ᠬᠡᠶᠢᠮᠣᠷᠢ ᠰᠡᠷᠭᠦᠭᠡᠭᠰᠡᠨ ᠨᠠᠭᠠᠳᠤᠮ
ᠨᠡᠶᠢᠲᠡᠯᠡᠭᠰᠡᠨ ᠴᠠᠭ᠄
2024/5/17
     ᠣᠶᠢᠷ᠎ᠠ ᠳᠤ᠂ ︽ᠭᠦᠯᠦᠭ ᠤᠨ ᠬᠡᠶᠢᠮᠣᠷᠢᠲᠤ ᠳᠥᠷᠪᠡᠯᠵᠢ︾ ᠭᠡᠬᠦ ᠬᠤᠯᠪᠤᠭ᠎ᠠ 4 ᠵᠦᠢᠯ ᠤᠨ ᠮᠣᠷᠢᠨ ᠤᠷᠤᠯᠳᠤᠭᠠᠨ ᠬᠢᠵᠦ᠂ ᠰᠢᠳᠦᠯᠡᠩ ᠦᠷᠢᠶ᠎ᠡ ᠶᠢᠨ ᠤᠷᠤᠯᠳᠤᠭᠠᠨ ᠤ ᠠᠶᠢᠷᠠᠭ ᠤᠨ ᠲᠠᠪᠤ ᠶᠢ ᠱᠠᠩᠨᠠᠵᠤ᠂ ᠪᠤᠰᠤᠳ ᠮᠣᠷᠢᠨ ᠤ ᠤᠷᠤᠯᠳᠤᠭᠠᠨ ᠳᠤ ᠲᠤᠰ ᠪᠦᠷᠢ ᠳᠡᠭᠡᠳᠦ ᠨᠠᠢᠮᠠ ᠶᠢ ᠱᠠᠩᠨᠠᠭᠰᠠᠨ ᠪᠠᠶᠢᠨ᠎ᠠ᠃            ︽ᠭᠦᠯᠦᠭ ᠤᠨ ᠬᠡᠶᠢᠮᠣᠷᠢᠲᠤ ᠳᠥᠷᠪᠡᠯᠵᠢ︾ ᠭᠡᠬᠦ ᠬᠤᠯᠪᠤᠭ᠎ᠠ ᠶᠢ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠣᠯ ᠪᠠᠯᠭᠠᠰᠤᠨ ᠤ ᠳᠥᠷᠪᠡᠯᠵᠢ ᠭᠠᠴᠠᠭᠠᠨ ᠤ ᠮᠣᠷᠢᠨ ᠤ ᠪᠠᠭ᠋ᠠᠲᠠᠨ ᠮᠠᠯᠴᠢᠨ ᠪᠠᠶᠠᠷᠲᠤ ᠡᠭᠦᠰᠬᠡᠨ ᠪᠠᠶᠢᠭᠤᠯᠤᠭᠠᠳ 7 ᠵᠢᠯ ᠤᠨ ᠨᠢᠭᠤᠷ ᠦᠵᠡᠵᠦ ᠪᠤᠢ᠂ ᠲᠤᠰ ᠬᠤᠯᠪᠣᠭᠠᠨ ᠳᠤ ᠳᠥᠷᠪᠡᠯᠵᠢ ᠭᠠᠴᠠᠭ᠎ᠠ ᠪᠠᠷ ᠭᠤᠣᠯᠳᠠᠭᠰᠠᠨ ᠬᠤᠷᠳᠤᠨ ᠮᠣᠷᠢᠨ ᠳᠤ ᠪᠠᠭ᠋ᠠᠲᠠᠢ 40 ᠭᠠᠷᠤᠢ ᠬᠥᠮᠥᠨ ᠲᠠᠢ᠃            ᠡᠬᠢᠨ ᠤ ᠵᠢᠯ ᠳᠡᠭᠡᠨ ᠬᠤᠯᠪᠣᠭᠠᠨ ᠤ ᠭᠡᠰᠢᠭᠦᠳ ᠪᠣᠯᠣᠨ ᠮᠣᠷᠢᠨ ᠳᠤ ᠪᠠᠭ᠋ᠠᠲᠠᠢ ᠪᠤᠰᠤᠳ ᠬᠥᠮᠥᠰ ᠬᠠᠮᠲᠤᠷᠠᠨ ᠪᠡᠯᠡ ᠭᠠᠷᠭᠠᠨ ᠬᠢᠭᠰᠡᠨ ᠠᠴᠠ ᠨᠠᠭᠠᠰᠢ ᠵᠢᠯ ᠪᠦᠷᠢ ᠬᠤᠯᠪᠣᠭᠠᠨ ᠤ ᠭᠡᠰᠢᠭᠦᠳ 5 ᠬᠥᠮᠥᠨ ᠪᠦᠷᠢ ᠨᠢᠭᠡ ᠬᠤᠨᠢ ᠬᠡᠰᠡᠭ ᠮᠥᠩᠭᠦ ᠭᠠᠷᠭᠠᠨ ᠤᠳᠤ ᠪᠤᠯᠲᠠᠯ᠎ᠠ ᠮᠣᠷᠢᠨ ᠤᠷᠤᠯᠳᠤᠭᠠᠨ ᠢᠶᠠᠨ ᠠᠯᠭᠠᠰᠠᠯ ᠦᠭᠡᠢ ᠬᠢᠭᠰᠡᠭᠡᠷ ᠢᠷᠡᠪᠡ᠃  
     ᠡᠷᠯᠢᠰᠡ ᠮᠣᠷᠢᠨ ᠤ ᠤᠷᠤᠯᠳᠤᠭᠠᠨ ᠤ ᠲᠡᠷᠢᠭᠦᠨ ᠳᠡᠳ᠋ ᠲᠤ ᠣᠷᠣᠭᠰᠠᠨ ᠮᠣᠷᠢᠳ᠃             ᠲᠤᠰ ᠤᠳᠠᠭ᠎ᠠ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ᠂ ᠪᠠᠶᠠᠨᠬᠤᠰᠢᠭᠤ᠂ ᠬᠤᠭᠤᠯᠠᠲᠤ  ᠶᠢᠨ ᠭᠤᠣᠯ ᠵᠡᠷᠭᠡ ᠰᠤᠮᠤ ᠪᠠᠯᠭᠠᠰᠤᠨ ᠤ ᠮᠣᠷᠢ ᠤᠷᠤᠯᠴᠠᠬᠰᠠᠨ ᠠᠴᠠ ᠭᠠᠳᠠᠨ᠎ᠠ ᠰᠢᠯᠢᠩᠬᠤᠲᠠ᠂ ᠵᠡᠭᠦᠨ ᠰᠥᠨᠢᠳ᠂ ᠠᠪᠠᠭ᠎ᠠ ᠵᠡᠷᠭᠡ ᠬᠤᠲᠠ ᠬᠤᠰᠢᠭᠤ ᠶᠢᠨ 70 ᠭᠠᠷᠤᠢ ᠬᠤᠷᠳᠤᠨ ᠮᠣᠷᠢ ᠤᠷᠤᠯᠴᠠᠬᠰᠠᠨ ᠬᠡᠶᠢᠮᠣᠷᠢ ᠰᠡᠷᠭᠦᠭᠡᠭᠰᠡᠨ ᠨᠠᠭᠠᠳᠤᠮ ᠪᠣᠯᠵᠠᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号