| | 2 ᠰᠠᠷ᠎ᠠ ᠶᠢᠨ 23 ᠤ ᠡᠳᠦᠷ᠂ ᠱᠤᠤ ᠴᠢ᠂ ᠯᠢ ᠪᠦᠸᠧ ᠶᠠᠨ᠂ ᠶᠠᠩ ᠯᠦᠩ ᠰᠢᠶᠣᠣ ᠪᠠᠷ ᠪᠦᠷᠢᠯᠳᠦᠭᠰᠡᠨ | ᠥᠪᠥᠷ ᠮᠣᠩᠭᠤᠯ ᠤᠨ ᠠᠩᠭᠢ ᠶᠢᠨ ᠭᠤᠷᠪᠠᠨ ᠬᠥᠮᠥᠨ ᠤ ᠳᠤᠭᠤᠶᠢᠯᠠᠩ ᠠᠷᠪᠠᠨ ᠳᠥᠷᠪᠡᠳᠦᠭᠡᠷ ᠬᠤᠭᠤᠴᠠᠭᠠᠨ ᠤ | ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠴᠢᠯᠦᠭᠡᠲᠦ ᠴᠠᠨᠠᠯᠠᠯᠳᠠ ᠶᠢᠨ | ᠣᠭᠲᠠᠷᠭᠤᠢ ᠶᠢᠨ ᠤᠷ᠎ᠠ ᠮᠡᠷᠭᠡᠵᠢᠯ ᠤᠨ ᠢᠯᠡ ᠳᠤᠭᠤᠶᠢᠯᠠᠩ ᠤᠨ ᠪᠦᠯᠭᠦᠮ ᠤᠨ ᠤᠷᠤᠯᠳᠤᠭᠠᠨ ᠳᠤ᠂ ᠣᠯᠢᠮᠫᠢᠺ ᠤᠨ | ᠲᠠᠮᠢᠷ ᠤᠨ ᠴᠤᠭᠯᠠᠭᠠᠨ ᠤ ᠲᠠᠮᠢᠷᠴᠢᠨ ᠰᠢᠦᠢ ᠮᠧᠩ ᠲᠤᠤ᠂ ᠵᠢᠶᠠ ᠽᠥᠩ ᠶᠠᠩ᠂ ᠸᠠᠩ ᠰᠢᠨ ᠳ᠋ᠢ ᠪᠠᠷ ᠪᠦᠷᠢᠯᠳᠦᠭᠰᠡᠨ | ᠯᠢᠶᠣᠤᠨᠢᠩ ᠤᠨ ᠠᠩᠭᠢ ᠶᠢ ᠢᠯᠠᠵᠤ᠂ 315.43 ᠬᠤᠪᠢ ᠪᠠᠷ ᠮᠠᠩᠯᠠᠶᠢᠯᠠᠪᠠ᠂ ᠯᠢᠶᠣᠤᠨᠢᠩ ᠤᠨ ᠠᠩᠭᠢ ᠪᠣᠯᠣᠨ | ᠭᠢᠷᠢᠨ ᠤ ᠠᠩᠭᠢ ᠲᠤᠰ ᠲᠤᠰ ᠮᠥᠩᠭᠦᠨ ᠮᠧᠳᠠᠯ᠂ ᠬᠦᠷᠡᠯ ᠮᠧᠳᠠᠯ ᠣᠯᠵᠠᠢ᠃ | | | ︽ᠮᠠᠨ ᠤ ᠪᠦᠯᠭᠦᠮ ᠤᠨ ᠨᠥᠬᠦᠳ ᠤᠨ ᠬᠢᠷᠢ ᠲᠦᠪᠰᠢᠨ ᠥᠨᠳᠥᠷ᠂ ᠡᠨᠡ ᠡᠳᠦᠷ ᠤᠨ ᠢᠯᠡᠷᠡᠯ ᠴᠦ ᠮᠠᠰᠢ | ᠰᠠᠶᠢᠨ᠂ ᠪᠢ ᠶᠡᠷᠦ ᠨᠢ ᠲᠠᠶᠢᠪᠤᠭᠤᠬᠠᠨ ᠤᠷᠤᠯᠳᠤᠬᠰᠠᠨ︾ ᠭᠡᠵᠦ ᠤᠷᠤᠯᠳᠤᠭᠠᠨ ᠤ ᠳᠠᠷᠠᠭ᠎ᠠ ᠶᠠᠩ ᠯᠦᠩ ᠰᠢᠶᠣᠣ | ᠬᠡᠯᠡᠨ᠎ᠡ᠃ ᠯᠢ ᠪᠦᠸᠧ ᠶᠠᠨ᠄︽ᠡᠨᠡ ᠡᠳᠦᠷ ᠤᠨ ᠬᠢᠷᠢ ᠪᠦᠲᠦᠮᠵᠢ ᠪᠣᠯ ᠮᠢᠨᠤ ᠬᠠᠮᠤᠭ ᠰᠠᠶᠢᠨᠦᠰᠦᠷᠦᠭᠰᠡᠨᠨᠢᠭᠡ | ᠤᠳᠠᠭ᠎ᠠ ᠪᠣᠯᠣᠨ᠎ᠠ᠃ ᠡᠨᠡ ᠪᠣᠯ ᠪᠦᠷ ᠪᠦᠯᠭᠦᠮ ᠨᠡᠶᠢᠳᠡ ᠶᠢᠨ ᠬᠦᠴᠦ ᠪᠣᠯᠣᠨ᠎ᠠ︾ ᠭᠡᠵᠦ ᠬᠡᠯᠡᠨ᠎ᠡ᠃ ︽ᠪᠢᠳᠡ | ᠭᠤᠷᠪᠠᠭᠤᠯᠠ ᠴᠥᠮ ᠤᠷᠢᠳ ᠢᠶᠠᠷ ᠥᠪᠡᠷ ᠤᠨ ᠪᠡᠯᠡᠳᠬᠡᠯ ᠢᠶᠠᠨ ᠰᠠᠶᠢᠲᠤᠷ ᠬᠢᠵᠦ᠂ ᠤᠷᠤᠯᠳᠤᠭᠠᠨ ᠤ ᠦᠶ᠎ᠡ ᠳᠤ | ᠥᠪᠡᠷ ᠤᠨ ᠬᠠᠮᠤᠭ ᠤᠨ ᠰᠠᠶᠢᠨ ᠬᠢᠷᠢ ᠲᠦᠪᠰᠢᠨ ᠢᠶᠠᠨ ᠪᠠᠳᠠᠷᠠᠭᠤᠯᠤᠭᠰᠠᠨ︾ ᠭᠡᠵᠦ ᠱᠣᠣ ᠴᠢ ᠪᠠᠶᠠᠷᠲᠠᠶᠢᠬᠠᠨ | ᠶᠠᠷᠢᠨ᠎ᠠ᠃ | | | | | | ᠪᠡᠯᠡᠳᠬᠡᠯ ᠤᠷᠤᠯᠳᠤᠭᠠᠨ ᠳᠤ᠂ ᠯᠢᠶᠣᠤᠨᠢᠩ ᠤᠨ ᠠᠩᠭᠢ ᠨᠢ ᠳᠤᠭᠤᠶᠢᠯᠠᠩ ᠳᠠᠭᠠᠨ ᠬᠠᠮᠤᠭ ᠥᠨᠳᠥᠷ ᠬᠢᠷᠢ | ᠪᠦᠲᠦᠮᠵᠢ ᠪᠠᠷ ᠰᠢᠢᠳᠪᠦᠷᠢᠲᠦ ᠤᠷᠤᠯᠳᠤᠭᠠᠨ ᠳᠤ ᠣᠷᠣᠪᠠ᠃ ᠰᠢᠢᠳᠪᠦᠷᠢᠲᠦ ᠤᠷᠤᠯᠳᠤᠭᠠᠨ ᠳᠤ ᠰᠢᠦᠢ ᠮᠧᠩ ᠲᠤᠤ | ᠪᠦᠭᠦ ᠡᠮᠡᠭᠲᠡᠢ ᠲᠠᠮᠢᠷᠴᠢᠳ ᠤᠨ ᠳᠣᠲᠣᠷ᠎ᠠ ᠬᠠᠮᠤᠭ ᠥᠨᠳᠥᠷ ᠬᠤᠪᠢ ᠣᠯᠣᠭᠰᠠᠨ ᠪᠤᠯᠪᠠᠴᠤ ᠵᠢᠶᠠ ᠽᠥᠩ ᠶᠠᠩ ᠤᠨ | ᠬᠤᠶᠠᠳᠤᠭᠠᠷ ᠦᠰᠦᠷᠦᠯᠲᠡ ᠪᠣᠯᠣᠨ ᠸᠠᠩ ᠰᠢᠨ ᠳ᠋ᠢ ᠶᠢᠨ ᠭᠤᠷᠪᠠᠳᠤᠭᠠᠷ ᠦᠰᠦᠷᠦᠯᠲᠡ ᠴᠥᠮ ᠠᠯᠳᠠᠰᠢ ᠭᠠᠷᠴᠤ᠂ | ᠶᠡᠷᠦᠩᠬᠡᠢ ᠬᠤᠪᠢ ᠪᠠᠷ ᠢᠶᠠᠨ ᠥᠪᠥᠷ ᠮᠣᠩᠭᠤᠯ ᠤᠨ ᠠᠩᠭᠢ ᠠᠴᠠ ᠬᠤᠵᠢᠭᠳᠠᠵᠠᠢ᠃ | | | ᠭᠢᠷᠢᠨ ᠤ ᠠᠩᠭᠢ ᠶᠢᠨ ᠯᠢ ᠲᠢᠶᠠᠨ ᠮᠠ ᠰᠢᠢᠳᠪᠦᠷᠢᠲᠦ ᠤᠷᠤᠯᠳᠤᠭᠠᠨ ᠤ ᠬᠠᠮᠤᠭ ᠰᠡᠭᠦᠯ ᠤᠨ ᠨᠢᠭᠡ | ᠦᠰᠦᠷᠦᠯᠲᠡ ᠳᠤᠮᠳᠠ 5.1000 ᠶᠢᠨ ᠬᠦᠴᠢᠷ ᠤᠨ ᠢᠯᠡᠳᠬᠡᠮᠵᠢ ᠲᠠᠢ ᠬᠥᠳᠡᠯᠭᠡᠭᠡᠨ ᠢ ᠪᠡᠶᠡᠯᠡᠭᠦᠯᠵᠦ ᠪᠦᠭᠦ | ᠲᠠᠯᠠᠪᠠᠢ ᠶᠢᠨ ᠬᠠᠮᠤᠭ ᠥᠨᠳᠥᠷ ᠬᠢᠷᠢ ᠪᠦᠳᠦᠮᠵᠢ ᠪᠤᠯᠬᠤ 130.05 ᠬᠤᠪᠢ ᠣᠯᠣᠭᠰᠠᠨ ᠪᠤᠯᠪᠠᠴᠤ ᠲᠦᠷᠦᠭᠦᠦ | ᠬᠤᠶᠠᠷ ᠡᠭᠡᠯᠵᠢ ᠳᠤ ᠪᠦᠯᠭᠦᠮ ᠤᠨ ᠨᠥᠬᠦᠳ ᠨᠢ ᠠᠯᠳᠠᠰᠢ ᠭᠠᠷᠭᠠᠭᠰᠠᠨ ᠠᠴᠠ ᠪᠣᠯᠵᠤ᠂ ᠭᠢᠷᠢᠨ ᠤ ᠠᠩᠭᠢ ᠶᠡᠷᠦᠩᠬᠡᠢ | ᠬᠢᠷᠢ ᠪᠦᠳᠦᠮᠵᠢ ᠪᠠᠷ ᠢᠶᠠᠨ ᠬᠦᠷᠡᠯ ᠮᠧᠳᠠᠯ ᠣᠯᠪᠠ᠃ |