ᠶᠡᠭᠡ ᠲᠦᠷᠭᠡᠨ ᠭᠤᠣᠯ ᠤᠨ ᠬᠠᠪᠤᠷ ᠤᠨ ᠠᠶᠢᠵᠠᠮ
ᠨᠡᠶᠢᠲᠡᠯᠡᠭᠰᠡᠨ ᠴᠠᠭ᠄
2024/3/15
     ᠬᠠᠭᠳᠠ ᠬᠥᠬᠡᠷᠡᠨ ᠬᠠᠶᠢᠯ ᠤᠨ ᠤᠰᠤᠨ ᠮᠡᠯᠮᠡᠷᠡᠵᠦ᠂ ᠶᠡᠭᠡ ᠲᠦᠷᠭᠡᠨ ᠭᠤᠣᠯ ᠳᠤ ᠨᠡᠭᠦᠳᠡᠯ ᠤᠨ ᠰᠢᠪᠠᠭᠤᠳ ᠴᠤᠭᠯᠠᠷᠠᠨ ᠠᠮᠢᠯᠠᠯ ᠡᠰᠡᠨᠢᠯ ᠢ ᠬᠥᠭᠵᠢᠮᠳᠡᠨ᠎ᠡ᠃ ᠴᠠᠭ ᠤᠯᠠᠷᠢᠯ ᠢ ᠰᠢᠨᠵᠢᠨ᠂ ᠵᠢᠯ ᠤᠨ ᠥᠩᠭᠡ ᠣᠨ ᠤ ᠰᠢᠨᠵᠢ ᠶᠢ ᠰᠤᠪᠢᠵᠤ ᠰᠠᠭᠤᠳᠠᠭ ᠠᠬᠠᠮᠠᠳ ᠤᠨ ︽ᠡᠨᠡ ᠵᠢᠯ ᠤᠭᠲᠤᠮᠵᠢ ᠡᠷᠲᠡ ᠪᠠᠶᠢᠬᠤ ᠳ᠋ᠠ︾ ᠭᠡᠰᠡᠨ ᠵᠣᠭᠤᠭ ᠲᠠᠷᠢᠬᠢᠨ ᠳᠤ ᠭᠢᠯᠠᠰᠬᠢᠨ ᠪᠠᠭᠤᠵᠤ᠂ ᠦᠷᠡᠵᠢᠯ ᠲᠥᠯᠵᠢᠯ ᠲᠠᠢ ᠬᠠᠪᠤᠷ ᠴᠠᠭ ᠬᠠᠶᠠᠭᠠᠨ ᠳᠤ ᠪᠠᠭᠤᠭᠰᠠᠨ ᠢ ᠡᠷᠬᠡ ᠦᠭᠡᠢ ᠮᠡᠳᠡᠷᠡᠨ᠂ ᠭᠤᠣᠯ ᠤᠨ ᠬᠥᠪᠡᠭᠡᠨ ᠳᠤ ᠠᠶᠠᠲᠠᠶᠢᠬᠠᠨ ᠰᠣᠨᠣᠰᠳᠠᠬᠤ ᠤᠰᠤᠨ ᠤ ᠴᠢᠮᠡᠭᠡ ᠰᠢᠪᠠᠭᠤᠳ ᠤᠨ ᠭᠠᠩᠭᠠᠨᠠᠭᠠᠨ ᠢ ᠴᠢᠩᠨᠠᠨ ᠪᠠᠭ᠋ᠠᠨ ᠵᠠᠭᠤᠷ᠎ᠠ ᠰᠠᠭᠤᠯ᠎ᠠ᠃
ᠠᠶᠠᠨ ᠤ ᠴᠢᠯᠡᠭᠡ ᠪᠠᠨ ᠲᠠᠶᠢᠯᠤᠭᠰᠠᠨ ᠳᠡᠪᠳᠡᠷᠢᠯ
ᠤᠰᠤᠨ ᠳᠤ ᠱᠤᠩᠪᠠᠭ᠋ᠤ ᠶᠢᠨ ᠵᠢᠷᠭᠠᠯ
ᠥᠭᠶᠥᠭᠡ ᠪᠤᠯᠢᠶᠠᠯᠳᠤᠭᠰᠠᠨ ᠲᠡᠮᠡᠴᠡᠭᠡᠨ
ᠲᠤᠩᠭᠠᠯᠠᠭ ᠨᠠᠭᠤᠷ ᠲᠤ ᠴᠤᠭᠯᠠᠷᠠᠭᠰᠠᠨ ︵ᠦᠢᠮᠡᠭᠡᠨ︶
ᠬᠠᠪᠤᠷ ᠤᠨ ᠤᠰᠤᠨ ᠤ ᠠᠶᠢᠵᠠᠮ      ᠬᠥᠬᠡ ᠳᠡᠭᠡᠯᠡᠢ᠂ ᠪᠣᠷᠣ ᠭᠠᠯᠠᠭᠤ᠂ ᠬᠤᠨ᠂ ᠴᠠᠬᠤᠯᠠᠢ᠂ ᠠᠩᠭᠢᠷ᠂ ᠠᠯᠠᠭ ᠨᠤᠭᠤᠰᠤ᠂ ᠬᠠᠯᠵᠠᠨ ᠬᠠᠷᠤᠤᠨ᠎ᠠ ᠁ ᠭᠠᠩᠭᠠᠷ ᠭᠤᠩᠭᠤᠷ ᠳᠤᠤᠭᠠᠷᠤᠨ᠂ ᠢᠳᠡᠰᠢ ᠡᠷᠢᠨ ᠡᠷᠬᠡ ᠲᠠᠪᠠᠲᠠᠢ ᠲᠡᠪᠳᠡᠷᠢᠯᠳᠦᠨ᠎ᠡ᠃ ᠭᠤᠣᠯ ᠤᠨ ᠭᠦᠪᠡᠭᠡ ᠪᠠᠷ ᠬᠤᠳᠠ ᠶᠢᠨ ᠠᠷᠠᠳ ᠰᠡᠯᠡᠭᠦᠴᠡᠨ ᠵᠤᠭᠠᠯᠠᠵᠤ᠂ ᠲᠡᠭᠦᠨ ᠤ ᠴᠠᠭᠠᠨ᠎ᠠ ᠥᠨᠳᠥᠷ ᠰᠦᠷᠯᠢᠭ ᠠᠰᠠᠷ ᠲᠠᠭᠲᠤ ᠰᠡᠬᠦᠶᠢᠨ ᠰᠦᠨᠳᠡᠷᠯᠡᠵᠦ᠂ ᠬᠥᠮᠥᠨ ᠪᠠᠶᠢᠭᠠᠯᠢ ᠵᠢᠭᠦᠷᠲᠡᠨ ᠤᠷᠭᠤᠮᠠᠯ ᠤᠨ ᠡᠶ᠎ᠡ ᠵᠣᠬᠢᠴᠠᠩᠭᠤᠢ ᠳᠦᠷᠢ ᠵᠢᠷᠤᠭ ᠬᠤᠪᠢ ᠶᠢᠨ ᠭᠠᠳᠠᠨ᠎ᠠ ᠡᠭᠡᠯᠢᠲᠡᠢ ᠬᠠᠷᠠᠭᠳᠠᠨ᠎ᠠ᠃ ᠭᠦᠭᠡᠬᠤᠳᠠ ᠶᠢᠨ ᠶᠡᠭᠡ ᠲᠦᠷᠭᠡᠨ ᠭᠤᠣᠯ ᠳᠠᠭᠠᠤ ᠤᠯᠠᠨ ᠦᠢᠯᠡᠳᠪᠦᠷᠢ ᠪᠠᠶᠢᠳᠠᠭ ᠪᠤᠯᠪᠠᠴᠤ ᠠᠮᠢ ᠠᠬᠤᠢ ᠶᠢᠨ ᠬᠠᠮᠠᠭᠠᠯᠠᠯᠲᠠ ᠪᠣᠯᠣᠨ ᠠᠵᠤ ᠠᠬᠤᠢ ᠶᠢᠨ ᠬᠥᠭᠵᠢᠭᠦᠯᠦᠯᠲᠡ ᠶᠢ ᠵᠣᠬᠢᠴᠠᠭᠤᠯᠤᠨ ᠬᠥᠭᠵᠢᠭᠦᠯᠦᠭᠰᠡᠨ ᠠᠴᠠ ᠭᠦᠭᠡᠬᠤᠳᠠ ᠶᠢᠨ ᠡᠷᠭᠢᠨ ᠲᠣᠭᠤᠷᠢᠨ ᠤ ᠠᠮᠢ ᠠᠬᠤᠢ ᠤᠯᠠᠮ ᠠᠴᠠ ᠰᠠᠶᠢᠵᠢᠷᠠᠵᠤ᠂ ᠥᠩᠭᠡ ᠦᠵᠡᠮᠵᠢ ᠤᠯᠠᠮ ᠪᠠᠶᠠᠯᠢᠭᠵᠢᠵᠤ᠂ ᠬᠤᠳᠠ ᠶᠢᠨ ᠠᠷᠠᠳ ᠬᠢᠭᠡᠳ ᠵᠢᠭᠤᠯᠴᠢᠯᠠᠬᠰᠠᠳ ᠤᠨ ᠲᠣᠭᠤᠷᠢᠨ ᠵᠤᠭᠠᠯᠠᠬᠤ ᠳᠤ ᠲᠠᠭᠠᠯᠠᠮᠵᠢᠲᠠᠢ ᠣᠷᠴᠢᠨ ᠨᠥᠬᠦᠴᠡᠯ ᠢ ᠡᠭᠦᠳᠴᠦ ᠥᠭᠭᠦᠭᠰᠡᠨ ᠢᠶᠠᠷ ᠦᠯᠦ ᠪᠠᠷᠠᠮ ᠠᠭᠠᠷ ᠤᠰᠤᠨ ᠤ ᠶᠠᠰᠤ ᠴᠢᠨᠠᠷ ᠢ ᠤᠯᠠᠮ ᠰᠠᠶᠢᠵᠢᠷᠠᠭᠤᠯᠤᠨ᠂ ᠣᠳᠣᠬᠢᠴᠢᠯᠠᠭᠰᠠᠨ ᠭᠦᠭᠡᠬᠤᠳᠠ ᠶᠢᠨ ᠨᠡᠷ᠎ᠡ ᠠᠯᠳᠠᠷᠰᠢᠯ ᠢ ᠤᠯᠠᠮ ᠮᠠᠨᠳᠤᠭᠤᠯᠵᠠᠢ᠃ ᠲᠡᠷᠡ ᠰᠠᠶᠢᠬᠠᠨ ᠦᠵᠡᠮᠵᠢ ᠳᠤᠨᠢ ᠬᠥᠮᠥᠨ᠂ ᠰᠢᠪᠠᠭᠤ ᠵᠡᠷᠭᠡ ᠪᠠᠷ ᠲᠠᠲᠠᠭᠳᠠᠨ ᠰᠣᠭᠲᠣᠭᠤᠷᠠᠭᠰᠠᠨ ᠨᠢ ᠬᠠᠪᠤᠷ ᠤᠨ ᠡᠳᠦᠷ ᠤᠨ ᠨᠢᠭᠡᠨ ᠭᠤᠶᠢᠳᠠ ᠵᠢᠷᠤᠭ ᠪᠣᠯᠪᠠ᠃      ᠲᠡᠷᠡ ᠬᠤᠯᠠ᠂ ᠲᠡᠭᠷᠢ ᠶᠢᠨ ᠬᠠᠶᠠᠭᠠᠨ ᠠᠴᠠ ᠮᠢᠨᠳᠠᠰᠤᠨ ᠴᠠᠭᠠᠨ ᠡᠭᠦᠯᠡ ᠭᠦᠪᠦᠯᠵᠡᠨ ᠰᠡᠮᠡᠷᠡᠵᠦ᠂ ᠰᠠᠯᠬᠢᠨ ᠤ ᠠᠶ᠎ᠠ ᠪᠠᠷ ᠰᠡᠮ ᠰᠡᠮᠭᠡᠨ ᠨᠡᠭᠦᠳᠡᠯᠯᠡᠨ᠎ᠡ᠃ ᠬᠡᠵᠢᠶ᠎ᠡ ᠴᠤ ᠦᠯᠦ ᠬᠤᠪᠢᠷᠠᠬᠤ ᠬᠥᠮᠥᠨ ᠤ ᠰᠠᠶᠢᠬᠠᠨ ᠠᠷᠠᠨᠰᠢᠨ ᠮᠡᠲᠦ ᠬᠥᠬᠡ ᠣᠭᠲᠠᠷᠭᠤᠢ ᠴᠡᠯᠡᠶᠢᠨ ᠴᠡᠯᠡᠶᠢᠵᠦ᠂ ᠨᠡᠭᠦᠳᠡᠯ ᠤᠨ ᠰᠢᠪᠠᠭᠤᠳ᠂ ᠨᠠᠭᠠᠰᠢ ᠴᠠᠭᠠᠰᠢ ᠨᠢᠰᠤᠨ ᠪᠠᠭᠤᠬᠤ ᠨᠢᠰᠬᠡᠯ᠂ ᠬᠤᠨ ᠴᠠᠭᠠᠨ ᠡᠭᠦᠯᠡ ᠲᠠᠢ ᠨᠡᠶᠢᠯᠡᠭᠡᠳ ᠰᠡᠳᠬᠢᠯ ᠠᠷᠢᠭᠤᠰᠬᠠᠨ ᠪᠠᠶᠢᠯ᠎ᠠ᠃ ᠵᠠᠰᠠᠮᠠᠯ ᠵᠠᠮ ᠢᠶᠠᠷ ᠡᠯᠳᠡᠪ ᠮᠠᠰᠢᠨ ᠵᠢᠷᠢᠯᠵᠡᠲᠡᠯ᠎ᠡ ᠳᠠᠪᠬᠢᠨ᠂ ᠬᠦᠰᠡᠯ ᠤᠨ ᠭᠠᠵᠠᠷ ᠢᠶᠠᠨ ᠵᠣᠷᠢᠨ᠎ᠠ᠃ ᠬᠠᠪᠤᠷ ᠤᠨ ᠨᠠᠷᠠᠨ ᠠᠭᠤᠯᠠ ᠶᠢᠨ ᠲᠣᠯᠣᠭᠠᠢ ᠰᠢᠭᠦᠷᠦᠨ ᠰᠢᠩᠭᠡᠬᠦ ᠳᠤ ᠶᠡᠭᠡ ᠲᠦᠷᠭᠡᠨ ᠭᠤᠣᠯ ᠳᠤ ᠨᠡᠭᠦᠳᠡᠯ ᠤᠨ ᠰᠢᠪᠠᠭᠤᠳ ᠰᠣᠯᠣᠩᠭ᠎ᠠ ᠲᠠᠲᠠᠭᠤᠯᠤᠨ ᠪᠠᠭᠤᠨ᠎ᠠ᠃ ᠬᠡᠨ ᠨᠢᠭᠡᠨ ᠲᠠᠢ ᠠᠭᠤᠯᠵᠠᠵᠤ ᠤᠴᠠᠷᠠᠮᠠᠷ ᠴᠤ ᠶᠤᠮ ᠰᠢᠭ᠋ ᠪᠤᠳᠤᠯ ᠣᠷᠣᠭᠰᠠᠨ ᠬᠠᠪᠤᠷ ᠤᠨ ᠰᠠᠶᠢᠬᠠᠨ ᠡᠳᠦᠷ ᠮᠠᠷᠭᠠᠰᠢ᠂ ᠨᠥᠭᠦᠭᠡᠳᠦᠷ᠂ ᠲᠡᠭᠦᠨ ᠠᠴᠠ ᠴᠠᠭᠠᠰᠢ ᠤᠯᠠᠨ ᠲᠣᠬᠢᠶᠠᠨ᠎ᠠ᠃ ᠬᠠᠪᠤᠷ ᠬᠠᠪᠤᠷ ᠢᠶᠠᠷ ᠢᠷᠡᠳᠡᠭ ᠨᠡᠭᠦᠳᠡᠯ ᠤᠨ ᠰᠢᠪᠠᠭᠤᠳ ᠦᠷᠡᠵᠢᠨ᠎ᠡ᠂ ᠨᠡᠭᠦᠨ᠎ᠡ᠃ ᠠᠮᠢ ᠠᠬᠤᠢ ᠶᠢᠨ ᠰᠠᠶᠢᠵᠢᠷᠠᠯᠲᠠ ᠶᠢ ᠮᠠᠭᠲᠠᠨ ᠳᠠᠭᠤᠯᠠᠨ ᠨᠡᠭᠦᠨ᠎ᠡ᠃
ᠬᠤᠨ ᠤ ᠤᠶᠠᠬᠠᠨ ᠨᠤᠷᠭᠢᠶ᠎ᠠ
ᠪᠠᠭ᠋ᠠᠷᠬᠠᠯ ᠢ ᠲᠠᠲᠠᠭᠰᠠᠨ ᠤᠬᠢᠶᠠᠯ
ᠤᠨᠠᠬᠤ ᠨᠠᠷᠠᠨ ᠢ ᠤᠭᠲᠤᠭᠰᠠᠨ ᠨᠡᠭᠦᠳᠡᠯ
ᠶᠡᠭᠡ ᠲᠦᠷᠭᠡᠨ ᠭᠤᠣᠯ ᠤᠨ ᠳᠤᠤᠯᠢᠶᠠᠨ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号