ᠡᠷᠬᠢᠮᠪᠠᠲᠤ᠂ ᠵᠠᠯᠰᠠᠨ ᠠᠯᠲᠠᠨ ᠮᠧᠲᠠᠯ ᠬᠦᠷᠲᠡᠵᠡᠢ
ᠨᠡᠶᠢᠲᠡᠯᠡᠭᠰᠡᠨ ᠴᠠᠭ᠄
2024/4/9
     2024 ᠣᠨ ᠤ ᠪᠦᠭᠦ ᠤᠯᠤᠰ ᠤᠨ ᠵᠢᠣᠳᠣᠣ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ 4 ᠰᠠᠷ᠎ᠠ ᠶᠢᠨ 2 ᠤᠨ ᠡᠳᠦᠷ ᠾᠧᠪᠧᠢ ᠮᠤᠵᠢ ᠶᠢᠨ ᠴᠢᠶᠠᠨ ᠠᠨ ᠬᠤᠲᠠ ᠳᠤ ᠡᠬᠢᠯᠡᠵᠦ᠂ ᠲᠤᠬᠠᠢ ᠶᠢᠨ ᠡᠳᠦᠷ ᠶᠠᠪᠤᠭᠳᠠᠭᠰᠠᠨ ᠡᠷᠡᠭᠲᠡᠢ ᠶᠢᠨ 90 ᠺᠢᠯᠦᠭᠷᠠᠮ ᠤᠨ ᠳᠠᠰ ᠤᠨ ᠪᠠᠷᠢᠯᠳᠤᠭᠠᠨ ᠳᠤ ᠥᠪᠥᠷ ᠮᠣᠩᠭᠤᠯ ᠤᠨ ᠵᠢᠣᠳᠣᠣ ᠶᠢᠨ ᠠᠩᠭᠢ ᠶᠢᠨ ᠲᠠᠮᠢᠷᠴᠢᠨ ᠠᠷᠤ ᠬᠤᠷᠴᠢᠨ ᠨᠤᠲᠤᠭᠲᠠᠢ ᠵᠠᠯᠰᠠᠨ ᠲᠦᠷᠦᠭᠦᠯᠡᠵᠦ᠂ ᠠᠯᠳᠠᠨ ᠮᠧᠳᠠᠯ ᠢᠶᠠᠷ ᠡᠩᠭᠡᠷ ᠢᠶᠠᠨ ᠮᠢᠯᠢᠶᠠᠯᠭᠠᠪᠠ᠃ 4 ᠰᠠᠷ᠎ᠠ ᠶᠢᠨ 5 ᠤ ᠡᠳᠦᠷ᠂ ᠡᠷᠡᠭᠲᠡᠢ ᠶᠢᠨ  -100 ᠺᠢᠯᠣᠭ᠍ᠷᠡᠮ ᠤᠨ ᠲᠠᠰ ᠲᠤ ᠮᠠᠨ ᠤ ᠣᠷᠣᠨ ᠢᠶᠠᠨ ᠲᠥᠯᠥᠭᠡᠯᠡᠵᠦ ᠪᠠᠷᠢᠯᠳᠤᠭᠰᠠᠨ ᠪᠦᠭᠦ ᠤᠯᠤᠰ ᠤᠨ ᠲᠠᠮᠢᠷ ᠤᠨ ᠴᠤᠭᠯᠠᠭᠠᠨ ᠤ ᠳᠠᠷᠠᠭᠠᠯᠠᠭᠰᠠᠨ ᠭᠤᠷᠪᠠᠨ ᠬᠤᠭᠤᠴᠠᠭ᠎ᠠ  ᠶᠢᠨ ᠲᠡᠷᠢᠭᠦᠨ᠂ ᠵᠢᠣᠳᠣᠣ ᠪᠦᠭᠡ ᠶᠢᠨ ᠤᠯᠤᠰ ᠤᠨ ᠠᠪᠤᠷᠭᠤ᠂ ᠠᠷᠤ ᠬᠤᠷᠴᠢᠨ ᠨᠤᠲᠤᠭᠲᠠᠢ ᠡᠷᠬᠢᠮᠪᠠᠲᠤ ᠲᠡᠷᠢᠭᠦᠯᠡᠵᠦ ᠠᠯᠲᠠᠨ ᠮᠧᠳᠠᠯ ᠭᠦᠷᠲᠡᠯ᠎ᠡ᠃
     ᠢᠷᠡᠯᠲᠡ᠄ ᠤᠯᠠᠭᠠᠨᠬᠠᠳᠠ ᠶᠢᠨ ᠡᠳᠦᠷ ᠤᠨ ᠰᠣᠨᠢᠨ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号