ᠡᠨᠡ ᠭᠠᠴᠠᠭ᠎ᠠ 100 ᠲᠦᠮᠡᠨ ᠲᠥᠭᠦᠷᠢᠭ ᠤᠨ ᠠᠰᠢᠭ ᠣᠷᠣᠯᠭ᠎ᠠ ᠶᠢ ᠮᠠᠯᠴᠢᠳ ᠲᠤ ᠬᠤᠪᠢᠶᠠᠯ᠎ᠠ
ᠨᠡᠶᠢᠲᠡᠯᠡᠭᠰᠡᠨ ᠴᠠᠭ᠄
2024/2/5
     ᠰᠠᠷ᠎ᠠ ᠰᠢᠨ᠎ᠡ ᠶᠢᠨ ᠪᠠᠶᠠᠷ ᠣᠶᠢᠷᠠᠲᠤᠭᠰᠠᠨ ᠬᠥᠭᠵᠢᠶᠡᠨᠲᠦ ᠮᠥᠴᠡ ᠳᠤ ᠰᠢᠨ᠎ᠡ ᠪᠠᠷᠭᠤ ᠵᠡᠭᠦᠨ ᠬᠤᠰᠢᠭᠤᠨ ᠤ ᠬᠠᠨᠳᠠᠭᠠᠢ ᠰᠤᠮᠤᠨ ᠤ ᠨᠤᠮᠤᠨᠬᠠᠨᠪᠦ᠋ᠷᠢᠳᠤ ᠭᠠᠴᠠᠭ᠎ᠠ ᠬᠠᠮᠲᠤ ᠶᠢᠨ ᠠᠵᠤ ᠠᠬᠤᠢ ᠶᠢᠨ ᠠᠰᠢᠭ ᠤᠷᠤᠯᠭ᠎ᠠ ᠠᠴᠠ 100 ᠲᠦᠮᠡᠨ ᠲᠥᠭᠦᠷᠢᠭ ᠤᠨ ᠪᠡᠯᠡᠨ ᠮᠥᠩᠭᠦ ᠭᠠᠷᠭᠠᠵᠤ᠂ ᠭᠠᠴᠠᠭᠠᠨ ᠤ ᠬᠤᠷᠰᠢᠶᠠᠵᠢᠯ ᠳᠤ ᠬᠤᠪᠢ ᠣᠷᠣᠭᠤᠯᠤᠭᠰᠠᠨ 353 ᠭᠡᠰᠢᠭᠦᠨ ᠳᠤ ᠬᠤᠪᠢᠶᠠᠨ ᠥᠭᠴᠦ᠂ ᠬᠠᠮᠲᠤ ᠪᠠᠷ ᠥᠮᠴᠢᠯᠡᠬᠦ᠂ ᠬᠤᠷᠰᠢᠨ ᠡᠵᠡᠩᠨᠡᠬᠦ᠂ ᠠᠷᠠᠳᠴᠢᠯᠠᠯ ᠢᠶᠠᠷ ᠬᠠᠮᠢᠶᠠᠷᠬᠤ᠂ ᠠᠰᠢᠭ ᠤᠷᠤᠯᠭ᠎ᠠ ᠶᠢ ᠬᠠᠮᠲᠤ ᠪᠠᠷ ᠡᠳ᠋ᠯᠡᠬᠦ ᠬᠠᠷᠠᠯᠲᠠ ᠪᠠᠨ ᠪᠡᠶᠡᠯᠡᠭᠦᠯᠦᠭᠰᠡᠨ ᠪᠠᠶᠢᠨ᠎ᠠ᠃          ᠬᠠᠮᠲᠤ ᠶᠢᠨ ᠠᠵᠤ ᠠᠬᠤᠢ ᠶᠢᠨ ᠠᠰᠢᠭ ᠤᠷᠤᠯᠭ᠎ᠠ ᠶᠢᠨ ᠬᠤᠪᠢᠶᠠᠷᠢᠯᠠᠯᠲᠠ ᠶᠢᠨ ᠲᠤᠬᠠᠢ ᠶᠢᠨ ᠲᠠᠯᠠᠪᠠᠢ ᠳᠤ ᠮᠠᠯᠴᠢᠳ ᠴᠤᠭᠯᠠᠷᠠᠵᠤ᠂ ᠭᠦᠷ ᠬᠥᠭᠵᠢᠶᠡᠨ ᠢᠶᠠᠷ ᠪᠢᠯᠬᠠᠮ᠎ᠠ ᠪᠠᠶᠢᠯ᠎ᠠ᠃ ᠳᠤᠰ ᠭᠠᠴᠠᠭᠠᠨ ᠤ ᠬᠤᠷᠢᠭᠠᠳ ᠮᠠᠯᠴᠢᠨ ᠠᠷᠪᠠᠭᠠᠳ ᠳᠤᠬᠯᠠᠯᠳᠠ ᠭᠠᠷᠭᠠᠨ ᠭᠦᠭ ᠨᠡᠮᠡᠵᠦ᠂ ᠦᠳᠡᠯᠦᠭᠡ ᠪᠤᠭᠤᠷᠤᠯᠴᠤᠤᠯ ᠠᠴᠠ ᠥᠰᠪᠦᠷᠢ ᠶᠢᠨ ᠪᠠᠭᠠᠴᠤᠳ ᠭᠦᠷᠳᠡᠯ᠎ᠡ ᠤᠷᠠᠨ ᠨᠤᠭᠤᠯᠤᠭ᠎ᠠ ᠤᠶᠠᠬᠠᠨ ᠬᠤᠭᠤᠯᠠᠢ ᠪᠠᠷ ᠢᠶᠠᠨ ᠨᠤᠲᠤᠭ ᠤᠰᠤ ᠪᠠᠨ ᠮᠠᠭᠲᠠᠵᠤ ᠵᠢᠷᠭᠠᠯᠲᠤ ᠠᠮᠢᠳᠤᠷᠠᠯ ᠢᠶᠠᠨ ᠪᠠᠭ᠋ᠠᠳᠤᠨ ᠳᠠᠭᠤᠯᠠᠵᠠᠢ᠃            ᠮᠠᠯᠴᠢᠨ ᠪᠠᠲᠤᠮᠦ᠋ᠩᠬᠡ ᠶᠢᠨ ᠬᠢᠨ 150 ᠦᠬᠡᠷ ᠲᠠᠢ᠂ 5000 ᠮᠦ ᠪᠡᠯᠴᠢᠭᠡᠷ ᠬᠠᠳᠤᠯᠠᠩ ᠲᠠᠢ᠂ ᠭᠠᠴᠠᠭᠠᠨ  ᠳᠠᠭᠠᠨ ᠪᠣᠯ ᠮᠠᠯᠵᠢᠯ ᠤᠨ ᠳᠤᠮᠳᠠ ᠵᠡᠷᠭᠡ ᠶᠢᠨ ᠡᠷᠦᠭᠡ ᠶᠢᠨ ᠨᠢᠭᠡ᠃ ᠥᠨᠥᠳᠥᠷ ᠲᠡᠳᠡᠨ ᠤ 4 ᠠᠮᠠ ᠪᠦᠯᠢ ᠪᠠᠷ  ᠢᠶᠠᠨ ᠨᠡᠶᠢᠳᠡ 11200 ᠲᠥᠭᠦᠷᠢᠭ ᠬᠤᠪᠢᠶᠠᠨ ᠣᠯᠵᠤ᠂ ᠬᠥᠮᠥᠨ ᠳᠤᠮᠳᠠᠴᠢ ᠪᠠᠷ 2800 ᠲᠥᠭᠦᠷᠢᠭ ᠨᠣᠭᠳᠠᠵᠠᠢ᠃ ᠡᠨᠡ ᠮᠥᠩᠭᠦ ᠡᠪᠦᠯ ᠬᠠᠪᠤᠷ ᠤᠨ ᠮᠠᠯ ᠰᠦᠷᠦᠭ ᠤᠨ ᠮᠡᠨᠳᠦ ᠣᠨᠳᠣᠷᠠᠯᠳᠡ ᠳᠤ ᠶᠡᠬᠡᠬᠡᠨ ᠳᠡᠮᠵᠢᠯᠭᠡ ᠪᠣᠯᠣᠨ᠎ᠠ ᠭᠡᠵᠦ ᠳᠡᠷᠡ ᠪᠠᠶᠠᠷᠲᠠᠶᠢᠬᠠᠨ ᠶᠠᠷᠢᠵᠤ ᠪᠠᠶᠢᠯ᠎ᠠ᠃          ᠣᠶᠢᠷ᠎ᠠ ᠶᠢᠨ ᠵᠢᠯ ᠠᠴᠠ ᠨᠠᠭᠠᠰᠢ᠂ ᠨᠤᠮᠤᠨᠬᠠᠨᠪᠦ᠋ᠷᠢᠳᠤ ᠭᠠᠴᠠᠭ᠎ᠠ ᠠᠵᠠ ᠲᠤᠭᠢᠶᠠᠯ ᠢ ᠠᠮᠵᠢᠨ᠂ ᠭᠠᠴᠠᠭᠠᠨ ᠤ ᠬᠠᠮᠲᠤ ᠶᠢᠨ ᠠᠵᠤ ᠠᠬᠤᠢ ᠶᠢ ᠢᠳᠡᠪᠬᠢᠲᠡᠢ ᠰᠡᠷᠭᠦᠭᠡᠵᠦ᠂ ︽ᠡᠬᠢ ᠪᠠᠶᠠᠯᠢᠭ ᠢ ᠭᠦᠢᠴᠡᠳ ᠠᠰᠢᠭᠯᠠᠨ᠂ ᠬᠠᠮᠲᠤ ᠶᠢᠨ ᠡᠳ᠋ ᠬᠥᠷᠥᠩᠭᠡ ᠶᠢ ᠬᠤᠪᠢᠴᠠᠭᠠᠯᠠᠵᠦ᠂ ᠮᠠᠯᠴᠢᠳ ᠢ ᠬᠤᠪᠢ ᠣᠷᠣᠭᠤᠯᠤᠭᠴᠢ ᠪᠤᠯᠭᠠᠵᠤ᠂ ᠠᠰᠢᠭ ᠤᠷᠤᠯᠭ᠎ᠠ ᠶᠢ ᠬᠠᠮᠲᠤ ᠪᠠᠷ ᠭᠦᠷᠳᠡᠭᠦ︾ ᠰᠡᠳᠬᠢᠴᠡ ᠪᠠᠷ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠬᠤᠪᠢ ᠣᠷᠣᠭᠤᠯᠤᠭᠰᠠᠨ ᠬᠤᠷᠰᠢᠶᠠᠵᠢᠯ ᠤᠨ ᠬᠥᠭᠵᠢᠯᠲᠡ ᠶᠢᠨ ᠵᠠᠮ ᠢᠶᠠᠷ ᠵᠠᠮᠨᠠᠪᠠ᠃ ᠰᠣᠷᠪᠤᠯᠵᠢᠯᠠᠬᠴᠢ ᠶᠢᠨ ᠣᠶᠢᠯᠠᠭᠠᠭᠰᠠᠨ ᠢᠶᠠᠷ᠂ 2017 ᠣᠨ ᠳᠤ ᠨᠤᠮᠤᠨᠬᠠᠨᠪᠦ᠋ᠷᠢᠳᠤ ᠭᠠᠴᠠᠭ᠎ᠠ ᠳᠤ 20 ᠦᠨᠢᠶ᠎ᠡ ᠲᠠᠢ᠂ ᠵᠢᠯ ᠤᠨ ᠬᠠᠮᠲᠤ ᠶᠢᠨ ᠤᠷᠤᠯᠭ᠎ᠠ ᠵᠦᠪᠭᠡᠨ 4 ᠲᠦᠮᠡᠨ ᠲᠥᠭᠦᠷᠢᠭ ᠯᠠ ᠪᠠᠶᠢᠪᠠ᠃ ᠡᠨᠡ ᠬᠡᠳᠦᠨ ᠵᠢᠯ ᠬᠤᠳᠠ ᠶᠢᠨ ᠱᠠᠲᠤᠨ ᠤ ᠬᠠᠪᠰᠤᠷᠤᠨ ᠲᠡᠳᠬᠦᠬᠦ ᠪᠠᠶᠢᠭᠤᠯᠭ᠎ᠠ ᠪᠤᠯᠬᠤ ᠬᠥᠯᠥᠨ ᠪᠤᠶᠢᠷ ᠤᠨ ᠴᠡᠷᠢᠭ ᠤᠨ ᠬᠤᠪᠢᠶᠠᠷᠢ ᠲᠣᠭᠤᠷᠢᠭ ᠤᠨ ᠬᠦᠴᠦᠲᠡᠢ ᠳᠡᠮᠵᠢᠯᠭᠡ ᠶᠢ ᠣᠯᠵᠤ᠂ ᠭᠠᠴᠠᠭᠠᠨ ᠤ ᠬᠤᠶᠠᠷ ᠵᠥᠪᠯᠡᠯ ᠨᠢ ᠬᠠᠪᠰᠤᠷᠤᠨ ᠲᠡᠳᠬᠦᠬᠦ ᠪᠡᠯᠡ ᠮᠥᠩᠭᠦ ᠶᠢ ᠪᠦᠭᠦᠨ ᠢ ᠬᠠᠮᠲᠤ ᠶᠢᠨ ᠠᠵᠤ ᠠᠬᠤᠢ ᠶᠢ ᠬᠥᠭᠵᠢᠭᠦᠯᠬᠦ ᠳᠤ ᠬᠡᠷᠡᠭᠯᠡᠪᠡ᠃ ᠬᠡᠳᠦᠨ ᠵᠢᠯ ᠤᠨ ᠴᠢᠷᠮᠠᠶᠢᠯᠭ᠎ᠠ ᠪᠠᠷ ᠲᠠᠮᠵᠢᠨ᠂ ᠭᠠᠴᠠᠭᠠᠨ ᠤ ᠬᠠᠮᠲᠤ ᠶᠢᠨ ᠦᠬᠡᠷ ᠤᠨ ᠰᠦᠷᠦᠭ 210 ᠲᠣᠯᠣᠭᠠᠢ ᠪᠣᠯᠣᠨ ᠥᠰᠴᠡᠢ᠃ ᠭᠠᠴᠠᠭᠠᠨ ᠤ ᠬᠠᠮᠲᠤ ᠶᠢᠨ ᠠᠵᠤ ᠠᠬᠤᠢ ᠶᠢ ᠦᠷᠭᠦᠯᠵᠢᠯᠡᠨ ᠪᠤᠵᠠᠭᠠᠶᠢᠷᠠᠭᠤᠯᠬᠤ ᠶᠢᠨ ᠲᠥᠯᠥᠭᠡ᠂ 2022 ᠣᠨ ᠳᠤ ᠭᠠᠴᠠᠭᠠᠨ ᠤ ᠬᠤᠶᠠᠷ ᠵᠥᠪᠯᠡᠯ ᠬᠠᠮᠲᠤ ᠶᠢᠨ ᠠᠵᠤ ᠠᠬᠤᠢ ᠶᠢᠨ ᠠᠰᠢᠭ ᠤᠷᠤᠯᠭ᠎ᠠ ᠶᠢ ᠠᠰᠢᠭᠯᠠᠨ᠂ ᠰᠢᠯᠢ ᠶᠢᠨ ᠭᠤᠣᠯ ᠠᠶᠢᠮᠠᠭ ᠠᠴᠠ 500 ᠰᠢᠯᠢᠳᠡᠭ ᠡᠭᠦᠯᠳᠡᠷ ᠤᠨ ᠡᠮ᠎ᠡ ᠬᠤᠨᠢ ᠬᠤᠳᠠᠯᠳᠤᠨ ᠠᠪᠴᠤ᠂ ᠲᠣᠯᠤᠭ᠎ᠠ ᠲᠠᠪᠤ ᠶᠢᠨ ᠬᠠᠷᠢᠴᠠᠯ ᠢᠶᠠᠷ ᠮᠠᠯᠴᠢᠳ ᠲᠤ ᠬᠤᠪᠢᠶᠠᠨ ᠠᠷᠠᠴᠢᠯᠠᠭᠤᠯᠪᠠ᠃ ᠣᠳᠣ ᠪᠤᠯᠬᠤ ᠳᠤ᠂ ᠬᠤᠨᠢᠨ ᠰᠦᠷᠦᠭ ᠤᠨ ᠲᠤᠭ᠎ᠠ 650 ᠲᠣᠯᠣᠭᠠᠢ ᠳᠤ ᠬᠦᠷᠴᠦ᠂ ᠬᠠᠮᠲᠤ ᠶᠢᠨ ᠠᠵᠤ ᠠᠬᠤᠢ ᠶᠢᠨ ᠵᠢᠯ ᠤᠨ ᠤᠷᠤᠯᠭ᠎ᠠ 70 ᠲᠦᠮᠡᠨ ᠲᠥᠭᠦᠷᠢᠭ ᠢ ᠳᠠᠪᠠᠵᠤ᠂ ᠨᠤᠮᠤᠨᠬᠠᠪᠦ᠋ᠷᠢᠳᠤ ᠭᠠᠴᠠᠭ᠎ᠠ 2023 ᠣᠨ ᠳᠤ ᠪᠦᠭᠦ ᠣᠷᠣᠨ ᠤ ᠮᠠᠯᠵᠢᠬᠤ ᠲᠠᠷᠢᠶᠠᠯᠠᠬᠤ ᠣᠷᠣᠨ ᠤ ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢᠨ ᠵᠢᠱᠢᠶ᠎ᠡ ᠦᠵᠡᠭᠦᠯᠭᠦ ᠭᠠᠴᠠᠭ᠎ᠠ ︵ᠲᠣᠰᠬᠤᠨ︶ ᠪᠠᠷ ᠦᠨᠡᠯᠡᠭᠳᠡᠵᠡᠢ᠃            ᠨᠤᠮᠤᠨᠬᠠᠨᠪᠦ᠋ᠷᠢᠳᠤ ᠭᠠᠴᠠᠭ᠎ᠠ ᠶᠢᠨ ᠥᠨᠥᠳᠥᠷ ᠤᠨ ᠠᠮᠵᠢᠯᠲᠠ ᠶᠢ ᠶᠠᠷᠢᠬᠤ ᠳᠤ ᠭᠠᠴᠠᠭᠠᠨ ᠤ ᠨᠠᠮ ᠤᠨ ᠡᠭᠦᠷ ᠤᠨ ᠱᠦᠵᠢ ᠠᠯᠳᠠᠩᠭᠤᠸ᠎ᠠ ᠶᠢᠨ ᠵᠢᠳᠬᠦᠯ ᠴᠢᠷᠮᠠᠶᠢᠯᠭ᠎ᠠ ᠵᠠᠪᠠᠯ ᠳᠤᠷᠠᠳᠤᠭᠳᠠᠬᠤ ᠶᠣᠰᠣᠲᠠᠢ᠃ 2009 ᠣᠨ  ᠳᠤ ᠳᠡᠷᠡ ᠭᠠᠴᠠᠭᠠᠨ ᠤ ᠬᠤᠶᠠᠷ ᠵᠥᠪᠯᠡᠯ ᠤᠨ ᠠᠵᠢᠯ ᠢ ᠭᠠᠷᠳᠠᠨ ᠬᠢᠭᠰᠡᠨ ᠠᠴᠠ ᠨᠠᠭᠠᠰᠢ᠂ ᠮᠠᠯᠴᠢᠳ ᠢ ᠥᠷᠢ ᠰᠢᠷᠢ  ᠠᠴᠠ ᠨᠢ ᠭᠠᠷᠭᠠᠵᠤ᠂ ᠠᠮᠢᠳᠤᠷᠠᠯ ᠢ ᠨᠢ ᠰᠠᠶᠢᠵᠢᠷᠠᠭᠤᠯᠵᠤ᠂ ᠮᠠᠯᠵᠢᠬᠤ ᠦᠯᠡᠳᠪᠦᠷᠢᠯᠡᠯ ᠢᠶᠠᠨ ᠬᠥᠭᠵᠢᠭᠦᠯᠦᠶ᠎ᠡ ᠭᠡᠰᠡᠨ ᠵᠣᠷᠢᠯᠲᠠ ᠪᠠᠷ ᠡᠳᠦᠷ ᠰᠥᠨᠢ ᠭᠡᠵᠦ ᠢᠯᠭᠠᠯ ᠦᠭᠡᠢ᠂ ᠬᠦᠢᠲᠡᠨ ᠬᠠᠯᠠᠭᠤᠨ ᠢ ᠬᠠᠮᠢᠶᠠᠷᠤᠯ ᠦᠭᠡᠢ ᠴᠢᠷᠮᠠᠶᠢᠨ ᠠᠵᠢᠯᠯᠠᠭᠰᠠᠭᠠᠷ ᠢᠷᠡᠭᠰᠡᠨ ᠶᠤᠮ᠃ ︽ᠥᠰᠬᠦ ᠮᠠᠯ ᠤᠨ ᠥᠩᠭᠡ ᠨᠢᠭᠡ᠂ ᠥᠭᠡᠳᠡᠯᠡᠬᠦ ᠠᠶᠢᠯ ᠤᠨ ᠦᠭᠡ ᠨᠢᠭᠡ︾ ᠭᠡᠳᠡᠭᠴᠢᠯᠡᠨ᠂ ᠠᠯᠳᠠᠩᠭᠤᠸ᠎ᠠ ᠱᠦᠵᠢ ᠶᠢᠨ ᠳᠠᠭᠠᠭᠤᠯᠭ᠎ᠠ ᠳᠣᠣᠷ᠎ᠠ᠂ ᠨᠤᠮᠤᠨᠬᠠᠨᠪᠦ᠋ᠷᠢᠳᠤ ᠭᠠᠴᠠᠭᠠᠨ ᠤ ᠮᠠᠯᠴᠢᠳ ᠠᠵᠤ ᠠᠮᠢᠳᠤᠷᠠᠯ ᠳᠠᠭᠠᠨ ᠭᠠᠪᠰᠢᠭᠠᠶᠢᠯᠵᠦ᠂ ᠠᠶᠢᠯ ᠪᠦᠭᠦᠨ ᠢᠨᠢᠶᠡᠳᠦ ᠪᠠᠶᠠᠷ ᠢᠶᠠᠷ ᠬᠠᠯᠭᠢᠯᠠᠵᠤ᠂ ᠥᠭᠡᠳᠡ ᠲᠠᠢ ᠥᠩ ᠲᠠᠢ ᠰᠢᠨ᠎ᠡ ᠵᠢᠯ ᠢᠶᠠᠨ ᠤᠭᠲᠤᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号