| | ᠡᠭᠡᠪᠦᠷ ᠲᠠᠭᠠᠬᠰᠠᠨ ᠴᠠᠰᠤ ᠵᠠᠬ᠎ᠠ ᠭᠦᠪᠡᠭᠡ ᠠᠴᠠ ᠪᠠᠨ ᠰᠡᠮᠡᠷᠡᠨ ᠬᠠᠶᠢᠯᠵᠤ᠂ ᠨᠤᠲᠤᠭ ᠤᠨ ᠪᠣᠷᠣᠬᠠᠨ | ᠰᠢᠪᠠᠭᠤᠳ ᠨᠠᠷᠠ ᠲᠠᠢ ᠤᠷᠤᠯᠳᠤᠵᠤ ᠱᠤᠯᠤᠭᠠᠨᠠᠯᠳᠤᠨ᠂ ᠨᠢᠳᠦ ᠨᠢ ᠰᠡᠷᠭᠦᠭᠰᠡᠨ ᠰᠢᠳᠦᠯᠡᠩ ᠤᠳ ᠰᠡᠭᠦᠯ | ᠰᠣᠭᠰᠣᠶᠢᠯᠭᠠᠨ ᠰᠣᠷᠲᠣᠭᠤᠯᠠᠵᠤ᠂ ᠬᠥᠳᠡᠭᠡ ᠶᠢᠨ ᠪᠡᠯᠴᠢᠭᠡᠷ ᠲᠤ ᠲᠣᠶᠢᠭ ᠤᠨ ᠲᠠᠭᠤᠨ ᠠᠶᠢᠵᠠᠮᠯᠠᠨ ᠤᠶᠠᠩᠭᠠᠷᠠᠭᠠᠳ | ᠁ ᠮᠢᠨᠤ ᠨᠤᠲᠤᠭ ᠤᠨ ᠬᠠᠪᠤᠷ ᠳᠠᠭᠤᠲᠠᠢ ᠱᠤᠤᠳᠠᠢ ᠰᠠᠭᠠᠲᠠᠳᠠᠭ ᠰᠠᠨ᠃ | | | ᠤᠶᠠᠩᠭ᠎ᠠ ᠡᠭᠡᠰᠢᠭ ᠬᠠᠩᠭᠢᠨᠠᠨ᠂ ᠤᠯᠠᠨ ᠠᠵᠢᠯ ᠭᠦᠪᠦᠷᠡᠭᠰᠡᠨ ᠭᠦᠳᠡᠯᠮᠦᠷᠢ ᠶᠢᠨ ᠤᠷᠢᠶ᠎ᠠ ᠲᠠᠢ ᠬᠠᠪᠤᠷ ᠤᠨ | ᠤᠯᠠᠷᠢᠯ ᠰᠠᠶᠢᠬᠠᠨ ᠠᠴᠠ ᠰᠠᠶᠢᠬᠠᠨ ᠠ᠋᠃ ᠬᠤᠷᠠᠭ᠎ᠠ ᠢᠰᠢᠭᠡ ᠠᠮᠠᠳᠠᠭᠤᠯᠬᠤ᠂ ᠬᠤᠷᠤᠭ᠎ᠠ ᠬᠤᠳᠠ ᠬᠠᠭᠤᠷᠠᠶᠢᠯᠠᠬᠤ | ︵ᠨᠤᠷᠠᠯᠠᠬᠤ︶᠂ ᠬᠠᠭᠠᠷᠬᠠᠢ ᠴᠤᠭᠤᠷᠬᠠᠢ ᠥᠮᠥᠷᠡᠭᠦᠯᠬᠦ ︵ᠣᠶᠣᠬᠤ︶ ᠁ ᠭᠡᠳ ᠡᠵᠢ ᠶᠢᠨ ᠠᠵᠢᠯ ᠮᠤᠩᠳᠠᠬᠤ ᠦᠭᠡᠢ᠃ | ᠲᠥᠯ ᠲᠠᠯᠪᠢᠬᠤ᠂ ᠬᠤᠨᠢ ᠲᠣᠶᠢᠭᠯᠠᠬᠤ᠂ ᠲᠥᠯ ᠤᠨ ᠵᠤᠩᠭᠠᠭ ᠴᠡᠪᠡᠷᠯᠡᠬᠦ ᠁ ᠭᠡᠳ ᠮᠢᠨᠤ ᠠᠵᠢᠯ ᠴᠦ | ᠬᠢᠷᠢ ᠳᠡᠭᠡᠨ ᠶᠠᠭᠠᠷᠠᠤ᠃ ᠵᠠ᠂ ᠡᠶᠢᠮᠦ ᠬᠤᠶᠠᠷ ᠠᠵᠢᠯᠰᠠᠭ ᠬᠥᠮᠥᠨ ᠡᠨᠡ ᠠᠶᠢᠯ ᠤᠨ ᠭᠡᠷ ᠣᠷᠣᠨ᠂ ᠬᠤᠳᠠ | ᠬᠤᠷᠣᠭᠠᠨ ᠤ ᠳᠤᠮᠳᠠ ᠬᠤᠯᠬᠢᠵᠤ ᠥᠨᠵᠢᠳᠡᠭ ᠪᠣᠯ ᠲᠦᠯᠡᠭᠡ ᠤᠰᠤ ᠲᠡᠩᠨᠡᠬᠦ᠂ ᠡᠮᠨᠢᠭ ᠲᠤᠬᠰᠢᠨ ᠰᠤᠷᠭᠠᠬᠤ᠂ ᠰᠢᠭᠡᠭ | ᠬᠥᠷᠵᠡᠩ ᠭᠢᠰᠬᠢᠬᠦ ᠁ ᠭᠡᠳ ᠠᠪᠤ ᠲᠡᠷᠢᠭᠦᠲᠡᠢ ᠮᠠᠨ ᠤ ᠡᠷᠡᠴᠦᠦᠯ ᠤᠨ ᠠᠵᠢᠯ ᠴᠦ ᠵᠠᠬ᠎ᠠ ᠠᠴᠠ ᠠᠪᠤᠨ᠂ | ᠵᠠᠮ ᠠᠴᠠ ᠦᠷᠭᠦᠯᠵᠢᠯᠡᠨ᠎ᠡ᠃ | | | ᠮᠠᠯ ᠪᠡᠭᠡᠷᠡᠭ ᠪᠣᠯᠣᠨ᠎ᠠ ᠭᠡᠳ ᠮᠠᠨ ᠤ ᠬᠢ ᠬᠤᠨᠢ ᠮᠠᠯ ᠢᠶᠠᠨ ᠬᠤᠷᠢᠵᠤ ᠬᠠᠰᠢᠶᠠᠯᠠᠬᠤ ᠶᠢ ᠲᠠᠭᠠᠯᠠᠬᠤ ᠦᠭᠡᠢ᠃ | ᠫᠧᠩ ᠰᠠᠷᠠᠪᠴᠢ᠂ ᠬᠤᠷᠤᠭ᠎ᠠ ᠬᠠᠰᠢᠶ᠎ᠠ ᠮᠡᠲᠦ ᠶᠢᠨ ᠪᠠᠷᠢᠯᠭ᠎ᠠ ᠲᠥᠬᠦᠭᠡᠷᠦᠮᠵᠢ ᠶᠢᠨ ᠲᠠᠯ᠎ᠠ ᠪᠠᠷ ᠭᠠᠪᠢᠬᠤ ᠦᠭᠡᠢ ᠴᠦ | ᠭᠡᠯᠡ ᠬᠤᠨᠢ ᠪᠠᠨ ᠪᠡᠭᠡᠷᠡᠭᠦᠯᠦᠨ᠂ ᠢᠮᠠᠭ᠎ᠠ ᠪᠠᠨ ᠲᠠᠷᠤᠴᠠᠭᠤᠯᠵᠤ᠂ ᠭᠦᠭ ᠢᠶᠠᠨ ᠲᠠᠷᠢᠨ ᠬᠥᠳᠥᠰᠥ ᠪᠠᠨ ᠴᠢᠷᠴᠦ | ᠪᠠᠶᠢᠭ᠎ᠠ ᠦᠭᠡᠢ᠃ | | | ᠶᠢᠰᠦ ᠣᠷᠣᠬᠤ ᠳᠤ ᠮᠠᠯ ᠢᠶᠠᠨ ᠬᠥᠷᠵᠡᠩ ᠢᠶᠠᠷ ᠪᠠᠷᠢᠭᠰᠠᠨ ᠵᠠᠳᠠᠭᠠᠢ ᠬᠤᠷᠣᠭᠠᠨ ᠳᠤ ᠬᠤᠷᠢᠵᠤ᠂ ᠲᠠᠪᠤ ᠶᠢᠰᠦ | ᠲᠣᠭᠠᠯᠠᠩᠭᠤᠲᠠ ︽ᠮᠠᠯ ᠤᠨ ᠭᠡᠭᠡᠯ ᠰᠢᠬᠠᠴᠢᠬᠠᠨᠠ︕︾ ᠭᠡᠳ ᠵᠠᠳᠠᠭᠠᠢ ᠬᠤᠨᠣᠭᠤᠯᠤᠨ᠂ ᠠᠪᠤ ᠡᠵᠢ ᠬᠤᠶᠠᠷ | ᠡᠭᠡᠯᠵᠢᠯᠡᠨ ᠬᠤᠳᠠ ᠡᠷᠭᠢᠵᠦ ᠨᠢᠯᠬ᠎ᠠ ᠲᠥᠯ ᠢᠶᠠᠨ ᠡᠰᠡᠨ ᠮᠡᠨᠳᠦ ᠲᠤᠰᠤᠨ᠎ᠠ᠃ ᠲᠠᠩ ᠪᠦᠷᠢᠶᠡᠰᠦ ᠲᠠᠢ ᠭᠡᠷ ᠢᠶᠠᠨ | ᠲᠥᠭᠡ ᠵᠤᠵᠠᠭᠠᠨ ᠨᠤᠷᠠᠯᠠᠭᠠᠳ ᠪᠠᠷᠠᠭᠤᠨ ᠬᠤᠶᠢᠲᠤ ᠬᠠᠶᠠᠭ᠎ᠠ ᠪᠠᠷ ᠨᠢ ᠬᠥᠷᠵᠡᠩ ᠢᠶᠠᠷ ᠲᠠᠰᠤᠯᠪᠤᠷᠢ ᠪᠠᠷᠢᠵᠤ ᠨᠢᠯᠬ᠎ᠠ | ᠲᠥᠯ ᠢᠶᠠᠨ ᠬᠤᠷᠢᠵᠤ᠂ ᠭᠦᠷᠦᠪᠡ ᠶᠢ ᠨᠢ ᠲᠥᠯ ᠤᠨ ᠭᠡᠷ ᠭᠡᠵᠦ ᠪᠡᠯᠡᠳᠬᠡᠭᠰᠡᠨ ᠮᠣᠩᠭᠤᠯ ᠭᠡᠷ ᠲᠡᠭᠡᠨ ᠵᠠᠳᠠᠭᠠᠢ | ᠬᠤᠨᠣᠭᠤᠯᠤᠨᠠ᠃ ᠲᠥᠯ ᠬᠡᠴᠢᠨᠡᠨ ᠤᠯᠠᠨ ᠴᠦ ᠮᠠᠯ ᠲᠥᠯᠯᠡᠵᠦ ᠳᠠᠭᠤᠰᠬᠤ ᠠᠴᠠ ᠡᠮᠦᠨ᠎ᠡ ᠮᠠᠯ ᠬᠠᠰᠢᠶᠠᠯᠠᠵᠤ ᠲᠥᠯ | ᠢᠯᠠᠭᠠᠠᠤ ᠶᠢ ᠮᠡᠳᠡᠬᠦ ᠦᠭᠡᠢ᠃ ᠵᠠᠭᠤ ᠭᠠᠷᠤᠢ ᠬᠤᠶᠠᠷ ᠵᠠᠭᠤ ᠰᠢᠬᠠᠮ ᠬᠤᠷᠠᠭ᠎ᠠ ᠶᠢ ᠨᠢᠭᠡ ᠨᠢᠭᠡ ᠪᠠᠷ ᠨᠢ ᠪᠠᠷᠢᠵᠤ | ᠵᠥᠭᠡᠭᠡᠳᠡᠭ᠃ ᠬᠥᠷᠥᠪᠡᠵᠢᠭᠰᠡᠨ ᠬᠤᠷᠠᠭ᠎ᠠ ᠪᠠᠷᠢᠬᠤ ᠳᠤ ᠬᠡᠴᠡᠭᠦᠦ᠃ ᠠᠷᠠᠢ ᠭᠡᠵᠦ ᠪᠠᠷᠢᠭᠠᠳ ᠰᠤᠭᠤᠪᠴᠢᠯᠠᠬᠤ ᠪᠠᠷ | ᠴᠠᠳᠬᠤᠯᠠᠩ ᠭᠡᠳᠡᠰᠦ ᠨᠢ ᠳᠣᠭᠤᠭᠰᠢ ᠪᠠᠨ ᠤᠨᠵᠢᠨ ᠬᠤᠶᠢᠲᠤ ᠬᠥᠯ ᠨᠢ ᠭᠠᠵᠠᠷ ᠲᠠᠢ ᠦᠷᠭᠦᠯᠵᠢᠯᠡᠨ᠎ᠡ᠃ | ᠰᠤᠭᠤᠪᠴᠢᠯᠠᠭᠰᠠᠨ ᠡᠵᠡᠨ ᠨᠢ ᠠᠷᠭ᠎ᠠ ᠦᠭᠡᠢ ᠵᠢᠵᠢᠭᠬᠡᠨ ᠪᠣᠯᠣᠭᠠᠳ ᠲᠡᠷᠡ ᠪᠢᠵᠡ᠃ ᠲᠥᠯ ᠢᠶᠠᠨ ᠡᠷᠭᠦᠵᠦ ︵ᠲᠥᠯ | ᠪᠠᠷᠢᠵᠤ ᠬᠤᠷᠢᠶᠠᠯᠠᠬᠤ ᠶᠢ ᠲᠥᠯ ᠡᠷᠭᠦᠨ᠎ᠡ ᠭᠡᠳᠡᠭ︶ ᠳᠠᠭᠤᠰᠤᠮᠠᠭᠴᠠ ᠰᠣᠯᠢ᠂ ᠴᠠᠬᠢᠯᠳᠠᠭ᠂ ᠲᠡᠷᠡᠰᠦᠨ ᠤ ᠥᠯᠥᠩ ᠢ | ᠨᠠᠷᠢᠨ ᠰᠢᠳᠠᠮ ᠢᠶᠠᠷ ᠴᠢᠩᠭ᠎ᠠ ᠪᠣᠭᠤᠵᠤ᠂ ᠤᠨᠢᠨ ᠠᠴᠠ ᠠᠳᠡ ᠲᠡᠨᠳᠡ ᠦᠭᠡᠢ ᠵᠢᠷᠢᠢᠲᠡᠯ᠎ᠡ ᠤᠶᠠᠨ᠂ ᠲᠥᠯ | ᠬᠤᠵᠢᠷᠰᠢᠨᠠ ᠬᠡᠮᠡᠨ ᠬᠠᠨ᠎ᠠ ᠶᠢᠨ ᠨᠢᠳᠦᠨ ᠳᠤ ᠪᠤᠳᠠᠷᠭᠠᠨ᠎ᠠ ᠬᠠᠪᠴᠢᠭᠤᠯᠤᠨ᠎ᠠ᠃ ᠵᠢᠪᠠᠷ ᠲᠤ ᠭᠠᠷᠴᠤ᠂ ᠰᠡᠷᠢᠭᠦᠨ ᠳᠤ | ᠬᠥᠷᠥᠪᠡᠵᠢᠭᠰᠡᠨ ᠲᠥᠯ ᠨᠤᠤᠬᠠᠲᠤᠵᠤ ᠠᠮᠠᠷᠤᠳᠠᠬᠤ ᠶᠢᠨ ᠵᠤᠪᠠᠯᠠᠩ ᠦᠭᠡᠢ ᠪᠦᠭᠡ ᠥᠯᠴᠢᠷ ᠪᠠᠶᠢᠳᠠᠭ ᠨᠢ ᠮᠠᠯ ᠢᠶᠠᠨ | ᠰᠡᠷᠢᠭᠦᠨ ᠣᠷᠴᠢᠨ ᠳᠤ ᠮᠠᠯᠵᠢᠭᠰᠠᠨ ᠤ ᠠᠴᠢ ᠪᠤᠶᠤ᠃ | | | ᠰᠠᠭᠠᠭᠰᠠᠨ ᠮᠠᠯ ᠰᠦ ᠲᠠᠢ ᠲᠥᠯᠯᠡᠳᠡᠭ ᠭᠡᠳ ᠮᠠᠨ ᠤ ᠬᠢ ᠮᠠᠯ ᠢᠶᠠᠨ ᠰᠠᠭᠠᠵᠤ ᠰᠢᠪᠳᠤᠷᠬᠤ ᠶᠢ ᠮᠠᠰᠢ | ᠡᠷᠬᠢᠮᠯᠡᠨ᠎ᠡ᠃ ᠵᠤᠨ ᠳᠠᠭᠠᠨ ᠬᠤᠨᠢ ᠪᠠᠨ ᠬᠤᠯᠪᠣᠵᠤ ᠰᠠᠭᠠᠳᠠᠭ ᠪᠣᠯ ᠬᠠᠪᠤᠷ ᠲᠠᠭᠠᠨ ᠬᠤᠷᠠᠭᠠᠯᠠᠭᠰᠠᠨ ᠬᠤᠨᠢᠳ ᠢᠶᠠᠨ | ᠨᠢᠭᠡ ᠨᠢᠭᠡ ᠪᠠᠷ ᠨᠢ ᠪᠠᠷᠢᠵᠤ ᠤᠴᠢᠬᠯᠠᠳᠠᠭ᠃ ᠮᠠᠨ ᠤ ᠬᠤᠨᠢᠳ ᠰᠦ ᠲᠠᠢ ᠲᠥᠯᠯᠡᠨ᠎ᠡ᠃ ︽ᠰᠦ ᠪᠠᠨ ᠪᠠᠷᠠᠬᠤ ᠦᠭᠡᠢ | ᠴᠠᠳᠬᠤᠯᠳᠠᠭᠠᠳ ᠤᠭᠤᠷᠠᠭ ᠨᠢ ᠵᠠᠩᠭᠢᠷᠠᠵᠤ ᠪᠠᠭᠠᠰᠤ ᠰᠢᠭᠡᠰᠦ ᠠᠯᠳᠠᠬᠤ ᠪᠤᠢ᠃ ᠲᠡᠯᠡᠩ ᠨᠢ ᠴᠢᠨᠦᠵᠦ ᠰᠦ ᠨᠢ | ᠲᠠᠲᠠᠷᠠᠬᠤ ᠪᠤᠢ ᠁︾ ᠭᠡᠳ ᠬᠤᠨᠢ ᠬᠤᠷᠠᠭᠠᠯᠠᠵᠤ ᠡᠬᠢᠯᠡᠩᠭᠦᠲᠡ ᠬᠤᠨᠢ ᠤᠴᠢᠬᠯᠠᠬᠤ ᠠᠵᠢᠯ ᠢᠳᠡ ᠭᠦᠭ ᠲᠠᠢ | ᠥᠷᠨᠢᠨ᠎ᠡ᠃ ᠠᠪᠤ ᠡᠵᠢ ᠪᠢᠳᠠ ᠭᠤᠷᠪᠠᠭᠤᠯᠠ ᠬᠤᠨᠢ ᠤᠴᠢᠬᠯᠠᠵᠤ ︵ᠰᠠᠭᠠᠵᠤ︶᠂ ᠬᠦᠦᠴᠦᠦᠯ ᠬᠤᠨᠢᠳ ᠢ ᠰᠢᠭᠢᠷᠡᠳᠡᠨ | ᠪᠠᠷᠢᠵᠤ᠂ ᠬᠦᠵᠦᠭᠦᠦ ᠪᠠᠷ ᠨᠢ ᠰᠤᠭᠤᠪᠴᠢᠯᠠᠨ ᠬᠥᠳᠡᠯᠭᠡᠬᠦ ᠦᠭᠡᠢ ᠵᠣᠭᠰᠣᠭᠠᠵᠤ ᠤᠴᠢᠬᠯᠠᠭᠤᠯᠤᠨᠠ᠃ ᠬᠥᠬᠦ | ᠲᠡᠯᠡᠩ ᠳᠡᠭᠡᠨ ᠭᠠᠷ ᠬᠦᠷᠭᠡᠭᠦᠯᠵᠦ ᠦᠵᠡᠭᠡ ᠦᠭᠡᠢ ᠨᠡᠮᠡᠷᠢ ᠶᠢᠨ ᠵᠤᠰᠠᠭ ᠤᠳ ᠳᠡᠪᠬᠡᠷᠦᠨ ᠰᠠᠭᠤᠯᠠᠭ᠎ᠠ ᠲᠠᠢ ᠰᠦ | ᠴᠠᠯᠭᠢᠭᠤᠯᠤᠨ᠎ᠠ᠃ ︽ᠰᠠᠭᠤᠯᠠᠭ᠎ᠠ ᠪᠠᠨ ᠬᠤᠶᠠᠷ ᠡᠪᠦᠳᠦᠭ ᠢᠶᠠᠷ ᠢᠶᠠᠨ ᠰᠠᠶᠢᠨ ᠬᠠᠪᠴᠢᠪᠠᠯ ᠶᠠᠭᠠᠬᠢᠳᠠᠭ ᠶᠤᠮ︖ | ᠰᠠᠭᠠᠯᠢ ᠰᠦ ᠠᠰᠬᠠᠪᠠᠯ ᠮᠠᠯ ᠤᠨ ᠪᠤᠶᠠᠨ ᠬᠠᠷᠢᠴᠢᠬᠠᠨ᠎ᠠ︕︾ ᠭᠡᠵᠦ ᠠᠪᠤ ᠡᠵᠢ ᠵᠢᠮᠡᠯᠡᠨ᠎ᠡ᠃ ᠬᠦᠦᠴᠦᠦᠯ ᠲᠤᠬᠰᠢᠨ | ᠬᠤᠨᠢᠳ ᠢ ᠨᠣᠮᠣᠬᠠᠨ ᠵᠣᠭᠰᠤᠭᠠᠬᠤ ᠭᠡᠵᠦ ᠬᠥᠯ ᠭᠠᠷ ᠢᠶᠠᠨ ᠭᠢᠰᠬᠢᠭᠦᠯᠦᠨ ᠨᠢᠰᠤ ᠬᠥᠯᠥᠰᠦ ᠪᠠᠨ ᠭᠤᠭᠤᠵᠢᠭᠤᠯᠵᠤ᠂ | ᠪᠤᠳᠤᠯᠢᠬᠤ ᠶᠢᠨ ᠶᠡᠭᠡ ᠪᠠᠷ ᠪᠤᠳᠤᠯᠢᠭᠰᠠᠨ ᠴᠦ ᠮᠠᠯ ᠬᠤᠢ ᠲᠠᠢ ᠨᠣᠴᠣᠯᠳᠤᠵᠤ ᠪᠢᠷ᠎ᠠ ᠲᠡᠩᠬᠡᠭᠡ ᠣᠷᠣᠨ ᠪᠡᠶ᠎ᠡ ᠬᠠᠷ᠎ᠠ | ᠨᠢ ᠥᠰᠦᠨ᠎ᠡ᠃ ᠮᠠᠨ ᠤ ᠲᠣᠮᠣᠴᠤᠤᠯ ︽ᠭᠡᠳᠡᠰᠦ ᠴᠠᠳᠬᠤᠯᠠᠩ ᠪᠣᠯ ᠬᠡᠦᠬᠡᠳ ᠶᠠᠮᠠᠷ ᠶᠠᠳᠠᠷᠠᠨ᠎ᠠ ᠭᠡᠵᠦ ᠪᠠᠶᠢᠬᠤ ᠪᠢᠰᠢ᠃ | ᠶᠣᠰᠣᠲᠠᠢ ᠨᠡᠷ᠎ᠡ ᠦᠭᠡᠢ ᠬᠥᠳᠡᠯᠮᠦᠷᠢᠴᠢᠳ︕︾ ᠭᠡᠵᠦ ᠱᠤᠪᠤᠭᠤᠷᠳᠠᠬᠤ ᠳᠤᠷᠠᠲᠠᠢ᠃ ᠰᠦ ᠲᠠᠢ ᠴᠠᠢ ᠤᠤᠭᠤᠵᠤ᠂ | ᠴᠢᠨᠠᠭᠰᠠᠨ ᠤᠭᠤᠷᠠᠭ ᠢᠳᠡᠨ᠂ ᠱᠣᠪᠣᠭᠤᠷ ᠮᠠᠯᠠᠭᠠᠢ ᠪᠠᠷ ᠭᠤᠶᠣᠯᠠᠭᠰᠠᠨ ᠮᠠᠨ ᠤ ᠠᠬ᠎ᠠ ᠳᠡᠭᠦᠦ ᠭᠡᠳᠦ ᠶᠢᠨ ᠬᠥᠯ | ᠡᠨᠡᠬᠡᠨ ᠦᠭᠡᠨ ᠳᠤ ᠯᠡ ᠬᠥᠩᠭᠡᠷᠡᠭᠡᠳ ᠢᠷᠡᠨ᠎ᠡ ᠳ᠋ᠠ᠃ | | | ᠬᠥᠳᠡᠭᠡ ᠬᠤᠨᠢ ᠬᠤᠷᠠᠭᠠᠯᠠᠵᠤ ᠬᠤᠷᠠᠭ᠎ᠠ ᠡᠭᠦᠷᠬᠦ ᠬᠡᠴᠡᠭᠦᠦ ᠠᠵᠢᠯ ᠪᠠᠰᠠ ᠪᠤᠢ᠃ ᠮᠠᠨ ᠤ ᠪᠠᠷᠢᠭᠠᠳᠠ ᠬᠤᠴᠠ | ᠤᠬᠤᠨ᠎ᠠ ᠶᠢᠨ ᠲᠤᠰᠬᠠᠢ ᠰᠦᠷᠦᠭ ᠲᠠᠢ᠃ ᠬᠠᠭᠤᠴᠢᠨ ᠤ ᠨᠠᠢᠮᠠᠨ ᠰᠠᠷ᠎ᠠ ᠭᠠᠷᠤᠩᠭᠤᠲᠠ ᠠᠶᠢᠯ ᠤᠳ ᠬᠤᠴᠠ ᠪᠠᠨ | ᠬᠤᠲᠠᠨ ᠳᠠᠭᠠᠨ ᠠᠪᠴᠢᠷᠠᠵᠤ ᠰᠦᠷᠦᠭ ᠲᠡᠭᠡᠨ ᠲᠠᠯᠪᠢᠨ᠎ᠠ᠃ ᠮᠠᠨ ᠤ ᠬᠢ ᠤᠯᠠᠨ ᠬᠤᠨᠢ ᠲᠠᠢ᠃ ᠳᠥᠷᠪᠡ᠂ ᠲᠠᠪᠤᠨ | ᠬᠤᠴᠠ ᠶᠢ ᠵᠡᠷᠭᠡ ᠳᠤᠨᠢ ᠲᠠᠯᠪᠢᠵᠤ᠂ ᠪᠥᠭᠡᠮ ᠢᠶᠠᠷ ᠲᠥᠯᠯᠡᠭᠦᠯᠳᠡᠭ᠃ ᠬᠥᠳᠡᠭᠡ ᠬᠤᠨᠢ ᠤᠯᠠᠨ ᠬᠤᠷᠠᠭᠠᠯᠠᠨ᠎ᠠ᠃ | ᠪᠡᠯᠴᠢᠭᠡᠷ ᠲᠤ ᠭᠠᠷᠬᠤ ᠵᠠᠮ ᠳᠤ ᠬᠤᠷᠠᠭᠠᠯᠠᠭᠰᠠᠨ ᠢ ᠨᠢ ᠨᠥᠮᠥᠷᠢ ᠭᠠᠵᠠᠷ ᠬᠤᠷᠠᠭ᠎ᠠ ᠲᠠᠢ ᠨᠢ ᠤᠷᠭᠢᠨ᠂ | ᠪᠤᠴᠠᠯᠭᠠᠨ ᠳᠠᠭᠠᠨ ᠲᠠᠭᠠᠷᠢᠵᠤ᠂ ᠬᠤᠷᠠᠭ᠎ᠠ ᠶᠢ ᠨᠢ ᠳᠠᠭᠠᠭᠤᠯᠤᠨ ᠭᠠᠳᠠᠨ᠎ᠠ ᠪᠠᠨ ᠲᠠᠭᠤᠵᠤ ᠠᠪᠴᠢᠷᠠᠳᠠᠭ᠃ ᠲᠡᠷᠡ | ᠦᠶ᠎ᠡ ᠶᠢᠨ ᠮᠠᠯ ᠣᠷᠤᠭ᠎ᠠ ᠲᠤᠬᠰᠢᠨ᠂ ᠴᠣᠪᠣᠭᠤ ᠭᠡᠳᠡᠭ ᠨᠢ ᠬᠡᠷᠡᠭ᠃ ᠬᠤᠷᠠᠭ᠎ᠠ ᠨᠢ ᠬᠡᠵᠢᠶᠡᠨᠡᠢ ᠦᠭᠡᠢ | ᠠᠮᠠᠳᠠᠴᠢᠬᠠᠭᠰᠠᠨ ᠲᠡᠷᠡ ᠬᠤᠯᠠ ᠠᠴᠠ ᠡᠬᠡ ᠪᠠᠨ ᠲᠠᠭᠠᠭᠠᠳ ᠠᠵᠢᠭ ᠴᠦ ᠦᠭᠡᠢ ᠭᠠᠳᠠᠨ᠎ᠠ ᠢᠷᠡᠴᠢᠬᠡᠳᠡᠭ᠃ | | | ᠮᠠᠯ ᠪᠡᠯᠴᠢᠭᠡᠷ ᠠᠴᠠ ᠡᠷᠭᠢᠴᠢᠬᠡᠭᠰᠡᠨ ᠦᠶ᠎ᠡ ᠳᠤ ᠬᠤᠨᠢ ᠬᠤᠷᠠᠭᠠᠯᠠᠪᠠᠯ ᠬᠤᠷᠠᠭ᠎ᠠ ᠡᠭᠦᠷᠬᠦ ᠬᠡᠴᠡᠭᠦᠦ ᠠᠵᠢᠯ | ᠣᠨᠣᠭᠳᠠᠨ᠎ᠠ᠃ ᠬᠤᠷᠠᠭ᠎ᠠ ᠶᠡᠭᠡ ᠬᠦᠨᠳᠦ᠃ ᠭᠤᠷᠪᠠ ᠠᠴᠠ ᠬᠡᠲᠦᠷᠡᠪᠡᠯ ᠡᠭᠦᠷᠴᠦ ᠳᠠᠭᠠᠭᠠᠭᠳᠠᠬᠤ ᠪᠠᠨ ᠪᠣᠯᠢᠨ᠎ᠠ᠃ | ᠳᠤᠯᠠᠭᠠᠨ ᠡᠳᠦᠷ ᠲᠠᠭᠠᠷᠠᠪᠠᠯ ᠶᠠᠭᠠᠬᠢᠬᠤ ᠪᠤᠢ᠃ ᠬᠤᠷᠠᠭ᠎ᠠ ᠨᠢ ᠳᠥᠩᠭᠡᠵᠦ ᠬᠥᠯ ᠳᠡᠭᠡᠷ᠎ᠡ ᠪᠠᠨ ᠪᠣᠰᠣᠩᠭᠤᠲᠠ | ᠠᠮᠠᠳᠠᠭᠤᠯᠤᠨᠠ᠃ ᠡᠬᠡ ᠶᠢᠨ ᠢᠶᠠᠨ ᠬᠠᠯᠠᠭᠤᠨ ᠰᠦ ᠪᠠᠷ ᠠᠮᠠᠳᠠᠭᠰᠠᠨ ᠬᠤᠷᠠᠭ᠎ᠠ ᠪᠠᠷᠤᠭᠲᠠᠢ ᠳᠤ ᠪᠡᠭᠡᠷᠡᠬᠦ ᠦᠭᠡᠢ᠃ | ᠦᠰᠦ ᠨᠢ ᠪᠤᠷᠴᠠᠭᠯᠠᠭᠰᠠᠨ ᠴᠦ ᠡᠬᠡ ᠶᠢᠨ ᠢᠶᠠᠨ ᠬᠤᠷᠠᠭᠠᠰᠢᠬᠤ ᠲᠠᠭᠤᠨ ᠢᠶᠠᠷ ᠬᠦᠴᠦ ᠠᠪᠴᠤ᠂ ᠪᠤᠳᠠ ᠪᠤᠳᠠᠷᠭᠠᠨ᠎ᠠ | ᠳᠡᠭᠡᠭᠦᠷ ᠲᠤᠬᠤᠨ ᠤᠨᠠᠵᠤ ᠲᠤᠰᠴᠤ ᠪᠠᠶᠢᠭᠰᠠᠨ ᠴᠦ ᠰᠠᠯᠲᠤᠷᠬᠢᠯᠠᠨ ᠪᠣᠰᠣᠭᠠᠳ ᠡᠵᠢ ᠶᠢᠨ ᠢᠶᠠᠨ ᠪᠣᠷᠪᠢᠨ ᠳᠤ | ᠵᠡᠭᠦᠭᠳᠡᠨ ᠠᠵᠢᠭ ᠦᠭᠡᠢ ᠬᠤᠲᠠᠨ ᠳᠠᠭᠠᠨ ᠢᠷᠡᠴᠢᠬᠡᠳᠡᠭ᠃ ᠬᠠᠷᠢᠨ ᠬᠦᠢᠲᠡᠨ ᠡᠳᠦᠷ ᠲᠠᠭᠠᠷᠠᠪᠠᠯ ᠬᠤᠷᠠᠭ᠎ᠠ ᠡᠭᠦᠷᠬᠦ | ᠬᠡᠴᠡᠭᠦᠦ ᠠᠵᠢᠯ ᠬᠠᠶᠢᠷ᠎ᠠ ᠨᠠᠶᠢᠷ ᠦᠭᠡᠢ ᠪᠠᠭᠤᠨ᠎ᠠ ᠳ᠋ᠠ᠃ ᠠᠮᠢᠳᠤ ᠠᠮᠢᠳᠠᠨ ᠠᠷᠪᠠᠨ ᠠᠷᠭ᠎ᠠ ᠲᠠᠢ ᠭᠡᠭᠴᠢ ᠪᠠᠷ ᠨᠠᠳᠠ | ᠪᠠᠰᠠ ᠠᠷᠭ᠎ᠠ ᠪᠤᠢ᠃ ᠬᠤᠶᠠᠷ ᠭᠤᠷᠪᠠ ᠪᠠᠷ ᠨᠢ ᠨᠢᠭᠡ ᠳᠤᠭᠤᠶᠢᠯᠠᠩ ᠪᠣᠯᠭᠠᠨ ᠬᠤᠶᠠᠷ ᠬᠤᠪᠢᠶᠠᠵᠤ ᠤᠭᠤᠲᠠᠯᠠᠭᠠᠳ | ᠬᠤᠷᠠᠭ᠎ᠠ ᠪᠡᠭᠡᠷᠡᠴᠢᠬᠡᠬᠦ ᠪᠠᠷ ᠦᠭᠡᠢ ᠣᠶᠢᠷᠠᠬᠠᠨ ᠵᠠᠢ ᠳᠤ ᠨᠢᠭᠡ ᠳᠤᠭᠤᠶᠢᠯᠠᠩ ᠢ ᠨᠦᠭᠦᠭᠡ ᠳᠤᠭᠤᠶᠢᠯᠠᠩ ᠢᠶᠠᠷ ᠨᠢ | ᠳᠠᠪᠠᠭᠤᠯᠤᠨ ᠴᠤᠪᠤᠷᠠᠭᠤᠯᠵᠤ ᠵᠥᠭᠡᠭᠡᠨ᠎ᠡ᠃ ᠲᠠᠰᠢᠷᠠᠮ ᠳᠤᠨᠢ ᠬᠠᠷᠢᠭᠤᠯᠤᠭᠰᠠᠨ ᠮᠠᠯ ᠢᠶᠠᠨ ᠴᠤᠭᠯᠠᠭᠤᠯᠬᠤ᠂ | ᠬᠤᠷᠠᠭᠠᠨ ᠳᠠᠭᠠᠨ ᠰᠦᠵᠢᠷᠡᠭᠰᠡᠨ ᠬᠤᠨᠢᠳ ᠤᠨ ᠲᠦᠷᠦᠭᠦᠦ ᠶᠢ ᠳᠠᠷᠤᠵᠤ ᠲᠣᠭᠲᠠᠭᠠᠬᠤ ᠠᠵᠢᠯ ᠢ ᠪᠠᠰᠠ | ᠠᠮᠵᠢᠭᠤᠯᠬᠤ ᠬᠡᠷᠡᠭᠲᠡᠢ᠃ ᠡᠨᠡ ᠬᠤᠭᠤᠷᠣᠨᠳᠤ ᠤᠭᠤᠲᠠ ᠲᠠᠢ ᠬᠤᠷᠠᠭ᠎ᠠ ᠨᠤᠭᠤᠳ ᠴᠦ ᠳᠤᠯᠠᠭᠠᠴᠠᠵᠤ ᠵᠠᠪᠳᠤᠳᠠᠭ᠃ | ᠤᠭᠤᠲᠠ ᠲᠠᠢ ᠬᠤᠷᠠᠭ᠎ᠠ᠂ ᠬᠠᠷᠢᠭᠤᠯᠤᠭᠰᠠᠨ ᠮᠠᠯ ᠤᠨ ᠳᠤᠮᠳᠠ ᠭᠦᠶᠦᠨ ᠱᠣᠭᠰᠢᠶ᠎ᠠ ᠪᠠᠷ ᠲᠠᠪᠠᠷᠠᠭᠠᠭᠰᠠᠨ ᠮᠢᠨᠤ | ᠬᠥᠯᠥᠰᠦ ᠡᠭᠡᠪᠦᠷ ᠭᠠᠵᠠᠷ ᠤᠨ ᠬᠠᠶᠢᠯ ᠤᠨ ᠤᠰᠤ ᠰᠢᠭ᠋ ᠤᠷᠤᠰᠳᠠᠭ ᠪᠠᠶᠢᠯ᠎ᠠ ᠭᠡᠵᠦ ᠲᠡᠭᠡᠭᠦᠯᠬᠦ ︵ᠬᠡᠲᠦᠷᠡᠭᠦᠯᠬᠦ︶ ᠳᠤ | ᠪᠤᠯᠬᠤ ᠪᠢᠵᠡ⁈ | | | ᠡᠵᠢ ᠬᠥᠯᠥᠰᠦ ᠳᠠᠭᠠᠭᠠᠪᠤᠷᠢᠯᠠᠨ ᠠᠭᠤᠷ ᠪᠠᠭᠠᠭᠢᠭᠰᠠᠨ ᠲᠤᠬᠤ ᠶᠢ ᠮᠢᠨᠢ ᠦᠨᠦᠰᠦᠭᠡᠳ᠄ ︽ᠮᠢᠨᠤ ᠬᠡᠦᠬᠡᠨ | ᠭᠦᠳᠡᠯᠮᠦᠷᠢᠴᠢ ᠪᠥᠭᠡᠳ ᠮᠠᠯᠴᠢ᠂ ᠪᠡᠶ᠎ᠡ ᠪᠠᠨ ᠲᠡᠵᠢᠭᠡᠬᠦ ᠠᠷᠭᠠᠴᠠᠯ ᠲᠠᠢ ᠬᠥᠮᠥᠨ ᠪᠤᠯᠬᠤ ᠨᠢ᠃ ᠮᠠᠯ ᠳᠤ ᠬᠠᠶᠢᠷᠠᠲᠠᠢ᠂ | ᠭᠦᠳᠡᠯᠮᠦᠷᠢ ᠳᠤ ᠳᠤᠷᠠᠲᠠᠢ ᠬᠥᠮᠥᠨ ᠪᠠᠶᠠᠨ ᠴᠠᠳᠬᠤᠯᠠᠩ ᠠᠮᠢᠳᠤᠷᠠᠬᠤ ᠦᠭᠡᠢ ᠶᠠᠭᠠᠬᠢᠬᠤ ᠪᠤᠢ︕︾ ᠭᠡᠵᠦ | ᠤᠷᠮ᠎ᠠ ᠶᠢᠨ ᠦᠭᠡ ᠪᠠᠷ ᠱᠠᠩᠨᠠᠨ᠂ ᠭᠦᠳᠡᠯᠮᠦᠷᠢ ᠶᠢᠨ ᠤᠷᠢᠶ᠎ᠠ ᠪᠠᠷ ᠲᠠᠶᠢᠴᠢᠯᠠᠨ᠎ᠠ᠃ | | | ᠭᠦᠳᠡᠯᠮᠦᠷᠢ ᠶᠢᠨ ᠤᠷᠢᠶ᠎ᠠ ᠲᠠᠢ᠂ ᠲᠥᠯ ᠤᠨ ᠱᠠᠭᠢᠶᠠᠨ ᠲᠠᠢ ᠬᠠᠪᠤᠷ ᠠ᠋ ᠭᠡᠵᠦ ᠠᠮᠢᠳᠤᠷᠠᠯ ᠤᠨ | ᠴᠢᠪᠬᠠᠳᠠᠰᠤ ᠲᠠᠢ ᠮᠥᠩᠬᠡ ᠶᠢᠨ ᠳᠤᠷᠠᠰᠤᠮᠵᠢ ᠪᠤᠶᠤ︕ | | |