11 ᠲᠦᠷᠦᠯ ᠵᠦᠢᠯ 2024 ᠣᠨ ᠤ ᠬᠢᠲᠠᠳ ᠮᠣᠩᠭᠤᠯ ᠡᠮ ᠡᠮᠨᠡᠯᠭᠡ ᠶᠢᠨ ᠣᠨᠴᠠᠯᠢᠭᠲᠤ ᠵᠠᠰᠠᠯ ᠤᠨ ᠨᠡᠷᠡᠰ ᠲᠤ ᠵᠢᠭᠰᠠᠭᠠᠭᠳᠠᠪᠠ
ᠨᠡᠶᠢᠲᠡᠯᠡᠭᠰᠡᠨ ᠴᠠᠭ᠄
2024/3/4
     ᠰᠤᠷᠪᠤᠯᠵᠢᠯᠠᠬᠴᠢ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠠᠴᠠ ᠣᠶᠢᠯᠠᠭᠠᠭᠰᠠᠨ ᠢᠶᠠᠷ᠂ ᠣᠶᠢᠷ᠎ᠠ ᠶᠢᠨ ᠡᠳᠦᠷ ᠮᠠᠨ ᠤ ᠣᠷᠣᠨ ᠤ 11 ᠲᠦᠷᠦᠯ ᠵᠦᠢᠯ 2024 ᠣᠨ ᠤ ᠬᠢᠲᠠᠳ ᠮᠣᠩᠭᠤᠯ ᠡᠮ ᠡᠮᠨᠡᠯᠭᠡ ᠶᠢᠨ ᠣᠨᠴᠠᠯᠢᠭᠲᠤ ᠵᠠᠰᠠᠯ ᠤᠨ ᠨᠡᠷᠡᠰ ᠲᠤ ᠵᠢᠭᠰᠠᠭᠠᠭᠳᠠᠪᠠ᠃      ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ︽ᠳᠤᠮᠳᠠᠳᠤ ᠶᠢᠨ ᠡᠮ ᠡᠮᠨᠡᠯᠭᠡ ᠶᠢᠨ ᠤᠯᠠᠮᠵᠢᠯᠠᠯ ᠪᠠ ᠰᠢᠨ᠎ᠡ ᠶᠢ ᠡᠭᠦᠳᠦᠭᠰᠡᠨ ᠬᠥᠭᠵᠢᠯᠲᠡ ᠶᠢ ᠠᠬᠢᠭᠤᠯᠬᠤ ᠲᠤᠬᠠᠢ ᠰᠠᠨᠠᠯ︾ ᠵᠢᠴᠢ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ︽ᠬᠢᠲᠠᠳ ᠮᠣᠩᠭᠤᠯ ᠡᠮ ᠡᠮᠨᠡᠯᠭᠡ ᠶᠢᠨ ᠤᠯᠠᠮᠵᠢᠯᠠᠯ ᠪᠠ ᠰᠢᠨ᠎ᠡ ᠶᠢ ᠡᠭᠦᠳᠦᠭᠰᠡᠨ ᠬᠥᠭᠵᠢᠯᠲᠡ ᠶᠢ ᠠᠬᠢᠭᠤᠯᠬᠤ ᠲᠤᠬᠠᠢ ᠬᠡᠷᠡᠭᠵᠢᠭᠦᠯᠬᠦ ᠰᠠᠨᠠᠯ︾ ᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠤᠯᠠᠮᠵᠢᠯᠠᠯᠲᠤ ᠬᠢᠲᠠᠳ ᠮᠣᠩᠭᠤᠯ ᠡᠮ ᠡᠮᠨᠡᠯᠭᠡ ᠶᠢᠨ ᠣᠨᠴᠠᠯᠢᠭᠲᠤ ᠵᠠᠰᠠᠯ ᠢ ᠳᠡᠯᠭᠡᠷᠡᠭᠦᠯᠦᠨ᠂ ᠬᠢᠲᠠᠳ ᠮᠣᠩᠭᠤᠯ ᠡᠮ ᠡᠮᠨᠡᠯᠭᠡ ᠶᠢᠨ ᠣᠨᠴᠠᠯᠢᠭᠲᠤ ᠵᠠᠰᠠᠯ ᠢ ᠴᠤᠭᠯᠠᠭᠤᠯᠤᠨ ᠡᠮᠬᠢᠳᠬᠡᠬᠦ ᠪᠠ ᠤᠯᠠᠮᠵᠢᠯᠠᠨ ᠬᠠᠮᠠᠭᠠᠯᠠᠬᠤ ᠶᠢ ᠴᠢᠩᠭᠠᠳᠬᠠᠬᠤ ᠶᠢᠨ ᠲᠥᠯᠥᠭᠡ᠂ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠠᠴᠠ ᠬᠢᠲᠠᠳ ᠮᠣᠩᠭᠤᠯ ᠡᠮ ᠡᠮᠨᠡᠯᠭᠡ ᠶᠢᠨ ᠣᠨᠴᠠᠯᠢᠭᠲᠤ ᠵᠠᠰᠠᠯ ᠢ ᠡᠯᠰᠡᠬᠦ ᠠᠵᠢᠯ ᠥᠷᠨᠢᠭᠦᠯᠦᠭᠰᠡᠨ ᠪᠠᠶᠢᠨ᠎ᠠ᠃ ᠲᠤᠰᠬᠠᠢ ᠮᠡᠷᠭᠡᠵᠢᠯᠲᠡᠨ ᠠᠴᠠ ᠠᠩᠬᠠᠨ ᠤ ᠰᠢᠯᠭᠠᠷᠠᠭᠤᠯᠤᠯᠲᠠ ᠬᠢᠬᠦ᠂ ᠲᠤᠬᠠᠢ ᠶᠢᠨ ᠲᠠᠯᠠᠪᠠᠢ ᠳᠤ ᠨᠣᠮ ᠬᠠᠶᠠᠯᠴᠠᠬᠤ᠂ ᠲᠤᠰᠬᠠᠢ ᠮᠡᠷᠭᠡᠵᠢᠯᠲᠡᠨ ᠠᠴᠠ ᠦᠨᠡᠯᠡᠬᠦ ᠵᠡᠷᠭᠡ ᠶᠠᠪᠤᠴᠠ ᠶᠢ ᠳᠠᠮᠵᠢᠨ᠂ ᠯᠢ ᠵᠢᠶᠦ᠋ᠨ ᠮᠢᠩ᠂ ᠯᠢ ᠢ ᠯᠢᠨ᠂ ᠯᠢ ᠬᠠᠢ ᠵᠢᠶᠦ᠋ᠨ᠂ ᠯᠢ ᠸᠠᠨ ᠱᠣ᠋ ᠵᠡᠷᠭᠡ ᠬᠥᠮᠥᠰ ᠤᠨ ᠡᠷᠡᠮᠡᠯᠵᠡᠨ ᠳᠡᠪᠰᠢᠭᠦᠯᠦᠭᠰᠡᠨ ᠬᠢᠲᠠᠳ ᠡᠮᠨᠡᠯᠭᠡ ᠶᠢᠨ ᠶᠠᠰᠤ ᠪᠠᠷᠢᠬᠤ ᠠᠷᠭ᠎ᠠ᠂ ᠪᠤᠤ ᠡᠷᠳᠡᠨᠢᠴᠣᠭᠲᠤ ᠶᠢᠨ ᠡᠷᠡᠮᠡᠯᠵᠡᠨ ᠳᠡᠪᠰᠢᠭᠦᠯᠦᠭᠰᠡᠨ ᠮᠣᠩᠭᠤᠯ ᠡᠮᠨᠡᠯᠭᠡ  ᠶᠢᠨ ᠪᠦᠯᠢᠶᠡᠨ ᠵᠡᠭᠦᠦ ᠪᠠᠷ ᠨᠣᠶᠢᠷ ᠬᠤᠯᠵᠢᠬᠤ ᠶᠢ ᠵᠠᠰᠠᠬᠤ ᠠᠷᠭ᠎ᠠ᠂ ᠵᠠᠩ ᠸᠧᠢ ᠴᠢ ᠶᠢᠨ ᠡᠷᠡᠮᠡᠯᠵᠡᠨ ᠳᠡᠪᠰᠢᠭᠦᠯᠦᠭᠰᠡᠨ ᠵᠠᠩ ᠣᠪᠣᠭᠲᠤ ᠶᠢᠨ ᠤᠯᠠᠮᠵᠢᠯᠠᠯᠲᠤ ᠶᠠᠰᠤ ᠪᠠᠷᠢᠬᠤ ᠠᠷᠭ᠎ᠠ᠂ ᠯᠢᠦᠢ ᠬᠠᠢ ᠵᠢᠶᠦ᠋ᠨ ᠤ ᠡᠷᠡᠮᠡᠯᠵᠡᠨ ᠳᠡᠪᠰᠢᠭᠦᠯᠦᠭᠰᠡᠨ ᠦᠷᠭᠡᠰᠤᠳᠤ ᠶᠠᠷ᠎ᠠ ᠶᠢ ᠡᠮᠨᠡᠬᠦ ᠠᠷᠭ᠎ᠠ᠂ ᠪᠤᠤ ᠵᠢᠷᠭᠠᠯ ᠤᠨ ᠡᠷᠡᠮᠡᠯᠵᠡᠨ ᠳᠡᠪᠰᠢᠭᠦᠯᠦᠭᠰᠡᠨ ᠠᠯᠠᠭᠠᠨ ᠶᠠᠰᠤᠨ ᠤ ᠪᠡᠷᠳᠡᠯ ᠢ ᠡᠮᠨᠡᠬᠦ ᠠᠷᠭ᠎ᠠ᠂ ᠤᠶᠤᠨ ᠤ ᠡᠷᠡᠮᠡᠯᠵᠡᠨ ᠳᠡᠪᠰᠢᠭᠦᠯᠦᠭᠰᠡᠨ ᠲᠥᠭᠡᠨᠡᠬᠦ ᠵᠠᠰᠠᠯ ᠢᠶᠠᠷ ᠠᠯᠠᠭ ᠮᠠᠷᠢᠶ᠎ᠠ  ᠶᠢ ᠡᠮᠨᠡᠬᠦ ᠠᠷᠭ᠎ᠠ᠂ ᠴᠧᠨ ᠭᠤᠸᠠᠩ ᠲᠤᠤ ᠶᠢᠨ ᠡᠷᠡᠮᠡᠯᠵᠡᠨ ᠳᠡᠪᠰᠢᠭᠦᠯᠦᠭᠰᠡᠨ ᠴᠧᠨ ᠣᠪᠣᠭᠲᠤ ᠶᠢᠨ ᠶᠠᠰᠤᠨ ᠤ ᠡᠪᠡᠳᠴᠢᠨ ᠢ ᠵᠠᠰᠠᠬᠤ ᠤᠯᠠᠮᠵᠢᠯᠠᠯᠲᠤ ᠠᠷᠭ᠎ᠠ᠂ ᠭᠤᠤ ᠶᠠᠨ ᠵᠢᠶᠦ᠋ᠨ ︵ᠪᠤᠤ ᠰᠢᠨ︶ ᠤ ᠡᠷᠡᠮᠡᠯᠵᠡᠨ ᠳᠡᠪᠰᠢᠭᠦᠯᠦᠭᠰᠡᠨ ᠮᠣᠩᠭᠤᠯ ᠡᠮᠨᠡᠯᠭᠡ ᠶᠢᠨ ᠶᠠᠰᠤᠨ ᠤ ᠡᠪᠡᠳᠴᠢᠨ ᠢ ᠵᠠᠰᠠᠬᠤ ᠠᠷᠭ᠎ᠠ᠂ ᠰᠧᠬᠤᠸᠠᠷ ᠤᠨ ᠡᠷᠡᠮᠡᠯᠵᠡᠨ ᠳᠡᠪᠰᠢᠭᠦᠯᠦᠭᠰᠡᠨ ᠮᠣᠩᠭᠤᠯ ᠡᠮᠨᠡᠯᠭᠡ ᠶᠢᠨ ᠲᠥᠭᠡᠨᠡᠬᠦ ᠵᠠᠰᠠᠯ ᠤᠨ ᠠᠷᠭ᠎ᠠ᠂ ᠰᠠᠷᠠᠨᠴᠡᠴᠡᠭ ᠤᠨ ᠡᠷᠡᠮᠡᠯᠵᠡᠨ ᠳᠡᠪᠰᠢᠭᠦᠯᠦᠭᠰᠡᠨ ᠤᠯᠠᠭᠠᠨ ᠰᠤᠬᠠᠢ ᠪᠠᠷ ᠲᠥᠭᠡᠨᠡᠬᠦ ᠵᠠᠰᠠᠯ ᠤᠨ ᠠᠷᠭ᠎ᠠ᠂ ᠨᠠᠮᠤᠭᠤᠬᠠᠨ ᠤ ᠡᠷᠡᠮᠡᠯᠵᠡᠨ ᠳᠡᠪᠰᠢᠭᠦᠯᠦᠭᠰᠡᠨ ᠤᠯᠠᠮᠵᠢᠯᠠᠯᠲᠤ ᠮᠣᠩᠭᠤᠯ ᠡᠮᠨᠡᠯᠭᠡ ᠶᠢᠨ ᠬᠤᠣᠰ ᠲᠣᠭᠤᠭ᠎ᠠ ᠶᠢᠨ ᠡᠮ ᠤᠨ ᠱᠥᠯᠥ ᠪᠠᠷ ᠵᠠᠰᠠᠬᠤ ᠠᠷᠭ᠎ᠠ ᠵᠡᠷᠭᠡ 11 ᠲᠦᠷᠦᠯ ᠵᠦᠢᠯ 2024 ᠣᠨ ᠤ ᠬᠢᠲᠠᠳ ᠮᠣᠩᠭᠤᠯ ᠡᠮ ᠡᠮᠨᠡᠯᠭᠡ ᠶᠢᠨ ᠣᠨᠴᠠᠯᠢᠭᠲᠤ ᠵᠠᠰᠠᠯ ᠢᠶᠠᠷ ᠰᠣᠩᠭᠤᠭᠳᠠᠵᠠᠢ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号