ᠰᠢᠨ᠎ᠡ ᠣᠨ ᠢᠶᠠᠨ ᠤᠭᠲᠤᠶ᠎ᠠ
ᠨᠡᠶᠢᠲᠡᠯᠡᠭᠰᠡᠨ ᠴᠠᠭ᠄
2024/2/26
                               ᠵᠣᠬᠢᠶᠠᠭᠴᠢ᠄ ᠮ᠊ ·ᠴᠢᠩᠪᠠᠲᠤ        ᠰᠢᠨ᠎ᠡ ᠣᠨ ᠢᠶᠠᠨ - ᠰᠢᠵᠢᠷ ᠨᠠᠷᠠᠨ ᠤ ᠠᠯᠲᠠᠨ ᠰᠠᠴᠤᠷᠠᠭ ᠳᠡᠭᠡᠷ᠎ᠡ ᠰᠠᠮᠪᠠᠢ ᠬᠠᠲᠠᠬ ᠤᠨ ᠨᠠᠮᠢᠷᠠᠭᠠᠨ ᠲᠠᠢ ᠤᠭᠲᠤᠶ᠎ᠠ ᠰᠢᠨ᠎ᠡ ᠶᠢᠨ ᠪᠡᠯᠭᠡᠳᠡᠯ ᠮᠥᠩᠭᠦᠨ ᠠᠶᠠᠭᠠᠨ ᠳᠤ ᠠᠷᠠᠵᠠ ᠶᠢᠨ ᠮᠠᠯᠮᠠᠯᠵᠡᠭᠡᠨ ᠲᠠᠢ ᠤᠭᠲᠤᠶ᠎ᠠ ᠰᠢᠯᠢᠳᠡᠭ ᠠᠮᠵᠢᠯᠲᠠ ᠪᠠᠨ ᠪᠠᠶᠠᠷᠯᠠᠨ ᠪᠡᠯᠭᠡᠯᠡᠬᠦ ᠬᠠᠩᠭᠢᠨᠠᠮ᠎ᠠ ᠡᠭᠡᠰᠢᠭ ᠲᠠᠢ ᠤᠭᠲᠤᠶ᠎ᠠ ᠰᠢᠨᠲᠠᠷᠠᠰᠢ ᠦᠭᠡᠢ ᠣᠮᠤᠭ ᠡᠷᠴᠢᠯᠡᠬᠦ ᠬᠦᠰᠡᠯ ᠢᠲᠡᠭᠡᠯ ᠤᠨ ᠤᠶᠠᠩᠭ᠎ᠠ ᠲᠠᠢ ᠤᠭᠲᠤᠶ᠎ᠠ       ᠰᠢᠨ᠎ᠡ ᠣᠨ ᠢᠶᠠᠨ - ᠭᠡᠭᠡᠨ ᠲᠣᠷᠣᠨ᠎ᠠ ᠶᠢᠨ ᠠᠭᠤᠳᠠᠮ ᠨᠤᠲᠤᠭ ᠲᠤ ᠬᠠᠰ ᠤᠨ ᠴᠠᠰᠤᠨ ᠤ ᠴᠠᠶᠢᠯᠵᠠᠭ᠎ᠠ ᠲᠠᠢ ᠤᠭᠲᠤᠶ᠎ᠠ ᠬᠡᠭᠡᠮᠰᠦᠭ ᠡᠬᠡ ᠣᠷᠣᠨ ᠤ ᠥᠷᠥᠴᠡᠨ ᠳᠤ ᠬᠠᠶᠢᠷ᠎ᠠ ᠶᠢᠨ ᠤᠶᠠᠩᠭᠠᠨ ᠲᠠᠯᠠᠯᠭ᠎ᠠ ᠲᠠᠢ ᠤᠭᠲᠤᠶ᠎ᠠ ᠬᠡᠷᠡᠯᠳᠦ ᠣᠷᠴᠢᠯᠠᠩ ᠳᠤ ᠡᠩᠬᠡ ᠳᠠᠭᠤᠷᠢᠰᠬᠤ ᠠᠮᠵᠢᠯᠲᠠ ᠶᠢᠨ ᠳᠠᠭᠤᠯᠠᠯ ᠲᠠᠢ ᠤᠭᠲᠤᠶ᠎ᠠ ᠬᠡᠵᠢᠶ᠎ᠡ ᠡᠭᠦᠷᠢᠳᠡ ᠠᠮᠤᠭᠤᠯᠠᠩ ᠣᠷᠣᠰᠢᠬᠤ ᠠᠰᠢᠳᠠ ᠶᠢᠨ ᠵᠠᠶᠠᠭᠠᠨ ᠤ ᠠᠶᠢᠵᠠᠮ ᠲᠠᠢ ᠤᠭᠲᠤᠶ᠎ᠠ       ᠰᠢᠨ᠎ᠡ ᠣᠨ ᠢᠶᠠᠨ - ᠤᠬᠠᠭᠠᠨᠲᠤ ᠪᠤᠭᠤᠷᠤᠯ ᠨᠠᠰᠤᠲᠠᠳ ᠤᠨ ᠢᠷᠦᠭᠡᠯ ᠳᠤ ᠠᠵᠠ ᠵᠢᠷᠭᠠᠯ ᠤᠨ ᠪᠡᠯᠭᠡᠰᠢᠶᠡᠯ ᠲᠠᠢ ᠤᠭᠲᠤᠶ᠎ᠠ ᠣᠷᠲᠣ ᠶᠢᠨ ᠳᠠᠭᠤᠤ ᠶᠢᠨ ᠤᠷᠠᠨ ᠠᠶᠢᠵᠠᠮ ᠳᠤ ᠠᠷᠢᠭᠤᠨ ᠬᠦᠰᠡᠯ ᠤᠨ ᠲᠤᠶᠠᠭ᠎ᠠ ᠲᠠᠢ ᠤᠭᠲᠤᠶ᠎ᠠ ᠤᠴᠠᠷᠠᠯ ᠤᠨ ᠰᠠᠶᠢᠬᠠᠨ ᠨᠠᠶᠢᠵᠢ ᠶᠢᠨ ᠰᠡᠳᠬᠢᠯ ᠳᠤ ᠴᠤᠬ ᠵᠢᠪᠬᠤᠭ᠎ᠠ ᠲᠡᠭᠦᠰ ᠲᠡᠭᠦᠯᠳᠡᠷ ᠤᠭᠲᠤᠶ᠎ᠠ ᠤᠳᠤᠮ ᠰᠤᠳᠤᠷ ᠤᠨ ᠪᠠᠲᠤ ᠣᠷᠣᠰᠢᠬᠤ ᠰᠤᠷᠭᠠᠯ ᠳᠤ ᠣᠶᠣᠨ ᠪᠢᠯᠢᠭ ᠤᠨ ᠢᠯᠴᠢ ᠭᠡᠷᠡᠯ ᠲᠠᠢ ᠤᠭᠲᠤᠶ᠎ᠠ       ᠰᠢᠨ᠎ᠡ ᠣᠨ ᠢᠶᠠᠨ - ᠣᠨ ᠵᠠᠭᠤᠨ‌‍ᠤ ᠠᠷᠠᠨᠵᠠᠯ ᠭᠦᠯᠦᠭ ‍ᠤᠨ‌ᠮᠤᠨᠳᠠᠭᠠᠨ ᠳᠤ ᠬᠥᠭᠡᠮᠡᠢ ᠶᠢᠨ ᠤᠶᠠᠬᠠᠨ‌ᠢᠰᠭᠡᠷᠦᠭᠡ‌‍ᠲ᠋ᠠᠢ ᠤᠭᠲᠤᠶ᠎ᠠ ᠣᠷᠴᠢᠬᠤ ᠴᠠᠭ ᠤᠨ ᠠᠯᠳᠠᠩᠬᠠᠨ ᠬᠠᠷᠭᠤᠢ ᠳᠤ ᠭᠦᠷ ᠨᠠᠶᠢᠷ ᠤᠨ ᠢᠷᠠᠭᠤ ᠴᠢᠪᠬᠠᠳᠠᠰᠤ ᠲᠠᠢ ᠤᠭᠲᠤᠶ᠎ᠠ ᠦᠢᠯᠡᠰ ᠤᠨ ᠰᠠᠶᠢᠬᠠᠨ ᠬᠦᠰᠡᠯ ᠤᠨ ᠥᠨᠳᠥᠷ ᠲᠤ ᠬᠥᠭᠵᠢᠯ ᠴᠡᠴᠡᠭᠯᠡᠯ ᠤᠨ ᠪᠡᠯᠭᠡ ᠳᠡᠮᠪᠡᠷᠢᠯ ᠲᠠᠢ ᠤᠭᠲᠤᠶ᠎ᠠ ᠤᠷᠤᠭᠰᠢᠯᠠᠨ ᠲᠠᠪᠰᠢᠬᠤ ᠬᠥᠭᠵᠢᠯ ᠤᠨ ᠠᠶᠠᠨ ᠳᠤ ᠬᠥᠮᠥᠨ ᠠᠷᠠᠳ ᠤᠨ ᠪᠠᠶᠠᠷ ᠵᠢᠷᠭᠠᠯ ᠲᠠᠢ ᠤᠭᠲᠤᠶ᠎ᠠ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号