠠ | ᠦᠬᠡᠷ ᠲᠣᠯᠣᠭᠠᠶᠢᠲᠤ᠂ ᠮᠣᠷᠢᠨ ᠨᠢᠭᠤᠷᠲᠤ ᠬᠤᠶᠠᠷ ᠡᠯᠴᠢ ᠶᠢ | ᠲᠠᠨᠠᠷ ᠵᠢᠭᠠᠬᠠᠨ ᠬᠦᠯᠢᠶᠡᠵᠦ ᠪᠤᠢ ᠭᠡᠵᠦ ᠪᠢ ᠬᠡᠯᠡᠪᠡ | ᠠᠮᠢᠳᠤᠷᠠᠯ ᠭᠡᠳᠡᠭ ᠤᠷᠳᠤ ᠰᠢᠯᠦᠭ ᠢᠶᠠᠨ ᠪᠢᠴᠢᠭᠡᠳ ᠳᠠᠭᠤᠰᠬᠠᠶ᠎ᠠ ᠳ᠋ᠠ | ᠠᠮᠢ ᠨᠠᠰᠤ ᠭᠡᠳᠡᠭ ᠬᠤᠶᠠᠷ ᠦᠰᠦᠭ ᠲᠤ ᠭᠠᠶᠢᠬᠠᠯᠲᠠᠢ ᠴᠡᠭ ᠲᠠᠯᠪᠢᠵᠤ ᠦᠭᠭᠦᠶ᠎ᠡ ᠳ᠋ᠠ | ᠠᠯᠢ ᠪᠠᠶᠢᠭᠰᠠᠨ ᠬᠠᠶᠢᠷ᠎ᠠ ᠮᠥᠷᠥᠭᠡᠳᠦᠯ ᠢᠶᠠᠨ ᠠᠯᠠᠭ ᠬᠤᠷᠸ᠎ᠠ ᠳᠤ ᠦᠯᠡᠳᠡᠭᠡᠶ᠎ᠡ ᠳ᠋ᠠ | ᠠᠬᠢᠭᠠᠳ ᠤᠴᠠᠷᠠᠬᠤ ᠦᠭᠡᠢ ᠠᠯᠳᠠᠨ ᠨᠥᠬᠦᠳ ᠲᠡᠭᠡᠨ ᠪᠠᠶᠠᠷᠲᠠᠢ ᠭᠡᠵᠦ ᠬᠡᠯᠡᠶ᠎ᠡ ᠳ᠋ᠠ | ᠲᠡᠭᠡᠵᠦ ᠪᠢ ᠦᠬᠦᠯ ᠢ ᠲᠦᠷ ᠬᠦᠯᠢᠶᠡᠯᠭᠡᠭᠰᠡᠨ ᠶᠤᠮ | ᠦᠬᠦᠯ ᠨᠠᠮ᠎ᠠ ᠶᠢ ᠦᠬᠦᠨ ᠦᠬᠦᠲᠡᠯ᠎ᠡ ᠬᠦᠯᠢᠶᠡᠵᠦ ᠪᠠᠶᠢᠬᠤ ᠪᠣᠯᠣᠨ᠎ᠠ︾ ᠭᠡᠵᠦ ᠤᠯᠠᠨ ᠠᠷᠪᠢᠨ ᠤᠳᠬ᠎ᠠ | ᠰᠠᠨᠠᠭ᠎ᠠ ᠬᠤᠷᠢᠶᠠᠩᠭᠤᠶᠢᠯᠠᠭᠳᠠᠨ ᠪᠢᠴᠢᠭᠳᠡᠵᠡᠢ᠃ ᠠᠮᠢᠳᠤᠷᠠᠯ ᠤᠨ ᠬᠢᠨᠢ ᠤᠷᠳᠤ ᠷᠣᠮᠠᠨ ᠨᠢ ᠥᠷᠨᠢᠯᠲᠡ ᠰᠠᠶᠢᠲᠠᠢ | ᠪᠠᠶᠢᠵᠤ ᠠᠭᠰᠠᠭᠠᠷ ᠭᠡᠨᠡᠳᠲᠡ ᠯᠡ ᠲᠠᠰᠤᠯᠠᠬᠳᠠᠵᠤ᠂ ᠡᠶᠢᠮᠦ ᠨᠢᠭᠡ ᠭᠠᠭᠴᠠ ᠪᠠᠳᠠᠭ ᠰᠢᠯᠦᠭ ᠢᠶᠠᠷ ᠳᠠᠪᠬᠤᠷ | ᠴᠡᠭ ᠢᠶᠠᠨ ᠪᠣᠯᠭᠠᠨ᠎ᠠ ᠭᠡᠳᠡᠭ ᠢ ᠨᠢ ᠶᠡᠷᠦ ᠰᠠᠨᠠᠵᠤ ᠪᠠᠶᠢᠭᠰᠠᠨ ᠦᠭᠡᠢ᠃ | ︽ᠠᠮᠢᠳᠤᠷᠠᠯ ᠭᠡᠳᠡᠭ ᠤᠷᠳᠤ ᠰᠢᠯᠦᠭ ᠢᠶᠠᠨ ᠪᠢᠴᠢᠭᠡᠳ ᠳᠠᠭᠤᠰᠬᠠᠶ᠎ᠠ ᠳ᠋ᠠ︾ ᠭᠡᠳᠡᠭ ᠬᠦᠰᠡᠯ ᠨᠢ ᠲᠡᠭᠦᠨ ᠳᠤ | ᠬᠡᠴᠢᠨᠡᠭᠡᠨ ᠳᠦᠭᠦᠷᠡᠩ ᠪᠠᠶᠢᠭᠰᠠᠨ ᠭᠡᠳᠡᠭ ᠨᠢ ᠮᠡᠳᠡᠭᠳᠡᠨ᠎ᠡ᠃ ᠭᠡᠪᠡᠴᠦ ︽ᠮᠠᠰᠢ ᠣᠶᠢᠷᠠᠬᠠᠨ ᠢᠷᠡᠴᠢᠬᠡᠭᠡᠳ︾ ᠪᠤᠢ | ᠦᠬᠦᠯ ᠤᠨ ᠡᠯᠴᠢ ᠶᠢ ᠬᠦᠯᠢᠶᠡᠯᠭᠡᠵᠦ ᠪᠠᠶᠢᠭᠠᠳ ᠲᠡᠶᠢᠮᠦ ᠠᠵᠢᠯ ᠢ ᠬᠢᠵᠦ ᠪᠡᠶᠡᠯᠡᠭᠦᠯᠦᠨ᠎ᠡ ᠭᠡᠳᠡᠭ ᠴᠢᠨᠢ ᠴᠢᠳᠠᠰᠢ | ᠦᠭᠡᠢ ᠬᠡᠷᠡᠭ ᠭᠡᠭᠴᠢ ᠶᠢ ᠰᠢᠯᠦᠭᠴᠢ ᠮᠢᠨᠢ ᠮᠡᠳᠡᠬᠦ ᠦᠭᠡᠢ ᠪᠢᠰᠢ᠃ ᠵᠦᠪᠭᠡᠨ ︽ᠠᠬᠢᠭᠠᠳ ᠤᠴᠠᠷᠠᠬᠤ ᠦᠭᠡᠢ | ᠠᠯᠳᠠᠨ ᠨᠥᠬᠦᠳ ᠲᠡᠭᠡᠨ ᠪᠠᠶᠠᠷᠲᠠᠢ ᠭᠡᠵᠦ ᠬᠡᠯᠡᠶ᠎ᠡ ᠳ᠋ᠠ︾ ᠭᠡᠵᠦ ᠦᠬᠦᠯ ᠤᠨ ᠡᠯᠴᠢ ᠶᠢ ︽ᠲᠦᠷ ᠬᠦᠯᠢᠶᠡᠯᠭᠡᠭᠰᠡᠨ︾ | ᠨᠢ ᠬᠠᠷᠢᠨ ᠦᠨᠡᠨ ᠪᠠᠶᠢᠭᠰᠠᠨ ᠭᠡᠳᠡᠭ ᠢᠶᠠᠨ ᠲᠠᠷᠠᠭ᠎ᠠ ᠨᠢ ᠬᠡᠯᠡᠭᠰᠡᠨ ᠶᠤᠮ᠃ ᠦᠬᠦᠯ ᠲᠡᠭᠦᠨ ᠢ ᠵᠠᠪᠠᠯ ᠠᠪᠤᠭᠠᠳ | ᠶᠠᠪᠤᠬᠤ ᠪᠣᠯᠤᠭᠰᠠᠨ ᠢ ᠲᠡᠷᠡ ᠮᠡᠳᠡᠵᠦ ᠠᠭᠰᠠᠨ ᠴᠤ ᠦᠬᠦᠯ ᠤᠨ ᠡᠯᠴᠢ ᠶᠢ ᠲᠠᠭᠠᠭᠠᠳ ᠶᠠᠪᠤᠬᠤ ᠪᠣᠯᠣᠨ᠎ᠠ ᠭᠡᠵᠦ | ᠪᠢᠴᠢᠳᠡᠭ ᠦᠭᠡᠢ ᠬᠠᠷᠢᠨ ︽ᠦᠬᠦᠯ ᠨᠠᠮ᠎ᠠ ᠶᠢ ᠦᠬᠦᠨ ᠦᠬᠦᠲᠡᠯ᠎ᠡ ᠬᠦᠯᠢᠶᠡᠵᠦ ᠪᠠᠶᠢᠬᠤ ᠪᠣᠯᠣᠨ᠎ᠠ︾ ᠭᠡᠵᠦ | ᠥᠭᠦᠯᠡᠵᠡᠢ᠃ ᠠᠮᠢᠳᠤᠷᠠᠬᠤ ᠶᠢᠨ ᠬᠦᠰᠡᠯ᠂ ᠭᠡᠬᠦ ᠮᠥᠷᠲᠡᠭᠡᠨ ᠡᠪᠡᠳᠴᠢᠨ ᠠᠷᠬᠠᠭ ᠦᠭᠡᠢ᠂ ᠶᠠᠳᠠᠭᠤ ᠨᠢᠴᠦᠭᠦᠨ ᠪᠢᠰᠢ | ᠵᠣᠯ ᠵᠢᠷᠭᠠᠯᠲᠠᠢ ᠠᠮᠢᠳᠤᠷᠠᠯ ᠪᠣᠯ ᠬᠥᠮᠥᠨ ᠤ ᠨᠢᠭᠡ ᠨᠠᠰᠤᠨ ᠤ ᠵᠣᠷᠢᠯᠭ᠎ᠠ ᠵᠣᠷᠢᠯᠲᠠ ᠶᠢᠨ ᠮᠥᠨ ᠴᠢᠨᠠᠷ ᠪᠠᠶᠢᠭ᠎ᠠ | ᠭᠡᠳᠡᠭ ᠶᠣᠰᠣᠨ ᠢ ᠲᠡᠷᠡ ᠢᠩᠭᠢᠵᠦ ᠢᠯᠡᠳᠬᠡᠭᠰᠡᠨ ᠪᠠᠶᠢᠨ᠎ᠠ᠃ ᠠᠳᠠᠭ ᠨᠢ᠂ ᠠᠮᠢ ᠨᠠᠰᠤᠨ ᠤ ᠡᠴᠦᠰ ᠤᠨ | ᠮᠢᠨᠦ᠋ᠲ ᠲᠤ ᠠᠮᠢᠳᠤ ᠶᠢᠨ ᠰᠠᠶᠢᠬᠠᠨ ᠨᠥᠬᠦᠳ ᠲᠡᠭᠡᠨ ᠪᠠᠶᠠᠷᠲᠠᠢ ᠭᠡᠵᠦ ᠬᠡᠯᠡᠴᠢᠬᠡᠭᠡᠳ ᠶᠠᠪᠤᠬᠤ ᠨᠢ ᠵᠣᠯ ᠵᠢᠷᠭᠠᠯᠲᠠᠢ | ᠰᠠᠨᠠᠭᠳᠠᠳᠠᠭ ᠴᠤ ᠶᠤᠮ ᠤᠤ ᠪᠦᠦ ᠮᠡᠳᠡ ᠠ᠋᠃ ᠬᠥᠮᠥᠨ ᠭᠡᠭᠴᠢ ᠰᠣᠨᠢᠨ ᠯᠡ ᠠᠮᠢᠳᠠᠨ ᠪᠠᠶᠢᠬᠤ ᠦᠭᠡᠢ ᠤᠤ᠂ ᠲᠡᠷᠡ | ᠯᠡ ᠠᠭᠱᠠᠨ ᠤ ᠠᠭᠱᠠᠨ ᠳᠤ ᠴᠢᠨᠢ ᠵᠣᠯ ᠵᠢᠷᠭᠠᠯ ᠢᠶᠠᠷ ᠶᠠᠭᠤ ᠪᠠᠨ ᠬᠢᠬᠦ ᠶᠤᠮ ᠳ᠋ᠠ ᠭᠡᠵᠦ ᠪᠤᠳᠤᠮᠠᠷ ᠶᠤᠮ᠃ | | | ᠳᠥᠷᠪᠡ | ᠮᠢᠨᠤ ᠠᠳᠡ ᠳᠤᠷᠠᠰᠬᠠᠵᠤ ᠪᠤᠢ ᠭᠤᠷᠪᠠᠨ ᠰᠢᠯᠢᠳᠡᠭ ᠪᠢᠴᠢᠭ ᠰᠣᠶᠣᠯ ᠤᠨ ᠵᠢᠳᠬᠦᠯᠲᠡᠨ ᠢ ᠪᠠᠭᠲᠠᠭᠠᠭᠰᠠᠨ | ᠲᠡᠳᠡᠭᠡᠷ ᠢᠳᠡ ᠨᠠᠰᠤᠨ ᠳᠠᠭᠠᠨ ᠶᠢᠷᠲᠢᠨᠴᠦ ᠶᠢ ᠤᠷᠭᠢᠵᠦ ᠶᠠᠪᠤᠭᠰᠠᠨ ᠬᠥᠮᠥᠰ ᠢ ᠰᠠᠨᠠᠬᠤ ᠳᠤ ᠪᠢ ᠥᠪᠡᠷ ᠢᠶᠠᠨ | ᠵᠢᠳᠬᠦᠯ ᠴᠢᠷᠮᠠᠶᠢᠯᠭ᠎ᠠ᠂ ᠠᠮᠢᠳᠤᠷᠠᠯ ᠤᠨ ᠤᠳᠬ᠎ᠠ ᠠᠭᠤᠯᠭ᠎ᠠ᠂ ᠠᠴᠢ ᠬᠤᠯᠪᠣᠭᠳᠠᠯ ᠭᠡᠬᠦ ᠲᠡᠷᠢᠭᠦᠲᠡᠨ ᠢ ᠪᠤᠳᠤᠬᠤ ᠴᠤ | ᠤᠤ ᠪᠠᠶᠢᠬᠤ ᠴᠤ ᠤᠤ ᠭᠡᠳᠡᠭ ᠲᠥᠷᠥᠭᠳᠡᠯ ᠣᠷᠣᠳᠠᠭ ᠢᠶᠠᠨ ᠨᠢᠭᠤᠵᠤ ᠴᠢᠳᠠᠬᠤ ᠦᠭᠡᠢ ᠪᠠᠶᠢᠨᠠᠮ᠃ ᠬᠡᠯᠡᠪᠡᠯ᠂ ᠲᠡᠳᠡᠨ | ᠴᠢᠨᠢ ᠵᠢᠳᠬᠦᠯ ᠴᠢᠷᠮᠠᠶᠢᠯᠭ᠎ᠠ ᠪᠠᠷ ᠢᠶᠠᠨ ᠣᠯᠠᠨ᠎ᠠ ᠭᠠᠶᠢᠬᠠᠭᠳᠠᠭᠰᠠᠨ ᠬᠥᠮᠥᠰ ᠪᠠᠶᠢᠭ᠎ᠠ ᠪᠥᠭᠡᠳ ᠤᠯᠠᠨ ᠤ ᠪᠠᠨ | ᠬᠠᠶᠢᠷ᠎ᠠ ᠬᠦᠨᠳᠦᠳᠬᠡᠯ ᠢ ᠣᠯᠣᠭᠰᠠᠨ ᠰᠢᠯᠢᠳᠡᠭ ᠬᠥᠮᠥᠰ ᠶᠤᠮ᠃ ᠲᠡᠳᠡᠨ ᠤ ᠠᠮᠢᠳᠤᠷᠠᠯ ᠤᠨ ᠤᠳᠬ᠎ᠠ ᠠᠭᠤᠯᠭ᠎ᠠ ᠶᠢ | ᠬᠥᠮᠥᠰ ᠣᠶᠢᠯᠠᠭᠠᠵᠤ ᠪᠤᠯᠳᠠᠭ ᠴᠤ ᠲᠡᠳᠡᠨ ᠤ ᠨᠢᠭᠡ ᠨᠠᠰᠤᠨ ᠤ ᠠᠴᠢ ᠬᠤᠯᠪᠣᠭᠳᠠᠯ ᠤᠨ ᠲᠤᠬᠠᠢ ᠲᠠᠢ ᠪᠤᠳᠤᠯ ᠨᠢ | ᠴᠣᠬᠤᠮ ᠬᠡᠳᠦᠢ ᠬᠤᠯᠠ ᠶᠠᠪᠤᠵᠤ ᠴᠢᠳᠠᠳᠠᠭ ᠢ ᠦᠯᠦ ᠮᠡᠳᠡᠪᠡ᠃ ᠠᠮᠢᠳᠤ ᠶᠢᠨ ᠶᠢᠷᠲᠢᠨᠴᠦ ᠳᠤ ᠦᠬᠡᠷ ᠮᠡᠲᠦ | ᠵᠢᠳᠬᠦᠭᠰᠡᠨ ᠳᠡᠭᠡᠨ ᠲᠡᠳᠡ ᠬᠠᠷᠢᠭᠤ ᠬᠦᠰᠡᠵᠦ ᠠᠮᠵᠢᠭ᠎ᠠ ᠦᠭᠡᠢ ᠭᠡᠵᠦ ᠬᠡᠯᠡᠬᠦ ᠶᠣᠰᠣᠲᠠᠢ᠃ ᠪᠤᠳᠤᠪᠠᠯ᠂ ᠬᠥᠮᠥᠨ | ᠭᠡᠭᠴᠢ ᠵᠢᠳᠬᠦᠵᠦ ᠪᠠᠶᠢᠭ᠎ᠠ ᠵᠦᠢᠯ ᠠᠴᠠ ᠪᠠᠨ ᠭᠠᠷ ᠬᠠᠷᠠᠳᠠᠭ ᠦᠭᠡᠢ ᠪᠠᠶᠢᠵᠠᠢ᠃ | ᠲᠡᠳᠡᠨ ᠤ ᠠᠮᠢᠳᠤᠷᠠᠯ ᠪᠣᠯ ᠵᠣᠬᠢᠶᠠᠮᠵᠢᠯᠠᠵᠤ ᠪᠠᠷᠠᠭ᠎ᠠ ᠦᠭᠡᠢ ᠲᠤᠭᠤᠵᠢᠰ ᠤᠨ ᠵᠣᠬᠢᠶᠠᠯ ᠤᠳ ᠪᠠᠶᠢᠭᠰᠠᠨ ᠨᠢ | ᠦᠨᠡᠨ᠃ ᠲᠡᠭᠡᠭᠦ ᠪᠠᠷ ᠪᠦᠷ ᠮᠠᠰᠢ ᠤᠷᠳᠤ ᠪᠢᠴᠢᠭᠳᠡᠬᠦ ᠶᠣᠰᠣ ᠲᠠᠢ ᠶᠤᠮᠰᠠᠨ᠃ ᠭᠡᠲᠡᠯ᠎ᠡ᠂ ᠢᠳᠡ ᠳᠣᠷᠪᠢᠲᠠᠢ ᠪᠦᠯᠦᠭ | ᠬᠡᠰᠡᠭ ᠨᠢ ᠥᠷᠨᠢᠯᠲᠡ ᠰᠠᠶᠢᠲᠠᠢ ᠡᠬᠢᠯᠡᠭᠰᠡᠨ ᠴᠤ ᠦᠷᠭᠦᠯᠵᠢ ᠶᠢᠨ ᠠᠭᠤᠯᠭ᠎ᠠ ᠨᠢ ᠲᠤᠷᠭᠤᠨ ᠬᠠᠶᠠᠭᠳᠠᠭᠰᠠᠨ ᠨᠢ | ᠦᠨᠡᠬᠡᠷ ᠪᠠᠷᠠᠰᠢ ᠦᠭᠡᠢ ᠬᠠᠷᠠᠮᠰᠠᠯ ᠪᠣᠯᠤᠭᠰᠠᠨ ᠢ ᠶᠠᠭᠤ ᠭᠡᠬᠦ ᠪᠤᠢ︖ ᠢᠳᠡᠷ ᠨᠠᠰᠤᠨ ᠳᠠᠭᠠᠨ᠂ ᠢᠳᠡ ᠦᠶ᠎ᠡ ᠳᠡᠭᠡᠨ | ᠢᠷᠡᠵᠦ ᠶᠠᠪᠤᠬᠤ ᠡᠨᠡᠬᠡᠨ ᠨᠤᠲᠤᠭ ᠰᠣᠶᠣᠯ ᠳᠠᠭᠠᠨ ᠡᠷᠳᠡᠮ ᠤᠬᠠᠭᠠᠨ ᠢᠶᠠᠨ ᠡᠷᠴᠢᠮᠲᠡᠢ ᠰᠠᠶᠢᠬᠠᠨ ᠡᠷᠭᠦᠬᠦ ᠶᠤᠮᠰᠠᠨ | ᠬᠡᠮᠡᠵᠦ ᠠᠳᠠᠯ᠎ᠠ ᠲᠡᠭᠷᠢ ᠪᠤᠷᠬᠠᠨ ᠲᠡᠳᠡᠨ ᠢ ᠶᠠᠭᠠᠷᠠᠯᠲᠠᠶᠢᠬᠠᠨ ᠳᠠᠭᠤᠳᠠᠴᠢᠬᠠᠭᠰᠠᠨ ᠪᠠᠶᠢᠳᠠᠭ ᠢ ᠶᠠᠭᠠᠬᠢᠬᠤ ᠶᠤᠮ ᠪᠤᠢ︖ | ᠬᠥᠭᠡᠷᠦᠬᠦᠶᠢᠰ ᠮᠢᠨᠢ᠂ ᠬᠥᠮᠥᠨ ᠤ ᠰᠣᠳᠣᠨ ᠮᠦᠰᠦᠳᠡᠳ ᠮᠢᠨᠢ︕ ᠬᠦᠷᠴᠦ ᠵᠠᠶᠠᠭᠠᠭᠰᠠᠨ ᠤᠳᠤᠨ ᠳᠠᠭᠠᠨ | ᠬᠥᠰᠡᠷᠳᠡᠭᠰᠡᠨ ᠬᠦᠰᠡᠯ ᠢᠶᠠᠨ ᠰᠡᠳᠬᠢᠯ ᠳᠦᠭᠦᠷᠡᠩ ᠪᠡᠶᠡᠯᠡᠭᠦᠯᠵᠦ ᠪᠠᠶᠢᠭ ᠳ᠋ᠠ᠃ |