ᠮᠣᠩᠭᠤᠯ ᠭᠡᠷ
ᠨᠡᠶᠢᠲᠡᠯᠡᠭᠰᠡᠨ ᠴᠠᠭ᠄
2024/4/24
                                ᠠᠯᠠᠭᠤᠢ ᠮᠠᠨᠳᠤᠬᠤ         ᠲᠠᠯ᠎ᠠ ᠪᠠᠨ ᠴᠢᠮᠡᠭᠰᠡᠨ       ᠲᠠᠨᠠᠨ ᠴᠠᠭᠠᠨ ᠮᠥᠭᠦ ᠭᠡᠯᠲᠡᠢ       ᠲᠡᠭᠡᠭᠡᠵᠦ ᠠᠴᠢᠶᠠᠯᠠᠵᠤ ᠨᠡᠭᠦᠬᠦ ᠳᠤ       ᠲᠡᠦᠬᠡ ᠬᠦᠦᠷᠨᠢᠭᠰᠡᠨ ᠠᠴᠢᠶ᠎ᠠ       ᠲᠣᠭᠤᠨᠣ᠂ ᠣᠨᠢ᠂ ᠬᠠᠨ᠎ᠠ᠂ ᠬᠠᠭᠠᠯᠭ᠎ᠠ       ᠳᠡᠭᠡᠪᠦᠷ᠂ ᠲᠤᠭᠤᠷᠭ᠎ᠠ᠂ ᠬᠠᠶᠠᠭᠠᠪᠴᠢ       ᠣᠭᠤᠰᠣᠷ᠂ ᠵᠡᠭᠡᠭ᠂ ᠪᠦᠰᠡᠯᠡᠭᠦᠷ       ᠣᠨᠴᠠ ᠤᠬᠠᠭᠠᠯᠢᠭ ᠪᠠᠷᠢᠯᠭ᠎ᠠ       ᠬᠢᠷᠢ ᠪᠠᠷᠤᠭ ᠤᠨ ᠰᠠᠯᠬᠢ ᠰᠢᠭᠤᠷᠭᠠᠨ ᠳᠤ       ᠬᠡᠶᠢᠰᠬᠦ ᠦᠭᠡᠢ ᠪᠠᠲᠤ ᠪᠠᠶᠢᠷᠢ ᠲᠠᠢ       ᠭᠠᠵᠠᠷ ᠬᠥᠳᠡᠯᠵᠦ ᠳᠣᠷᠭᠢᠭᠰᠠᠨ ᠴᠤ       ᠭᠠᠩᠬᠤᠵᠤ ᠨᠤᠷᠠᠬᠤ ᠦᠭᠡᠢ ᠲᠠᠶᠢᠪᠤᠩ       ᠬᠠᠯᠠᠭᠤᠨ ᠵᠤᠨ ᠤ ᠨᠠᠷᠠᠨ ᠳᠤ       ᠬᠠᠶᠠᠭ᠎ᠠ ᠪᠠᠷ ᠰᠡᠷᠢᠭᠦᠨ ᠰᠠᠯᠬᠢ ᠲᠠᠢ       ᠬᠠᠬᠢᠷ ᠡᠪᠦᠯ ᠤᠨ ᠬᠦᠢᠲᠡᠨ ᠳᠤ       ᠬᠠᠯᠠᠭᠤ ᠲᠥᠭᠡᠨᠡᠬᠦ ᠲᠤᠯᠭ᠎ᠠ ᠲᠠᠢ       ᠤᠳᠤᠮᠲᠤ ᠮᠣᠩᠭᠤᠯ ᠤᠨ ᠰᠤᠤ ᠪᠢᠯᠢᠭ ᠢ       ᠥᠪᠯᠡᠵᠦ ᠦᠯᠡᠳᠡᠭᠰᠡᠨ ᠤᠷᠠᠯᠠᠯ ᠦᠷᠭᠦᠭᠡ       ᠬᠠᠭᠠᠰ ᠪᠥᠮᠪᠥᠷᠴᠡᠭ ᠢ ᠡᠷᠬᠡᠰᠢᠶᠡᠭᠰᠡᠨ       ᠬᠠᠭᠠᠨ ᠰᠠᠭᠤᠳᠠᠯ ᠲᠠᠢ ᠣᠷᠳᠣᠨ         ᠮᠣᠩᠭᠤᠯ ᠭᠡᠷ ᠥᠷᠯᠥᠭ ᠦᠨᠳᠦᠰᠦᠲᠡᠨ ᠤ ᠦᠶ᠎ᠡ ᠵᠠᠯᠭᠠᠭᠰᠠᠨ ᠡᠷᠳᠡᠨᠢ       ᠮᠣᠩᠭᠤᠯ ᠭᠡᠷ ᠣᠶᠤᠨ ᠲᠡᠭᠦᠰ ᠳᠡᠭᠡᠳᠦᠰ ᠤᠨ ᠤᠷ᠎ᠠ ᠰᠢᠩᠭᠡᠭᠰᠡᠨ ᠥᠯᠥᠭᠡᠢ       ᠮᠣᠩᠭᠤᠯ ᠭᠡᠷ ᠣᠯᠠᠨ ᠵᠠᠭᠤᠨ ᠤ ᠦᠯᠢᠭᠡᠷ ᠴᠢᠨᠳᠢᠭᠯᠠᠭᠰᠠᠨ ᠠᠯᠲᠠᠨ ᠰᠤᠳᠤᠷ       ᠮᠣᠩᠭᠤᠯ ᠭᠡᠷ ᠣᠷᠴᠢᠯᠠᠩ ᠳᠤ ᠮᠥᠩᠬᠡ ᠤᠭᠰᠠᠭ᠎ᠠ ᠶᠢᠨ ᠭᠠᠵᠠᠷ ᠤᠨ ᠲᠠᠮᠠᠭ᠎ᠠ᠃
 
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号