ᠰᠠᠶᠢᠬᠠᠨ ᠲᠣᠭᠤᠷᠢᠭ ᠤᠨ ᠤᠨ ᠤ ᠵᠢᠷᠤᠭ ᠤᠨ ᠦᠵᠡᠰᠬᠦᠯᠡᠩ ᠴᠢᠨᠡᠭᠡᠯᠢᠭ ᠠᠮᠢᠳᠤᠷᠠᠯ ᠤᠨ ᠰᠢᠨ᠎ᠡ ᠬᠠᠭᠤᠳᠠᠰᠤ ᠶᠢ ᠬᠠᠮᠲᠤ ᠪᠠᠷ ᠵᠢᠷᠤᠭᠯᠠᠪᠠ
ᠨᠡᠶᠢᠲᠡᠯᠡᠭᠰᠡᠨ ᠴᠠᠭ᠄
2024/2/6
       ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ  ᠢ ᠤᠯᠠᠮᠵᠢᠯᠠᠨ ᠪᠠᠳᠠᠷᠠᠭᠤᠯᠵᠤ᠂ ᠤᠮᠠᠷᠠᠲᠤ ᠬᠢᠯᠢ ᠶᠢᠨ ᠰᠣᠶᠣᠯ  ᠤᠨ ᠲᠦᠷᠦᠯ ᠲᠡᠮᠳᠡᠭ ᠢ ᠡᠭᠦᠳᠬᠦ ᠳᠤ ᠬᠦᠴᠦ ᠨᠡᠮᠡᠷᠢᠯᠡᠵᠦ᠂ ᠠᠷᠠᠳ ᠤᠯᠠᠨ ᠤ ᠤᠶᠤᠨ ᠤ ᠰᠣᠶᠣᠯ  ᠤᠨ ᠠᠮᠢᠳᠤᠷᠠᠯ  ᠢ ᠪᠠᠶᠠᠯᠢᠭᠵᠢᠭᠤᠯᠬᠤ ᠶᠢᠨ ᠲᠥᠯᠥᠭᠡ᠂ 2 ᠰᠠᠷ᠎ᠠ ᠶᠢᠨ 5 ᠤ ᠡᠳᠦᠷ᠂ ᠰᠠᠶᠢᠬᠠᠨ ᠲᠣᠭᠤᠷᠢᠭ ᠤᠨ ︽ᠴᠠᠭᠠᠨ ᠰᠠᠷ᠎ᠠ ᠶᠢᠨ ᠵᠢᠷᠤᠭ ᠤᠨ ᠤᠷᠠᠯᠢᠭ ᠢ ᠰᠣᠨᠢᠷᠬᠠᠵᠤ ᠤᠮᠠᠷᠠᠲᠤ ᠬᠢᠯᠢ ᠶᠢᠨ ᠰᠣᠶᠣᠯ ᠢ ᠮᠠᠨᠳᠤᠭᠤᠯᠬᠤ︾ ᠮᠠᠨ ᠤ ᠴᠢᠨᠡᠭᠡᠯᠢᠭ ᠠᠮᠢᠳᠤᠷᠠᠯ ᠤᠨ ᠤᠷᠠᠨ ᠵᠢᠷᠤᠭ ᠤᠨ ᠪᠦᠲᠦᠭᠡᠯ ᠤᠨ ᠦᠵᠡᠰᠬᠦᠯᠡᠩ ᠲᠣᠭᠤᠷᠢᠭ ᠤᠨ ᠰᠣᠶᠣᠯ  ᠤᠨ ᠣᠷᠳᠣᠨ ᠳᠤ ᠵᠢᠩᠬᠢᠨᠢ ᠪᠠᠷ ᠶᠠᠪᠤᠭᠳᠠᠪᠠ᠃
     ᠲᠤᠰ ᠤᠳᠠᠭᠠᠨ ᠤ ᠴᠠᠭᠠᠨ ᠰᠠᠷ᠎ᠠ ᠶᠢᠨ ᠵᠢᠷᠤᠭ ᠤᠨ ᠦᠵᠡᠰᠬᠦᠯᠡᠩ ᠳᠤ ᠪᠦᠬᠦ ᠤᠯᠤᠰ ᠤᠨ ᠡᠯ᠎ᠡ ᠭᠠᠵᠠᠷ ᠠᠴᠠ 30 ᠰᠢᠯᠢᠳᠡᠭ ᠰᠢᠨ᠎ᠡ ᠵᠢᠯ ᠤᠨ ᠵᠢᠷᠤᠭ ᠤᠨ ᠪᠦᠲᠦᠭᠡᠯ ᠢ ᠡᠯᠰᠡᠨ ᠰᠣᠩᠭᠤᠵᠤ᠂ ᠤᠯᠠᠨ ᠲᠦᠮᠡᠨ ᠤ ᠦᠵᠡᠵᠦ ᠰᠣᠨᠢᠷᠬᠠᠬᠤ ᠳᠤᠷᠠᠲᠠᠢ᠂ ᠥᠪᠡᠷᠮᠢᠴᠡ ᠲᠠᠲᠠᠬᠤ ᠬᠦᠴᠦᠨ ᠲᠠᠢ ᠴᠠᠭᠠᠨ ᠰᠠᠷ᠎ᠠ ᠶᠢᠨ ᠵᠢᠷᠤᠭ ᠢᠶᠠᠷ ᠳᠠᠮᠵᠢᠭᠤᠯᠤᠨ᠂ ᠰᠢᠨ᠎ᠡ ᠴᠠᠭ ᠦᠶ᠎ᠡ ᠶᠢᠨ ᠠᠷᠠᠳ ᠲᠦᠮᠡᠨ ᠤ ᠴᠢᠨᠡᠭᠡᠯᠢᠭ ᠠᠮᠢᠳᠤᠷᠠᠯ ᠤᠨ ᠰᠢᠨ᠎ᠡ ᠵᠢᠷᠤᠭ ᠲᠥᠰᠥᠪ ᠢ ᠵᠢᠷᠤᠭᠯᠠᠵᠤ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠰᠢᠨ᠎ᠡ ᠦᠷ᠎ᠡ ᠪᠦᠲᠦᠭᠡᠯ ᠢ ᠢᠯᠡᠷᠡᠭᠦᠯᠵᠦ᠂ ᠬᠤᠳᠠ ᠬᠥᠳᠡᠭᠡ ᠶᠢ ᠠᠭᠤᠰᠤᠯᠴᠠᠭᠤᠯᠤᠨ ᠬᠥᠭᠵᠢᠭᠦᠯᠬᠦ ᠰᠢᠨ᠎ᠡ ᠳᠦᠷᠰᠦ ᠪᠠᠶᠢᠳᠠᠯ ᠢ ᠲᠤᠰᠬᠠᠵᠤ᠂ ᠪᠣᠯᠪᠠᠰᠤᠨ ᠡᠷᠡᠭᠦᠯ ᠰᠢᠨ᠎ᠡ ᠬᠡᠪ ᠰᠤᠷᠲᠠᠯ ᠢ ᠰᠠᠨᠠᠭᠠᠴᠢᠯᠠᠵᠤ᠂ ᠴᠠᠭᠠᠨ ᠰᠠᠷ᠎ᠠ ᠶᠢᠨ ᠵᠢᠷᠤᠭ ᠤᠨ ᠤᠷᠠᠯᠢᠭ ᠢᠶᠠᠷ ᠤᠯᠠᠮᠵᠢᠯᠠᠯᠲᠤ ᠪᠠᠶᠠᠷ ᠤᠨ ᠡᠳᠦᠷ ᠤᠨ ᠰᠣᠶᠣᠯ ᠤᠨ ᠠᠭᠤᠯᠤᠭᠳᠠᠬᠤᠨ ᠢ ᠬᠥᠭᠵᠢᠭᠡᠵᠦ᠂ ᠤᠯᠠᠮᠵᠢᠯᠠᠯᠲᠤ ᠪᠠᠶᠠᠷ ᠤᠨ ᠡᠳᠦᠷ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠤᠨ᠎ᠠ᠃
     ᠲᠤᠰ ᠤᠳᠠᠭᠠᠨ ᠤ ᠦᠵᠡᠭᠦᠯᠦᠯᠭᠡ ᠰᠠᠶᠢᠬᠠᠨ ᠲᠣᠭᠤᠷᠢᠭ ᠤᠨ ᠣᠶᠢᠷ᠎ᠠ ᠶᠢᠨ ᠵᠢᠯ ᠤᠳ ᠲᠤ ᠴᠣᠯᠭᠤᠷᠠᠨ ᠭᠠᠷᠤᠭᠰᠠᠨ ᠡᠯ᠎ᠡ ᠱᠠᠲᠤᠨ ᠤ᠂ ᠶᠣᠰᠣ ᠰᠤᠷᠲᠠᠬᠤᠨ ᠤ ᠵᠢᠱᠢᠶᠡᠴᠢ ᠪᠣᠯᠣᠨ ᠪᠣᠯᠪᠠᠰᠤᠨ ᠭᠡᠷ ᠪᠦᠯᠢ ᠶᠢᠨ ᠲᠥᠯᠥᠭᠡᠯᠡᠭᠴᠢᠳ ᠢ ᠣᠨᠴᠠᠭᠠᠶᠢᠯᠠᠨ ᠤᠷᠢᠵᠤ ᠲᠣᠭᠤᠷᠢᠨ ᠦᠵᠡᠭᠦᠯᠪᠡ᠃ ᠡᠨᠡ ᠨᠢ ᠦᠵᠡᠰᠬᠦᠯᠡᠩ ᠢ ᠳᠡᠮᠵᠢᠵᠦ ᠪᠠᠶᠢᠬᠤ ᠪᠠᠷ ᠪᠠᠷᠠᠬᠤ ᠦᠭᠡᠢ᠂ ᠨᠡᠩ ᠴᠤ ᠨᠡᠶᠢᠲᠡ  ᠶᠢᠨ ᠠᠰᠠᠷᠠᠮᠵᠢ  ᠶᠢᠨ ᠦᠢᠯᠡᠰ  ᠢ ᠰᠠᠨᠠᠭᠠᠴᠢᠯᠠᠵᠤ ᠪᠠᠶᠢᠭ᠎ᠠ ᠶᠠᠪᠤᠳᠠᠯ ᠪᠣᠯᠣᠨ᠎ᠠ᠃ ︽ᠣᠳᠣᠬᠠᠨ ᠳᠤ᠂ ᠣᠯᠠᠨ ᠲᠦᠮᠡᠨ ᠤ ᠨᠡᠶᠢᠲᠡ ᠶᠢᠨ ᠠᠰᠠᠷᠠᠮᠵᠢ ᠶᠢᠨ ᠤᠬᠠᠮᠰᠠᠷ ᠤᠯᠠᠮ ᠠᠴᠠ ᠤᠯᠠᠮ ᠴᠢᠩᠭᠠᠷᠠᠵᠤ ᠪᠠᠶᠢᠨ᠎ᠠ᠂ ᠪᠢ ᠴᠦ ᠴᠢᠳᠠᠯ ᠤᠨ ᠢᠶᠠᠨ ᠬᠢᠷᠢ ᠪᠠᠷ ᠨᠠᠩ ᠣᠯᠠᠨ ᠬᠥᠮᠥᠰ ᠢ ᠢᠳᠡᠪᠬᠢᠲᠡᠢ ᠪᠠᠷ ᠬᠠᠪᠰᠤᠷᠴᠤ ᠪᠠᠶᠢᠨ᠎ᠠ᠂ ᠠᠳᠡ ᠪᠢ ᠨᠠᠩ ᠣᠯᠠᠨ ᠨᠠᠶᠢᠵᠠ ᠨᠠᠷ ᠢ ᠥᠪᠥᠷ ᠮᠣᠩᠭᠤᠯ ᠤᠨ ᠬᠠᠶᠢᠷ᠎ᠠ ᠬᠠᠯᠠᠮᠵᠢ ᠶᠢᠨ ᠭᠡᠷ ᠪᠦᠯᠢ ᠶᠢᠨ ᠨᠡᠶᠢᠲᠡ ᠶᠢᠨ ᠠᠰᠠᠷᠠᠮᠵᠢ ᠶᠢᠨ ᠨᠡᠶᠢᠭᠡᠮᠯᠢᠭ ᠲᠤ ᠣᠷᠣᠯᠴᠠᠵᠤ᠂ ᠨᠡᠶᠢᠭᠡᠮ ᠳᠤ ᠬᠠᠮᠲᠤ ᠪᠠᠷ ᠨᠢᠭᠡ ᠬᠤᠪᠢ ᠬᠦᠴᠦᠨ ᠴᠢᠳᠠᠯ ᠢᠶᠠᠨ ᠡᠷᠭᠦᠬᠦ ᠶᠢ ᠤᠷᠢᠶᠠᠯᠠᠵᠤ ᠪᠠᠶᠢᠨ᠎ᠠ︾ ᠭᠡᠵᠦ ᠠᠷᠪᠠᠳᠤᠭᠠᠷ ᠬᠤᠭᠤᠴᠠᠭᠠᠨ ᠤ ᠬᠥᠬᠡᠬᠤᠲᠠ ᠶᠢᠨ ᠶᠣᠰᠣ ᠰᠤᠷᠲᠠᠬᠤᠨ ᠤ ᠵᠢᠱᠢᠶᠡᠴᠢ᠂ 2021 ᠣᠨ ᠤ ᠥᠪᠥᠷ ᠮᠣᠩᠭᠤᠯ ᠤᠨ ᠰᠠᠶᠢᠨ ᠬᠥᠮᠥᠨ ᠳ᠋ᠦ᠋ ᠴᠢᠶᠠᠨ ᠬᠡᠯᠡᠪᠡ᠃          ᠲᠣᠰ ᠤᠳᠠᠭᠠᠨ ᠤ ᠦᠵᠡᠭᠦᠯᠦᠯᠭᠡ ᠳᠤ ᠪᠢᠴᠢᠬᠠᠨ ᠨᠠᠶᠢᠵᠠ ᠨᠠᠷ ᠪᠣᠯᠣᠨ ᠭᠡᠷ ᠤᠨ ᠠᠬᠠᠮᠠᠳ ᠨᠠᠶᠢᠵᠠ ᠨᠠᠷ ᠢ ᠲᠤᠰᠬᠠᠶᠢᠯᠠᠨ ᠤᠷᠢᠵᠤ ᠴᠠᠭᠠᠨ ᠰᠠᠷ᠎ᠠ ᠶᠢᠨ ᠵᠢᠷᠤᠭ ᠤᠨ ᠦᠵᠡᠰᠬᠦᠯᠡᠩ ᠪᠣᠯᠣᠨ ︽ᠪᠢᠴᠢᠬᠠᠨ ᠵᠢᠷᠤᠭ ᠤᠨ ᠪᠢᠷ ᠢᠶᠠᠷ ᠤᠯᠤᠰ ᠢᠶᠠᠨ ᠬᠠᠶᠢᠷᠠᠯᠠᠬᠤ ᠬᠦᠰᠡᠯ ᠢ ᠵᠢᠷᠤᠭᠯᠠᠬᠤ︾ ᠰᠢᠨ᠎ᠡ ᠵᠢᠯ ᠤᠨ ᠵᠢᠷᠤᠭ ᠤᠨ ᠵᠣᠬᠢᠶᠠᠨ ᠪᠦᠲᠦᠭᠡᠯᠭᠡ ᠶᠢᠨ ᠪᠡᠶᠡᠴᠢᠯᠡᠨ ᠣᠶᠢᠯᠠᠭᠠᠬᠤ ᠠᠵᠢᠯᠯᠠᠭ᠎ᠠ ᠶᠢ ᠰᠣᠨᠢᠷᠬᠠᠭᠤᠯᠤᠭᠰᠠᠨ ᠪᠠᠶᠢᠨ᠎ᠠ᠃
     ︽ᠡᠨᠡ ᠤᠳᠠᠭᠠᠨ ᠤ ᠠᠵᠢᠯᠯᠠᠭ᠎ᠠ ᠨᠢ ᠴᠠᠭᠠᠨ ᠰᠠᠷ᠎ᠠ  ᠶᠢᠨ ᠵᠢᠷᠤᠭ ᠤᠨ ᠷᠢᠳᠢ ᠰᠢᠳᠢ  ᠶᠢ ᠨᠠᠳᠠ ᠳᠤ ᠭᠦᠨᠵᠡᠭᠡᠢ ᠮᠡᠳᠡᠷᠡᠭᠦᠯᠵᠡᠢ᠂ ᠡᠨᠡ ᠨᠢ ᠮᠢᠨᠤ ᠵᠣᠬᠢᠶᠠᠨ ᠪᠦᠲᠦᠭᠡᠯᠭᠡ ᠶᠢᠨ ᠠᠪᠢᠶᠠᠰ ᠪᠢᠯᠢᠭ ᠢ ᠬᠥᠭᠵᠢᠭᠡᠭᠰᠡᠨ ᠢᠶᠠᠷ ᠪᠠᠷᠠᠬᠤ ᠦᠭᠡᠢ᠂ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠤᠨ ᠥᠪᠡᠷᠮᠢᠴᠡ ᠬᠥᠭ ᠠᠶᠠᠰ  ᠢ ᠮᠡᠳᠡᠷᠡᠭᠦᠯᠦᠭᠰᠡᠨ ᠶᠤᠮ᠃ ᠴᠠᠭᠠᠨ ᠰᠠᠷ᠎ᠠ ᠶᠢᠨ ᠵᠢᠷᠤᠭ ᠤᠨ ᠵᠣᠬᠢᠶᠠᠨ ᠪᠦᠲᠦᠭᠡᠯᠭᠡ ᠳᠤ ᠣᠷᠣᠯᠴᠠᠬᠤ ᠶᠠᠪᠤᠴᠠ ᠳᠤ ᠪᠢ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠢ ᠨᠠᠩ ᠭᠦᠨᠵᠡᠭᠡᠢ ᠣᠶᠢᠯᠠᠭᠠᠭᠰᠠᠨ ᠶᠤᠮ᠂ ᠡᠨᠡ ᠪᠣᠯ ᠨᠢᠭᠡᠨ ᠤᠳᠠᠭᠠᠨ ᠤ ᠮᠠᠰᠢ ᠤᠳᠬ᠎ᠠ ᠠᠭᠤᠯᠭ᠎ᠠ ᠪᠦᠬᠦᠢ ᠥᠩᠭᠡᠷᠡᠯᠲᠡ ᠮᠥᠨ︾  ᠭᠡᠵᠦ 13 ᠨᠠᠰᠤᠲᠠᠢ ᠰᠢᠩ ᠢᠦᠢ ᠵᠢᠤᠸᠠᠨ ᠬᠡᠯᠡᠪᠡ᠃            ᠢᠷᠡᠯᠲᠡ᠄  ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ ᠰᠦᠯᠵᠢᠶ᠎ᠡ
 
ᠢᠷᠡᠯᠲᠡ᠄ ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号