ᠪᠠᠶᠠᠷᠯᠠᠩᠭᠤᠢ ᠠᠶᠠᠯᠠᠯ
ᠨᠡᠶᠢᠲᠡᠯᠡᠭᠰᠡᠨ ᠴᠠᠭ᠄
2024/2/28
     ᠡᠬᠡ ᠭᠠᠵᠠᠷ ᠬᠠᠪᠤᠷ ᠢᠷᠠᠵᠤ᠂ ᠮᠥᠰᠥ ᠴᠠᠰᠤ ᠠᠷᠢᠯᠵᠤ᠂ ᠰᠠᠶᠢᠬᠠᠨ ᠲᠣᠭᠤᠷᠢᠭ ᠤᠨ ᠭᠤᠷᠪᠠᠳᠤᠭᠠᠷ ᠬᠡᠦᠬᠡᠳ ᠤᠨ ᠴᠡᠴᠡᠷᠯᠢᠭ ᠤᠨ ᠪᠢᠴᠢᠬᠠᠨ ᠨᠠᠶᠢᠵᠠ ᠰᠢᠨ᠎ᠡ ᠵᠢᠯ ᠤᠨ ᠪᠠᠶᠠᠷ ᠪᠠᠭ᠋ᠠᠳᠤᠯ ᠢᠶᠠᠨ ᠡᠪᠦᠷᠯᠡᠨ᠂ ᠲᠡᠳᠡᠨ ᠤ ︽ᠪᠠᠶᠠᠷ ᠪᠠᠶᠠᠰᠬᠤᠯᠠᠩᠲᠤ ᠳᠠᠷᠤᠪᠴᠢ︾ ᠵᠶ᠋ᠡᠨ‌‍ᠲ᠋ᠠᠬᠢᠨ ᠡᠬᠢᠯᠡᠭᠦᠯᠪᠡ᠃
     ᠬᠡᠦᠬᠡᠳ ᠤᠨ ᠴᠡᠴᠡᠷᠯᠢᠭ ᠲᠤ ᠰᠠᠯᠬᠢ ᠰᠠᠯᠬᠢᠯᠠᠨ ᠢᠨᠢᠶᠡᠯᠳᠦᠵᠦ᠂ ᠭᠠᠵᠠᠷ ᠪᠣᠯᠭᠠᠨ ᠳᠤ ᠴᠥᠮ ᠪᠠᠶᠠᠷ ᠬᠦᠷ ᠲᠠᠢ᠂ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠠᠩᠬᠠᠨ ᠤ ᠡᠳᠦᠷ᠂ ᠶᠣᠰᠣᠯᠠᠯ ᠤᠨ ᠮᠡᠳᠡᠷᠡᠮᠵᠢ ᠪᠠᠷ ᠪᠢᠯᠬᠠᠭᠰᠠᠨ ᠰᠤᠷᠭᠠᠭᠤᠯᠢ ᠡᠬᠢᠯᠡᠬᠦ ᠠᠵᠢᠯᠯᠠᠭ᠎ᠠ ᠨᠢ ᠶᠠᠷᠢᠶᠠᠨ ᠦᠭᠡᠢ ᠳᠤᠲᠠᠭᠳᠠᠵᠤ ᠪᠣᠯᠣᠰᠢ ᠦᠭᠡᠢ᠂ ᠪᠢᠴᠢᠬᠠᠨ ᠨᠠᠶᠢᠵᠠ ᠨᠠᠷ ᠤᠨ ᠰᠤᠷᠭᠠᠭᠤᠯᠢ ᠶᠢᠨ ᠬᠦᠷᠢᠶᠡᠨ ᠳᠤ ᠪᠤᠴᠠᠬᠤ ᠶᠢ ᠤᠭᠲᠤᠬᠤ ᠶᠢᠨ ᠲᠥᠯᠥᠭᠡ᠂ ᠪᠠᠭᠰᠢ ᠨᠠᠷ ︽ᠤᠴᠠᠷᠠᠯ︾ ᠪᠠᠨ ᠨᠠᠷᠢᠨ ᠨᠢᠮᠪᠠᠢ ᠪᠡᠯᠡᠳᠬᠡᠪᠡ᠃
    ᠶᠡᠭᠡ ᠠᠩᠭᠢ ᠶᠢᠨ ᠬᠡᠦᠬᠡᠳ ᠤᠳ ᠥᠪᠡᠷ ᠤᠨ ᠬᠢᠭᠰᠡᠨ ︽ᠬᠦᠰᠡᠯ ᠡᠷᠡᠮᠡᠯᠵᠡᠯ ᠤᠨ ᠪᠢᠴᠢᠭ ᠤᠨ ᠱᠣᠰᠢᠭ᠎ᠠ︾ ᠪᠠᠨ ᠠᠪᠴᠤ ᠬᠡᠦᠬᠡᠳ ᠤᠨ ᠴᠡᠴᠡᠷᠯᠢᠭ ᠲᠤ ᠣᠷᠣᠵᠤ᠂ ︽ᠬᠦᠰᠡᠯ ᠤᠨ ᠬᠡᠷᠡᠮ︾ ᠳᠡᠭᠡᠷ᠎ᠡ ᠲᠡᠳᠡᠨ ᠤ ᠬᠦᠰᠡᠯ ᠡᠷᠡᠮᠡᠯᠵᠡᠯ ᠢ ᠡᠯᠭᠦᠵᠦ ᠪᠠᠶᠢᠨ᠎ᠠ᠃ ᠪᠠᠭ᠎ᠠ ᠠᠩᠭᠢ ᠶᠢᠨ ᠬᠡᠦᠬᠡᠳ ᠠᠪᠤ ᠡᠵᠢ ᠶᠢᠨ ᠰᠠᠶᠢᠨ ᠰᠠᠶᠢᠬᠠᠨ ᠵᠥᠩᠨᠡᠯ ᠪᠠ ᠦᠰᠦᠨ ᠪᠤᠶᠢᠵᠢᠯᠲᠠ ᠶᠢᠨ ᠬᠤᠭᠤᠴᠠᠭ᠎ᠠ ᠪᠠᠨ ︽ᠴᠠᠭ ᠬᠤᠭᠤᠴᠠᠭᠠᠨ ᠤ ᠬᠤᠮᠵᠢᠶ᠎ᠠ︾  ᠳᠤ ᠬᠢᠵᠦ ᠦᠰᠦᠨ ᠪᠤᠶᠢᠵᠢᠯᠲᠠ ᠶᠢᠨ ᠵᠠᠮ ᠮᠥᠷ ᠢᠶᠠᠨ ᠡᠬᠢᠯᠡᠭᠦᠯᠪᠡ᠃
     ᠲᠦᠮᠡᠨ ᠪᠣᠳᠠᠰ ᠠᠮᠢᠯᠠᠨ ᠰᠡᠷᠭᠦᠵᠦ᠂ ᠬᠥᠭᠵᠢᠨ ᠴᠡᠴᠡᠭᠯᠡᠵᠦ᠂ ᠪᠤᠢ ᠪᠦᠬᠦᠢ ᠪᠢᠴᠢᠬᠠᠨ ᠨᠠᠶᠢᠵᠠ ᠨᠠᠷ ᠤᠨ ᠦᠰᠦᠨ ᠪᠣᠶᠢᠵᠢᠬᠤ ᠵᠠᠮ ᠳᠡᠭᠡᠷ᠎ᠡ᠂ ᠰᠠᠶᠢᠨ ᠰᠠᠶᠢᠬᠠᠨ ᠲᠡᠰᠢ ᠤᠷᠤᠭᠰᠢᠯᠠᠵᠤ᠂ ᠴᠢᠷᠮᠠᠶᠢᠨ ᠲᠡᠮᠡᠴᠡᠵᠦ᠂ ᠬᠠᠮᠤᠭ ᠤᠨ ᠴᠤᠭ ᠪᠠᠳᠠᠷᠠᠩᠭᠤᠢ ᠳᠦᠷᠰᠦ ᠪᠠᠶᠢᠳᠠᠯ ᠢᠶᠠᠷ ᠵᠣᠯ ᠵᠢᠷᠭᠠᠯᠲᠤ ᠪᠠᠭ᠎ᠠ ᠨᠠᠰᠤ ᠪᠠᠨ ᠭᠡᠷᠡᠯᠳᠦᠬᠦᠯᠬᠦ ᠶᠢ ᠬᠦᠰᠡᠵᠦ ᠪᠠᠶᠢᠨ᠎ᠠ︕           ᠢᠷᠡᠯᠲᠡ᠄  ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ
 
ᠢᠷᠡᠯᠲᠡ᠄ ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号