| | ᠵᠠᠯᠠᠭᠤ ᠬᠥᠮᠥᠨ ᠬᠢᠵᠦ ᠪᠦᠲᠦᠭᠡᠭᠰᠡᠨ ᠵᠦᠢᠯ ᠲᠠᠢ ᠪᠠᠶᠢᠨ᠎ᠠ ᠭᠡᠳᠡᠭ ᠰᠠᠶᠢᠬᠠᠨ᠃ᠣᠶᠤᠲᠠᠨ ᠪᠠᠶᠢᠬᠤ ᠠᠴᠠ ᠪᠠᠨ | ᠯᠠ ᠣᠯᠠᠨ ᠨᠡᠶᠢᠲᠡ ᠶᠢᠨ ᠠᠵᠢᠯ ᠳᠤ ᠢᠳᠡᠪᠬᠢᠲᠡᠢ ᠣᠷᠣᠯᠴᠠᠵᠣ ᠪᠣᠯᠣᠮᠵᠢ ᠢᠷᠡᠬᠦ ᠶᠢ ᠬᠦᠯᠢᠶᠡᠵᠦ ᠪᠢᠰᠢ ᠪᠤᠢ | ᠪᠤᠯᠭᠠᠬᠤ ᠶᠢ ᠵᠣᠷᠢᠵᠤ ᠶᠠᠪᠤᠭᠰᠠᠨ ᠳᠠᠯᠠᠨᠲᠠᠢ᠂ ᠳᠠᠶᠢᠴᠢᠨ ᠬᠤᠶᠠᠷ ᠥᠨᠥᠳᠥᠷ ᠬᠡᠦᠬᠡᠳ ᠤᠳ ᠲᠤ ᠬᠦᠷᠳᠦᠲᠦ | ᠲᠡᠰᠢᠭᠦᠷ ᠵᠢᠭᠠᠭᠠᠳ 10 ᠵᠢᠯ ᠪᠣᠯᠵᠠᠢ᠃ ᠡᠨᠡ ᠬᠤᠶᠠᠷ ᠵᠤᠨ ᠳᠠᠭᠠᠨ ᠬᠦᠷᠳᠦᠲᠦ ᠲᠡᠰᠢᠭᠦᠷ᠂ ᠡᠪᠦᠯ ᠳᠡᠭᠡᠨ | ᠴᠠᠰᠤᠨ ᠳᠤ ᠴᠠᠨᠠᠯᠠᠬᠤ ᠵᠡᠷᠭᠡ ᠣᠯᠠᠨ ᠲᠥᠷᠦᠯ ᠤᠨ ᠲᠠᠮᠢᠷ ᠤᠨ ᠬᠥᠳᠡᠯᠭᠡᠭᠡᠨ ᠢ ᠬᠡᠦᠬᠡᠳ ᠤᠳ ᠲᠤ ᠵᠢᠭᠠᠵᠤ᠂ ᠡᠨᠡ | ᠠᠵᠢᠯ ᠦᠢᠯᠡᠰ ᠢᠶᠠᠷ ᠢᠶᠠᠨ ᠲᠤᠭ᠎ᠠ ᠦᠭᠡᠢ ᠣᠯᠠᠨ ᠱᠠᠪᠢ ᠰᠤᠷᠭᠠᠭᠰᠠᠨ ᠳ᠋ᠠ᠃ | | | ᠬᠥᠮᠥᠨ ᠪᠣᠯᠭᠠᠨ ᠳᠤ ᠬᠢᠵᠦ ᠪᠦᠲᠦᠭᠡᠬᠦ ᠪᠣᠯᠣᠮᠵᠢ ᠪᠣᠯᠣᠯᠴᠠᠭ᠎ᠠ ᠪᠤᠢ᠃ | | | ᠭᠠᠭᠴᠠ ᠬᠦ ᠲᠡᠭᠦᠨ ᠢ ᠬᠠᠶᠢᠬᠤ᠂ ᠰᠡᠳᠦᠬᠦ᠂ ᠰᠠᠨᠠᠭᠠᠴᠢᠯᠠᠬᠤ᠂ ᠬᠡᠷᠡᠭᠵᠢᠭᠦᠯᠬᠦ ᠬᠤᠷᠳᠤ ᠵᠠᠯᠠᠭᠤ ᠬᠥᠮᠥᠨ ᠳᠤ | ᠬᠡᠷᠡᠭᠲᠡᠢ ᠪᠢᠵᠡ ᠠ᠋᠃ ᠣᠶᠤᠲᠠᠨ ᠪᠣᠯᠵᠤ ᠶᠡᠭᠡ ᠬᠤᠲᠠ ᠶᠢᠨ ᠵᠠᠢ ᠳᠤ ᠬᠦᠷᠳᠦᠲᠦ ᠲᠡᠰᠢᠭᠦᠷ ᠭᠡᠬᠦ ᠲᠠᠮᠢᠷ ᠤᠨ | ᠬᠥᠳᠡᠯᠭᠡᠭᠡᠨ ᠲᠠᠢ ᠠᠩᠬ᠎ᠠ ᠲᠠᠨᠢᠯᠴᠠᠭᠠᠳ ᠳᠠᠯᠠᠨᠲᠠᠢ᠂ ᠳᠠᠶᠢᠴᠢᠨ ᠬᠤᠶᠠᠷ ᠮᠠᠰᠢ ᠶᠡᠭᠡ ᠰᠣᠨᠢᠷᠬᠠᠯ ᠳᠦᠷᠦᠵᠤ ᠰᠤᠷᠴᠤ | ᠡᠬᠢᠯᠡᠭᠰᠡᠨ ᠭᠡᠳᠡᠭ᠃ | | | ᠲᠡᠳᠡ ᠣᠶᠤᠲᠠᠨ ᠤ ᠠᠮᠢᠳᠤᠷᠠᠯ ᠢᠶᠠᠨ ᠲᠡᠭᠦᠰᠬᠡᠨ ᠲᠠᠮᠢᠷ ᠤᠨ ᠬᠥᠳᠡᠯᠭᠡᠭᠡᠨ ᠲᠠᠢ ᠬᠤᠯᠪᠤᠭ᠎ᠠ ᠲᠠᠢ ᠠᠵᠢᠯ | ᠦᠢᠯᠡᠰ ᠡᠷᠭᠢᠯᠡᠳᠡᠭ ᠺᠤᠮᠫᠠᠨᠢ ᠳᠤ ᠠᠵᠢᠯᠯᠠᠵᠤ ᠪᠠᠶᠢᠭᠠᠳ 2016 ᠣᠨ ᠳᠤ ᠥᠪᠡᠷ ᠤᠨ ᠭᠡᠰᠡᠨ ᠺᠤᠮᠫᠠᠨᠢ ᠲᠠᠢ | ᠪᠣᠯᠵᠤ᠂ ᠬᠤᠶᠠᠷ ᠨᠠᠶᠢᠵᠠ ᠰᠡᠳᠬᠢᠯ ᠨᠢᠭᠡᠳᠦᠨ᠂ ᠬᠠᠯᠠᠭᠤᠨ ᠳᠤ ᠬᠠᠯᠠᠨ᠂ ᠬᠦᠢᠲᠡᠨ ᠳᠤ ᠭᠦᠷᠥᠵᠦ᠂ | ᠬᠡᠦᠬᠡᠳ ᠤᠳ ᠲᠤ ᠣᠯᠠᠨ ᠲᠥᠷᠦᠯ ᠤᠨ ᠲᠠᠮᠢᠷ ᠤᠨ ᠬᠥᠳᠡᠯᠭᠡᠭᠡᠨ ᠰᠤᠷᠭᠠᠭᠰᠠᠭᠠᠷ ᠡᠳᠦᠢ ᠬᠦᠷᠴᠡᠢ᠃ | | | ᠵᠠᠯᠠᠭᠤ ᠬᠥᠮᠥᠨ ᠥᠪᠡᠷ ᠢᠶᠠᠨ ᠲᠡᠷᠡ ᠴᠢᠭ ᠢᠶᠠᠷ ᠢᠶᠠᠨ ᠬᠦᠰᠡᠯ ᠲᠡᠮᠡᠦᠯᠦᠯ ᠶᠤᠮ᠃ | | | ᠠᠮᠵᠢᠯᠲᠠ ᠭᠡᠵᠦ ᠶᠡᠭᠡ ᠶᠢ ᠪᠦᠲᠦᠭᠡᠭᠰᠡᠨ ᠬᠥᠮᠥᠨ ᠢ ᠯᠠ ᠬᠡᠯᠡᠳᠡᠭ ᠪᠢᠰᠢ᠃ ᠶᠠᠭ ᠯᠠ ᠳᠠᠯᠠᠨᠲᠠᠢ᠂ ᠳᠠᠶᠢᠴᠢᠨ | ᠬᠤᠶᠠᠷ ᠰᠢᠭ᠋ ᠣᠷᠣᠯᠳᠣᠯᠭ᠎ᠠ ᠲᠠᠢ᠂ ᠵᠣᠷᠢᠭᠰᠠᠨ ᠰᠣᠩᠭᠤᠭᠰᠠᠨ ᠠᠵᠢᠯ ᠤᠨ ᠢᠶᠠᠨ ᠲᠥᠯᠥᠭᠡ ᠰᠢᠷᠭᠠᠭᠤ᠂ ᠡᠷᠴᠢ | ᠬᠦᠴᠦᠲᠡᠢ᠂ ᠭᠦᠳᠡᠯᠮᠦᠷᠢᠴᠢ᠂ ᠤᠷᠤᠭᠰᠢ ᠪᠠᠨ ᠲᠡᠮᠡᠦᠯᠦᠯ ᠲᠠᠢ ᠪᠠᠶᠢᠵᠤ᠂ ᠬᠢᠵᠦ ᠪᠦᠲᠦᠭᠡᠬᠦ ᠡᠷᠡᠮᠡᠯᠵᠡᠯ ᠲᠠᠢ | ᠵᠠᠯᠠᠭᠤᠴᠤᠳ ᠢᠶᠠᠨ ᠨᠥᠯᠥᠭᠡᠯᠡᠵᠦ ᠪᠠᠶᠢᠳᠠᠭ ᠬᠥᠮᠥᠰ ᠢ ᠬᠡᠯᠡᠳᠡᠭ᠃ | |