ᠬᠥᠮᠥᠨ ᠤ ᠰᠠᠶᠢᠬᠠᠨ ᠰᠡᠳᠬᠢᠯ
ᠨᠡᠶᠢᠲᠡᠯᠡᠭᠰᠡᠨ ᠴᠠᠭ᠄
2024/4/7
     ᠲᠤᠯᠮ᠎ᠠ ᠲᠦᠷᠦᠭᠦᠦ ᠬᠤᠶᠠᠷ ᠡᠳᠦᠷ ᠬᠠᠨᠢᠶᠠᠵᠤ ᠨᠠᠶᠢᠲᠠᠭᠠᠯᠭᠠᠭᠠᠳ ᠪᠠᠶᠢᠬᠤᠯᠠᠷ ᠡᠮᠨᠡᠯᠭᠡ ᠳᠤ ᠬᠦᠷᠴᠦ ᠪᠡᠶ᠎ᠡ ᠪᠠᠨ ᠪᠠᠶᠢᠴᠠᠭᠠᠯᠭᠠᠵᠤ ᠦᠵᠡᠪᠡ᠃ ᠡᠩ ᠤᠨ ᠬᠢᠮᠤᠷᠠᠭ᠎ᠠ ᠪᠣᠯᠬᠤᠷ ᠡᠮ ᠲᠠᠩ ᠤᠤᠭᠤᠵᠤ ᠰᠠᠶᠢᠨ ᠠᠮᠠᠷᠠᠭᠰᠠᠨ ᠴᠢᠨᠢ ᠥᠨᠥ ᠥᠷᠯᠥᠭᠡ ᠪᠤᠰᠬᠤ ᠳᠤ ᠵᠦᠭᠡᠷᠬᠡᠨ ᠰᠢᠭ ᠪᠣᠯᠵᠤ ᠪᠡᠶ᠎ᠡ ᠰᠡᠳᠬᠢᠯ ᠨᠢ ᠲᠤᠩ ᠠᠶᠠᠲᠠᠢ ᠪᠠᠶᠢᠯ᠎ᠠ᠃ ᠡᠷᠲᠡ ᠶᠢᠨ ᠴᠠᠢ ᠪᠠᠨ ᠤᠤᠭᠤᠮᠠᠭᠴᠠ ᠦᠰᠦ ᠵᠠᠰᠠᠬᠤ ᠭᠠᠵᠠᠷ ᠢᠶᠠᠨ ᠣᠴᠢᠨ᠎ᠠ ᠭᠡᠬᠦ ᠪᠠᠷ ︽ᠵᠠ᠂ ᠶᠠᠭᠠᠬᠢᠬᠤᠪ᠂ ᠬᠥᠮᠥᠨ ᠳᠤᠷ᠎ᠠ ᠲᠠᠢ ᠵᠦᠢᠯ ᠢᠶᠠᠨ ᠬᠢᠬᠦ ᠳᠤ ᠯᠨ ᠤᠷᠮ᠎ᠠ ᠵᠣᠷᠢᠭ ᠨᠢ ᠬᠥᠭᠵᠢᠵᠦ᠂ ᠪᠠᠶᠠᠷ ᠪᠠᠶᠠᠰᠤᠯ ᠢᠶᠠᠨ ᠡᠳ᠋ᠯᠡᠳᠡᠭ ᠪᠠᠶᠢᠯᠭᠦᠢ︾ ᠭᠡᠵᠦ ᠪᠤᠳᠤᠬᠰᠠᠨ ᠨᠥᠬᠦᠷ ᠲᠠᠯᠠᠢ ᠨᠢ ᠠᠵᠢᠯᠯᠠᠬᠤ ᠪᠠᠷ ᠶᠠᠪᠤᠬᠤ ᠵᠠᠮ ᠳᠠᠭᠠᠨ ᠪᠦᠰᠡᠭᠦᠢ ᠪᠠᠨ ᠦᠰᠦ ᠵᠠᠰᠠᠬᠤ ᠭᠡᠷ ᠤᠨ ᠬᠢᠨᠢ ᠡᠭᠦᠳᠡᠨ ᠳᠤ ᠬᠦᠷᠭᠡᠵᠦ ᠥᠭᠭᠦᠭᠡᠳ᠄      - ᠪᠢᠲᠡᠭᠡᠢ ᠵᠦᠳᠡᠷᠡᠴᠢᠬᠡ ᠳ᠋ᠠ︕ ᠪᠡᠶ᠎ᠡ ᠴᠢᠨᠢ ᠬᠠᠪᠤ ᠦᠭᠡᠢ ᠪᠣᠯ ᠴᠢᠮᠡᠭᠡ ᠪᠣᠯ ᠠ᠋ ᠭᠡᠵᠦ ᠲᠣᠮᠣ ᠮᠡᠰᠡ ᠵᠠᠰᠠᠯ ᠬᠢᠭᠡᠳ ᠰᠠᠶ᠋ᠢᠬᠠᠨ ᠨᠢᠭᠡ ᠵᠢᠯ ᠤᠨ ᠨᠢᠭᠤᠷ ᠢᠶᠠᠨ ᠦᠵᠡᠵᠦ ᠪᠠᠶᠢᠭ᠎ᠠ ᠪᠦᠰᠡᠭᠦᠢ ᠳᠡᠭᠡᠨ ᠰᠠᠨᠠᠭ᠎ᠠ ᠪᠣᠯᠵᠤ ᠬᠠᠯᠠᠮᠵᠢᠯᠠᠨ ᠬᠡᠯᠡᠭᠡᠳ ᠪᠠᠶᠢᠭᠤᠯᠭ᠎ᠠ ᠵᠦᠭ ᠢᠶᠠᠨ ᠶᠠᠪᠤᠯ᠎ᠠ᠃ ᠠᠮᠢᠳᠤᠷᠠᠯ ᠶᠠᠮᠠᠷ ᠰᠠᠶᠢᠬᠠᠨ ᠪᠤᠢ ᠭᠡᠵᠦ ᠲᠤᠯᠮ᠎ᠠ ᠪᠤᠳᠤᠬᠤ ᠪᠠᠷ ᠪᠦᠰᠡᠭᠦᠢ ᠬᠥᠮᠥᠨ ᠳᠤ ᠯᠨ ᠪᠠᠶᠢᠳᠠᠭ ᠥᠷᠥᠪᠴᠢᠬᠡᠨ ᠰᠡᠳᠬᠢᠯ ᠨᠢ ᠤᠶᠠᠷᠠᠯ ᠲᠠᠯᠠᠷᠬᠠᠯ ᠢᠶᠠᠷ ᠳᠣᠭᠳᠣᠯᠤᠨ᠎ᠠ᠃ ᠡᠷᠲᠡ ᠶᠢᠨ ᠴᠡᠪᠡᠷ ᠠᠭᠠᠷ ᠢ ᠴᠡᠭᠡᠵᠢ ᠪᠠᠨ ᠣᠩᠭᠤᠶᠢᠲᠠᠯ᠎ᠠ ᠠᠮᠢᠰᠬᠤᠵᠤ᠂ ᠡᠨᠡ ᠲᠡᠷᠨ ᠪᠠᠨ ᠵᠦᠯᠭᠦᠵᠦ ᠠᠷᠴᠢᠬᠤ ᠶᠢᠨ ᠳᠠᠭᠠᠤ ᠲᠤᠯᠮ᠎ᠠ ᠳᠡᠭᠦᠦ ᠳᠡᠭᠡᠨ ᠤᠲᠠᠰᠤ ᠵᠠᠯᠭᠠᠯ᠎ᠠ᠃ ᠡᠪᠡᠳᠴᠢᠨ ᠠᠷᠬᠠᠭ ᠠᠴᠠ ᠪᠠᠨ ᠰᠠᠯᠤᠭᠰᠠᠨ ᠳᠡᠭᠦᠦ ᠶᠢᠨ ᠢᠶᠠᠨ ︽ᠡᠭᠡᠴᠢ ᠠ᠋᠂ ᠰᠠᠶᠢᠨ ᠤᠤ︖ ᠁︾ ᠭᠡᠬᠦ ᠡᠷᠡᠭᠦᠯ ᠲᠣᠳᠣ ᠲᠠᠭᠤ ᠶᠢ ᠰᠣᠨᠣᠰᠤᠭᠰᠠᠨ ᠲᠡᠭᠦᠨ ᠳᠤ ᠶᠢᠷᠲᠢᠨᠴᠦ ᠶᠢᠨ ᠶᠠᠭᠤ ᠪᠦᠭᠦᠨ ᠬᠠᠶᠢᠷᠠᠯᠠᠯᠲᠠᠢ ᠰᠠᠨᠠᠭᠳᠠᠬᠤ ᠨᠢ︕      ︽ᠬᠥᠮᠥᠨ ᠤ ᠰᠠᠶᠢᠬᠠᠨ ᠰᠡᠳᠬᠢᠯ ᠢ ᠬᠠᠶᠢᠷᠠᠯᠠᠵᠤ ᠶᠠᠪᠤᠭᠠᠷᠠᠢ ᠭᠡᠵᠦ      ᠬᠦᠵᠢ ᠳᠡᠯᠡᠬᠡᠢ ᠳᠤ ᠪᠢ ᠬᠦᠰᠡᠯ ᠢᠶᠠᠨ ᠰᠢᠩᠭᠡᠭᠡᠵᠦ ᠳᠠᠭᠤᠯᠠᠮᠠᠷ ᠪᠠᠶᠢᠨ᠎ᠠ ᠁︾      ᠡᠩᠬᠡᠵᠤᠯᠠ ᠶᠢᠨ ᠳᠠᠭᠤᠯᠠᠭᠰᠠᠨ ︽ᠬᠥᠮᠥᠨ ᠤ ᠰᠠᠶᠢᠬᠠᠨ ᠰᠡᠳᠬᠢᠯ︾ ᠳᠠᠭᠤᠤ ᠲᠤᠯᠮ᠎ᠠ ᠶᠢᠨ ᠳᠣᠭᠳᠣᠯᠤᠯ ᠲᠠᠢ ᠬᠠᠮᠲᠤ ᠦᠷᠦᠭᠡ ᠠᠴᠠ ᠭᠠᠳᠠᠭᠰᠢ ᠲᠡᠯᠡᠷᠡᠨ ᠬᠠᠩᠭᠢᠨᠠᠵᠤ ᠵᠡᠭᠡᠯᠢ ᠶᠢᠨ ᠥᠷᠯᠥᠭᠡ ᠶᠢ ᠤᠶᠠᠩᠭ᠎ᠠ ᠪᠠᠷ ᠴᠢᠮᠡᠬᠦ ᠠᠵᠢ᠃      ᠁      ᠳᠡᠭᠦᠦ ᠴᠢᠭᠢᠷᠠᠭ ᠨᠢ ᠡᠭᠡᠴᠢ ᠠᠴᠠ ᠪᠠᠨ ᠤᠷᠢᠲᠠ ᠬᠤᠷᠢᠮ ᠬᠢᠵᠦ ᠠᠶᠢᠯ ᠡᠷᠦᠭᠡ ᠪᠣᠯᠤᠭᠰᠠᠨ ᠶᠤᠮ᠃ ᠨᠢᠭᠡ ᠭᠡᠷ ᠤᠨ ᠭᠤᠷᠪᠠᠨ ᠦᠶ᠎ᠡ ᠶᠢᠨ ᠪᠠᠶᠠᠷ ᠵᠢᠷᠭᠠᠯ ᠲᠠᠢ ᠬᠠᠯᠠᠭᠤᠨ ᠳᠤᠯᠠᠭᠠᠨ ᠠᠮᠢᠳᠤᠷᠠᠯ ᠨᠢ ᠴᠢᠭᠢᠷᠠᠭ ᠤᠨ ︽ᠰᠢᠭᠡᠰᠦᠨ ᠬᠤᠣᠷᠳᠠᠯ︾ ᠤᠨ ᠡᠪᠡᠳᠴᠢᠨ ᠳᠤ ᠨᠡᠷᠪᠡᠭᠳᠡᠭᠰᠡᠨ ᠢᠶᠠᠷ ᠵᠣᠪᠠᠭᠤᠷᠢ ᠲᠠᠷᠴᠢᠯᠠᠭᠠᠯ ᠤᠨ ᠳᠤᠮᠳᠠ ᠥᠩᠭᠡᠷᠡᠭᠡᠬᠦ ᠪᠣᠯᠤᠭᠰᠠᠨ ᠢ ᠶᠠᠭᠤ ᠬᠡᠯᠡᠬᠦᠪ᠃ ᠨᠢᠭᠡ ᠤᠳᠠᠭ᠎ᠠ ᠲᠤᠯᠮ᠎ᠠ ᠶᠢᠨ ᠲᠠᠪᠤᠨ ᠨᠠᠰᠤᠲᠠᠢ ᠬᠦᠦ ᠲᠣᠯᠢ ᠨᠢ ᠵᠢᠭᠠᠬᠠᠨ ᠬᠠᠯᠠᠭᠤᠷᠠᠵᠤ ᠮᠠᠷ ᠰᠠᠷ ᠬᠠᠨᠢᠶᠠᠯᠭᠠᠭᠠᠳ ᠪᠠᠶᠢᠬᠤ ᠪᠠᠷ ᠨᠢ ᠡᠮᠨᠡᠯᠭᠡ ᠶᠢᠨ ᠬᠤᠷᠢᠶ᠎ᠠ ᠳᠤ ᠭᠦᠷᠪᠡ᠃ ᠲᠡᠭᠡᠭᠡᠳ ᠬᠦᠦ ᠪᠠᠨ ᠪᠠᠶᠢᠴᠠᠭᠠᠯᠭᠠᠵᠤ ᠦᠵᠡᠭᠡᠳ ᠤᠨᠴᠠᠭᠠᠢ ᠪᠠᠶᠢᠳᠠᠯ ᠦᠭᠡᠢ ᠪᠣᠯᠬᠤᠷ ᠡᠮᠴᠢ ᠶᠢᠨ ᠥᠭᠭᠦᠭᠰᠡᠨ ᠦᠷᠪᠢᠰᠦᠯ ᠢ ᠳᠠᠷᠤᠬᠤ ᠡᠮ ᠪᠣᠯᠣᠨ ᠲᠠᠭᠰᠢᠭᠤᠷ ᠤᠨ ᠡᠮ ᠢ ᠠᠪᠤᠭᠠᠳ᠂ ᠭᠤᠷᠪᠠᠳᠤᠭᠠᠷ ᠳᠠᠪᠬᠤᠷᠯᠢᠭ ᠲᠤ ᠴᠢᠰᠤᠨ ᠠᠷᠢᠭᠤᠳᠬᠠᠯ ᠬᠢᠵᠦ ᠪᠠᠶᠢᠭ᠎ᠠ ᠳᠡᠭᠦᠦ ᠪᠠᠨ ᠣᠷᠣᠵᠤ ᠦᠵᠡᠪᠡ᠃ ᠨᠠᠭᠠᠴᠤ ᠶᠢᠨ ᠢᠶᠠᠨ ᠡᠪᠡᠷᠰᠢᠶᠡᠯ ᠲᠠᠢ ᠪᠠᠶᠢᠳᠠᠯ ᠢ ᠠᠩᠬ᠎ᠠ ᠬᠠᠷᠠᠭᠰᠠᠨ ᠲᠣᠯᠢ ᠶᠢᠨ ᠪᠢᠴᠢᠬᠠᠨ ᠴᠡᠭᠡᠵᠢᠨ ᠳᠤᠨᠢ ᠶᠠᠭᠠᠬᠢᠬᠤ ᠶᠢᠨ ᠠᠷᠭ᠎ᠠ ᠦᠭᠡᠢ ᠭᠠᠶᠢᠬᠠᠰᠢᠷᠠᠯ ᠰᠣᠴᠢᠯ ᠡᠷᠭᠢᠯᠳᠦᠵᠡᠢ᠃ ᠶᠡᠷᠦᠳᠡᠭᠡᠨ ᠨᠠᠭᠠᠴᠤ ᠪᠠᠨ ᠦᠵᠡᠭᠰᠡᠭᠡᠷ ︽ᠨᠠᠳᠠ ᠮᠣᠷᠢ ᠤᠨᠤᠬᠤ ᠶᠢ ᠵᠢᠭᠠᠵᠤ ᠥᠭ︾ ᠭᠡᠵᠦ ᠡᠷᠬᠡᠯᠡᠨ ᠨᠠᠭᠠᠯᠢᠩᠬᠠᠶᠢᠳᠠᠳᠠᠭ ᠲᠣᠯᠢ ᠬᠦᠦ ᠡᠬᠡ ᠶᠢᠨ ᠢᠶᠠᠨ ᠬᠤᠷᠮᠣᠢ ᠠᠴᠠ ᠨᠢᠭᠡᠮᠦᠰᠦᠨ ᠵᠢᠭᠤᠷᠠᠯᠳᠤᠭᠠᠳ ᠰᠠᠯᠬᠤ ᠦᠭᠡᠢ ᠪᠣᠯᠪᠠ᠃ ᠬᠦᠦ ᠶᠢᠨ ᠢᠶᠠᠨ ᠤᠷᠮ᠎ᠠ ᠦᠭᠡᠢ ᠳᠦᠷᠢ ᠪᠣᠯᠣᠨ ᠡᠪᠡᠳᠴᠢᠨ ᠤ ᠲᠠᠷᠴᠢᠯᠠᠭᠠᠯ ᠳᠤ ᠵᠣᠪᠠᠵᠤ ᠤᠳᠠᠭᠰᠠᠨ ᠳᠡᠭᠦᠦ ᠪᠠᠨ ᠬᠠᠷᠠᠭᠰᠠᠨ ᠲᠤᠯᠮ᠎ᠠ ᠶᠢᠨ ᠬᠠᠮᠠᠷ ᠤᠨ ᠦᠵᠦᠭᠦᠷ ᠱᠠᠷᠬᠢᠷᠠᠵᠤ᠂ ᠡᠮᠨᠡᠯᠭᠡ ᠶᠢᠨ ᠲᠠᠰᠤᠯᠭ᠎ᠠ ᠠᠴᠠ ᠱᠠᠯᠠᠪᠬᠠᠨ ᠭᠠᠷᠤᠭᠠᠳ ︽ᠮᠢᠨᠤ ᠬᠦᠦ ᠤᠬᠠᠭᠠᠨ ᠲᠠᠢ᠂ ᠨᠠᠭᠠᠴᠤ ᠨᠢ ᠵᠦᠭᠡᠷ ᠰᠢᠤ᠂ ᠡᠵᠢ ᠳᠤᠨᠢ ᠨᠠᠭᠠᠴᠤ ᠶᠢ ᠨᠢ ᠡᠳᠡᠭᠡᠭᠡᠬᠦ ᠡᠮ ᠪᠠᠶᠢᠭ᠎ᠠ ᠰᠢᠤ︾ ᠭᠡᠵᠦ ᠬᠦᠦ ᠶᠢᠨ ᠢᠶᠠᠨ ᠴᠢᠬᠢᠨ ᠳᠤ ᠰᠡᠮᠭᠡᠨ ᠬᠡᠯᠡᠵᠦ ᠡᠯᠢᠭᠡᠨ ᠳᠡᠭᠡᠨ ᠴᠢᠩᠭᠠᠬᠠᠨ ᠲᠡᠪᠡᠷᠢᠪᠡ᠃ ᠳᠡᠭᠦᠦ ᠶᠢᠨ ᠢᠶᠠᠨ ᠠᠩᠬ᠎ᠠ ᠡᠬᠢᠯᠡᠵᠦ ᠡᠪᠡᠳᠴᠢᠨ ᠣᠯᠣᠭᠰᠠᠨ ᠠᠴᠠ ᠤᠳᠤ ᠭᠤᠷᠪᠠ ᠬᠤᠨᠤᠭ ᠲᠤ ᠨᠢᠭᠡ ᠤᠳᠠᠭ᠎ᠠ ᠴᠢᠰᠤᠨ ᠠᠷᠢᠭᠤᠳᠬᠠᠯ ᠬᠢᠵᠦ ᠠᠮᠢ ᠨᠠᠰᠤ ᠪᠠᠨ ᠦᠷᠭᠦᠯᠵᠢᠯᠡᠭᠦᠯᠬᠦ ᠪᠤᠯᠳᠠᠯᠠᠭᠢ ᠡᠨᠡ ᠬᠡᠳᠦᠨ ᠵᠢᠯ ᠳᠤ ᠲᠤᠯᠮ᠎ᠠ ᠨᠢᠭᠡ ᠡᠳᠦᠷ ᠴᠦ ᠰᠠᠨᠠᠭ᠎ᠠ ᠠᠮᠤᠷ ᠶᠠᠪᠤᠵᠤ ᠴᠢᠳᠠᠭ᠎ᠠ ᠦᠭᠡᠢ᠃ ᠠᠪᠤ ᠡᠵᠢ ᠨᠢ ᠪᠡᠶ᠎ᠡ ᠮᠠᠭᠤᠲᠠᠢ ᠳᠡᠭᠡᠷ᠎ᠡ ᠪᠠᠨ ᠨᠠᠰᠤ ᠠᠬᠢᠭᠰᠠᠨ ᠪᠣᠯᠬᠤᠷ ᠳᠡᠭᠦᠦ ᠪᠠᠨ ᠠᠪᠤᠷᠠᠬᠤ ᠨᠢ ᠲᠡᠭᠦᠨ ᠤ ᠪᠡᠶ᠎ᠡ ᠳᠤ ᠯᠨ ᠪᠠᠶᠢᠬᠤ ᠶᠢ ᠲᠤᠯᠮ᠎ᠠ ᠮᠡᠳᠡᠵᠦ ᠪᠠᠶᠢᠭᠰᠠᠨ ᠴᠦ ᠬᠦᠦ ᠨᠢ ᠬᠥᠬᠦ ᠠᠴᠠ ᠪᠠᠨ ᠵᠦᠳᠡᠭᠦᠦ ᠰᠠᠯᠵᠤ ᠪᠠᠶᠢᠭ᠎ᠠ ᠵᠢᠭᠠᠬᠠᠨ ᠠᠮᠢᠳᠠᠨ ᠪᠠᠶᠢᠬᠤ ᠳᠤ ᠯᠨ ᠥᠪᠡᠷ ᠤᠨ ᠪᠤᠳᠤᠯ ᠢᠶᠠᠨ ᠶᠠᠷᠢᠵᠤ ᠳᠡᠶᠢᠯᠦᠭᠡ ᠦᠭᠡᠢ ᠥᠨᠥᠳᠥᠷ ᠲᠤ ᠲᠤᠯᠵᠠᠢ᠃      ᠲᠤᠯᠮ᠎ᠠ ᠬᠦᠦ ᠲᠠᠢ ᠪᠠᠨ ᠡᠮᠨᠡᠯᠭᠡ ᠠᠴᠠ ᠪᠤᠴᠠᠵᠤ ᠢᠷᠡᠬᠦ ᠳᠤ ᠬᠠᠳᠠᠮ ᠡᠵᠢ ᠨᠢ ᠦᠳᠡ ᠶᠢᠨ ᠬᠤᠭᠤᠯᠨ ᠪᠠᠨ ᠪᠡᠯᠡᠬᠡᠨ ᠪᠣᠯᠭᠠᠭᠠᠳ ᠬᠦᠯᠢᠶᠡᠵᠦ ᠪᠠᠶᠢᠯ᠎ᠠ᠃ ᠨᠠᠭᠠᠴᠤ ᠪᠠᠨ ᠦᠵᠡᠭᠡᠳ ᠲᠠᠭᠤ ᠦᠭᠡᠢ ᠪᠡᠭᠲᠡᠷᠡᠯ ᠲᠠᠢ ᠢᠷᠡᠭᠰᠡᠨ ᠪᠢᠴᠢᠬᠠᠨ ᠲᠣᠯᠢ ᠡᠮᠡᠭᠡ ᠪᠠᠨ ᠦᠵᠡᠮᠡᠭᠴᠡ ᠲᠡᠰᠬᠡᠯ ᠦᠭᠡᠢ ᠤᠭᠢᠯᠠᠴᠢᠬᠠᠪᠠ᠃      ᠣᠮᠪᠣᠯᠣ ᠬᠦᠦ ᠪᠠᠨ ᠦᠭᠦᠭᠡᠷᠳᠦᠨ ᠲᠡᠪᠡᠷᠢᠭᠡᠳ ᠦᠨᠦᠰᠴᠦ ᠲᠠᠭᠠᠯᠠᠭᠰᠠᠨ ᠪᠠᠯᠭᠠᠷ ᠨᠠᠰᠤᠲᠠᠨ ︽ᠮᠢᠨᠤ ᠣᠮᠪᠣᠯᠣ ᠵᠦᠭᠡᠷ ᠪᠢᠵᠡ ᠳ᠋ᠧ᠂ ᠬᠠᠯᠠᠭᠤᠨ ᠨᠢ ᠪᠠᠭᠤᠷᠠᠴᠢᠬᠠᠵᠠᠢ᠂ ᠶᠠᠭᠠᠬᠢᠪᠠ᠂ ᠡᠮᠴᠢ ᠵᠢᠭᠠᠬᠠᠨ ᠪᠥᠭᠰᠡᠨ ᠳᠡᠭᠡᠷ᠎ᠡ ᠨᠢ ᠵᠡᠭᠦᠦ ᠲᠠᠷᠢᠴᠢᠬᠠᠪᠠᠤ︖ ᠦ ᠬᠥᠭᠡᠷᠦᠬᠦᠢ ᠮᠢᠨᠢ᠂ ᠬᠠᠮᠢᠭ᠎ᠠ ᠨᠢ ᠡᠪᠡᠳᠴᠦ ᠪᠠᠶᠢᠨ᠎ᠠ᠂ ᠡᠮᠡᠭᠡ ᠨᠢ ᠦᠵᠡᠶ᠎ᠡ︾ ᠯᠨ ᠭᠡᠳ ᠠᠷᠭᠠᠳᠠᠨ᠎ᠠ᠃      ᠬᠤᠭᠤᠯᠨ ᠢᠳᠡᠬᠦ ᠵᠠᠭᠤᠷ᠎ᠠ ᠲᠤᠯᠮ᠎ᠠ ᠡᠮᠨᠡᠯᠭᠡ ᠳᠤ ᠣᠴᠢᠭᠰᠠᠨ ᠪᠠᠶᠢᠳᠠᠯ ᠢᠶᠠᠨ ᠬᠠᠳᠠᠮ ᠡᠵᠢ ᠳᠡᠭᠡᠨ ᠠᠯᠭᠤᠷ ᠶᠠᠷᠢᠬᠤ ᠳᠤ ᠪᠢᠴᠢᠬᠠᠨ ᠲᠣᠯᠢ ᠴᠦ ᠵᠠᠪᠰᠠᠷᠳᠠᠨ ︽ᠡᠮᠡᠭᠡ ᠠ᠋᠂ ᠨᠠᠭᠠᠴᠤ ᠶᠢ ᠡᠳᠡᠭᠡᠭᠡᠬᠦ ᠡᠮ ᠡᠵᠢ ᠳᠤ ᠪᠠᠶᠢᠬᠤ ᠶᠤᠮ ᠭᠡᠨ᠎ᠡ︾ ᠭᠡᠵᠦ ᠱᠤᠯᠤᠭᠠᠨᠠᠨ᠎ᠠ᠃      ᠪᠠᠯᠭᠠᠷ ᠨᠠᠰᠤᠲᠠᠨ ᠲᠠᠭᠤ ᠦᠭᠡᠢ ᠴᠠᠢ ᠪᠠᠨ ᠣᠭᠤᠴᠢᠯᠠᠨ ᠰᠠᠭᠤᠭᠰᠠᠨ ᠢᠶᠠᠨ ᠤᠷᠳᠤ ᠰᠠᠨᠠᠭ᠎ᠠ ᠠᠯᠳᠠᠵᠤ ︽ᠲᠤᠯᠮ᠎ᠠ ᠠ᠋᠂ ᠬᠡᠦᠬᠡᠨ ᠮᠢᠨᠢ᠂ ᠡᠵᠢ ᠨᠢ ᠴᠢᠮ᠎ᠠ ᠶᠢ ᠶᠠᠭᠤ ᠪᠤᠳᠤᠭᠠᠳ ᠬᠡᠯᠡᠵᠦ ᠲᠡᠶᠢᠯᠭᠦ ᠦᠭᠡᠢ ᠲᠦᠪᠡᠭᠳᠡᠵᠦ ᠪᠠᠶᠢᠬᠤ ᠶᠢ ᠴᠢᠨᠢ ᠮᠡᠳᠡᠨ᠎ᠡ ᠠ᠋᠂ ᠡᠮᠦᠨ᠎ᠡ ᠬᠤᠶᠠᠷ ᠵᠢᠯ ᠬᠦᠦ ᠴᠢᠨᠢ ᠵᠢᠭᠠᠬᠠᠨ ᠠᠮᠢᠳᠠᠨ ᠬᠥᠭᠡᠷᠦᠬᠦᠢ ᠯᠨ ᠭᠡᠵᠦ ᠪᠤᠳᠤᠵᠤ ᠪᠠᠶᠢᠭᠰᠠᠨ ᠶᠤᠮ᠃ ᠦᠨᠡᠨ ᠳᠡᠭᠡᠨ ᠡᠵᠢ ᠨᠢ ᠴᠦ ᠴᠢᠮ᠎ᠠ ᠲᠠᠢ ᠠᠳᠠᠯᠢᠬᠠᠨ ᠰᠠᠨᠠᠭ᠎ᠠ ᠵᠣᠪᠠᠭᠠᠳ ᠢᠷᠡᠭᠰᠡᠨ ᠰᠢᠤ᠃ ᠤᠳᠤ ᠪᠢ ᠠᠵᠢᠯ ᠤᠨ ᠠᠮᠠᠷᠠᠯᠲᠠ ᠪᠠᠨ ᠠᠪᠴᠢᠬᠠᠭᠰᠠᠨ ᠴᠢᠨᠢ ᠲᠣᠯᠢ ᠪᠠᠨ ᠬᠠᠷᠠᠭᠠᠯᠵᠠᠭᠠᠳ ᠲᠠᠨᠤᠰ ᠤᠨ ᠭᠤᠷᠪᠠᠨ ᠡᠷᠢᠨ ᠤ ᠪᠤᠳᠠᠭ᠎ᠠ ᠶᠢ ᠬᠢᠬᠦ ᠳᠤ ᠠᠵᠢᠭ ᠦᠭᠡᠢ᠃ ᠲᠡᠶᠢᠮᠦ ᠠᠴᠠ ᠣᠷᠣᠢ ᠲᠠᠯᠠᠢ ᠴᠢᠨᠢ ᠠᠵᠢᠯ ᠠᠴᠠ ᠪᠠᠨ ᠪᠠᠭᠤᠭᠠᠳ ᠢᠷᠡᠬᠦ ᠪᠠᠷ ᠬᠤᠶᠠᠭᠤᠯᠠ ᠳᠡᠭᠦᠦ ᠶᠢᠨ ᠢᠶᠠᠨ ᠤᠴᠢᠷ ᠢ ᠶᠠᠭᠠᠬᠢᠬᠤ ᠪᠠᠨ ᠵᠥᠪᠳᠡᠵᠦ ᠦᠵᠡ ᠳ᠋ᠧ᠂ ᠠᠪᠤ ᠡᠵᠢ ᠠᠴᠠ ᠪᠠᠨ ᠦᠬᠡᠷ ᠤᠨ ᠬᠤᠶᠠᠷ ᠡᠪᠡᠷ ᠰᠢᠭ ᠡᠭᠡᠴᠢ ᠳᠡᠭᠦᠦ᠂ ᠲᠦᠷᠦᠯ ᠲᠦᠷᠦᠯ ᠳᠤ ᠲᠦᠷᠦᠭᠰᠡᠨ ᠪᠣᠯᠣᠨ᠎ᠠ ᠤᠤ ᠭᠡᠳᠡᠭ ᠦᠭᠡ ᠪᠠᠶᠢᠳᠠᠭ ᠦᠭᠡᠢ ᠤᠤ᠂ ᠤᠳᠤ ᠶᠢᠨ ᠡᠮᠨᠡᠯᠭᠡ ᠶᠢᠨ ᠮᠡᠷᠭᠡᠵᠢᠯ ᠰᠠᠶᠢᠨ ᠪᠠᠶᠢᠬᠤ ᠳᠤ ᠶᠠᠭᠠᠬᠢᠪᠠᠴᠤ ᠵᠦᠭᠡᠷ ᠪᠠᠶᠢᠬ᠎ᠠ ᠠ᠋︾ ᠭᠡᠵᠦ ᠰᠠᠨᠠᠭᠠᠰᠢᠷᠠᠨ ᠬᠡᠯᠡᠭᠰᠡᠨ ᠴᠦ ᠰᠡᠳᠬᠢᠯ ᠬᠦᠨᠳᠦ ᠪᠠᠶᠢᠬᠤ ᠨᠢ ᠢᠯᠡᠭᠡᠨ᠃      ᠲᠤᠯᠮ᠎ᠠ ᠬᠠᠳᠠᠮ ᠡᠵᠢ ᠶᠢᠨ ᠢᠶᠠᠨ ᠶᠠᠷᠢᠬᠤ ᠶᠢ ᠰᠣᠨᠣᠰᠤᠭᠠᠳ ︽ᠡᠵᠢ ᠠ᠋ ᠁︾ ᠭᠡᠳ ᠶᠠᠭᠤ ᠴᠦ ᠬᠡᠯᠡᠵᠦ ᠳᠡᠶᠢᠯᠦᠭᠰᠡᠨ ᠦᠭᠡᠢ ᠨᠢᠯᠪᠤᠰᠤ ᠨᠢ ᠮᠡᠯᠡᠰᠬᠢᠨ ᠤᠷᠤᠰᠴᠢᠬᠠᠯ᠎ᠠ᠃      ᠁      ᠲᠤᠯᠮ᠎ᠠ ᠳᠡᠭᠦᠦ ᠲᠠᠢ ᠪᠠᠨ ᠪᠡᠭᠡᠵᠢᠩ ᠤᠨ ᠶᠡᠭᠡ ᠡᠮᠨᠡᠯᠭᠡ ᠶᠢᠨ ᠬᠤᠷᠢᠶ᠎ᠠ ᠳᠤ ᠬᠦᠷᠴᠦ᠂ ᠪᠦᠭᠦᠶᠢᠯᠨ ᠪᠠᠶᠢᠴᠠᠭᠠᠯᠲᠠ ᠶᠢ ᠳᠠᠮᠵᠢᠭᠠᠳ ᠬᠤᠶᠠᠭᠤᠯᠠ ᠶᠢᠨ ᠪᠡᠶ᠎ᠡ ᠶᠢᠨ ᠪᠠᠶᠢᠳᠠᠯ ᠪᠦᠷ ᠰᠠᠶᠢᠬᠠᠨ ᠵᠣᠬᠢᠴᠠᠭᠰᠠᠨ ᠪᠣᠯᠬᠤᠷ ᠵᠣᠬᠢᠬᠤ ᠬᠤᠭᠤᠴᠠᠭᠠᠨ ᠤ ᠬᠢᠨᠠᠯᠲᠠ ᠪᠠᠶᠢᠴᠠᠭᠠᠯᠲᠠ ᠶᠢ ᠥᠩᠭᠡᠷᠡᠭᠡᠭᠡᠳ ᠪᠥᠭᠡᠷ᠎ᠡ ᠰᠢᠯᠵᠢᠭᠦᠯᠬᠦ ᠮᠡᠰᠡ ᠵᠠᠰᠠᠯ ᠬᠢᠵᠦ᠂ ᠲᠤᠯᠮ᠎ᠠ ᠳᠡᠭᠦᠦ ᠳᠡᠭᠡᠨ ᠪᠥᠭᠡᠷ᠎ᠡ ᠪᠠᠨ ᠰᠢᠯᠵᠢᠭᠦᠯᠵᠦ ᠥᠭᠭᠦᠭᠰᠡᠨ ᠪᠥᠭᠡᠳ ᠡᠭᠡᠴᠢ ᠳᠡᠭᠦᠦ ᠬᠤᠶᠠᠭᠤᠯᠠ ᠶᠢᠨ ᠪᠡᠶ᠎ᠡ ᠶᠢᠨ ᠡᠳᠡᠭᠡᠷᠡᠯᠲᠡ ᠶᠢᠨ ᠪᠠᠶᠢᠳᠠᠯ ᠴᠦ ᠲᠤᠩ ᠰᠠᠶᠢᠨ ᠪᠠᠶᠢᠯ᠎ᠠ᠃ ᠤᠳᠤ ᠲᠤᠯᠮ᠎ᠠ ᠶᠢᠨ ᠪᠡᠶ᠎ᠡ ᠨᠢ ᠪᠦᠷᠢᠮᠦᠰᠦᠨ ᠡᠷᠡᠭᠦᠯᠵᠢᠵᠦ᠂ ᠵᠢᠯ ᠢᠯᠡᠭᠦᠦ ᠡᠭᠦᠳᠡ ᠪᠠᠨ ᠬᠠᠭᠠᠭᠰᠠᠨ ᠦᠰᠦ ᠵᠠᠰᠠᠬᠤ ᠭᠠᠵᠠᠷ ᠲᠠᠭᠠᠨ ᠢᠷᠡᠵᠦ ᠠᠵᠢᠯ ᠢᠶᠠᠨ ᠡᠬᠢᠯᠡᠭᠦᠯᠵᠦ ᠪᠠᠶᠢᠭ᠎ᠠ ᠨᠢ ᠡᠨᠡ ᠪᠢᠯᠡ᠃      ︽ᠶᠠᠮᠠᠷ ᠰᠠᠶᠢᠬᠠᠨ ᠬᠥᠮᠥᠰ ᠢ ᠪᠤᠷᠬᠠᠨ ᠨᠠᠳᠠ ᠳᠤ ᠢᠯᠡᠭᠡᠭᠰᠡᠨ ᠢ      ᠢᠯᠠᠭᠤᠨ ᠰᠠᠷᠠᠨ ᠤ ᠳᠣᠣᠷ᠎ᠠ ᠦᠭᠡ ᠪᠠᠷ ᠬᠡᠯᠡᠬᠦ ᠶᠢᠨ ᠠᠷᠭ᠎ᠠ ᠦᠭᠡᠢ᠂      ᠦᠭᠡ ᠪᠠᠷ ᠬᠡᠯᠡᠬᠦ ᠶᠢᠨ ᠠᠷᠭ᠎ᠠ ᠦᠭᠡᠢ ᠁︾      ᠳᠠᠭᠤᠤ ᠶᠢᠨ ᠰᠠᠶᠢᠬᠠᠨ᠂ ᠲᠤᠯᠮ᠎ᠠ ᠶᠢᠨ ᠮᠡᠷᠭᠡᠵᠢᠯ ᠳᠤ ᠲᠠᠲᠠᠭᠳᠠᠭᠰᠠᠨ ᠦᠰᠦ ᠵᠠᠰᠠᠭᠤᠯᠤᠭᠴᠢ ᠨᠠᠷ ᠢᠷᠡᠭᠰᠡᠭᠡᠷ᠂ ᠪᠤᠴᠠᠭᠰᠠᠭᠠᠷ ᠁
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号