ᠲᠡᠮᠡᠭᠡᠨ ᠬᠤᠷᠭᠤᠯ ᠥᠨᠳᠥᠷ ᠦᠷ᠎ᠡ ᠠᠰᠢᠭᠲᠤ ᠪᠣᠷᠳᠣᠭᠤᠷ ᠪᠣᠯᠣᠯ᠎ᠠ
ᠨᠡᠶᠢᠲᠡᠯᠡᠭᠰᠡᠨ ᠴᠠᠭ᠄
2024/2/2
     ᠣᠶᠢᠷ᠎ᠠ ᠵᠢᠯ ᠠᠴᠠ ᠨᠠᠭᠠᠰᠢ᠂ ᠠᠯᠠᠱᠠ ᠠᠶᠢᠮᠠᠭ ᠤᠨ ᠲᠡᠮᠡᠭᠡᠨ ᠤ ᠦᠢᠯᠡᠰ ᠤᠨ ᠥᠷᠨᠢᠩᠭᠦᠢ ᠬᠥᠭᠵᠢᠯᠲᠡ ᠨᠢ ᠮᠠᠯᠴᠢᠨ ᠲᠠᠷᠢᠶᠠᠴᠢᠨ ᠤ ᠣᠷᠣᠯᠭ᠎ᠠ ᠶᠢᠨ ᠨᠡᠮᠡᠭᠳᠡᠯ᠂ ᠪᠦᠭᠦ ᠠᠶᠢᠮᠠᠭ ᠤᠨ ᠠᠵᠤ ᠦᠢᠯᠡᠰ ᠤᠨ ᠬᠥᠭᠵᠢᠯᠲᠡ ᠳᠤ ᠢᠳᠡᠪᠬᠢᠲᠡᠢ ᠬᠤᠪᠢ ᠨᠡᠮᠡᠷᠢ ᠦᠵᠡᠭᠦᠯᠦᠭᠰᠡᠨ ᠪᠠᠶᠢᠨ᠎ᠠ᠃ ᠡᠭᠦᠨ ᠢ ᠳᠠᠭᠠᠯᠳᠤᠨ ᠲᠡᠮᠡᠭᠡᠨ ᠬᠤᠷᠭᠤᠯ ᠴᠦ ᠬᠥᠮᠥᠰ ᠤᠨ ᠠᠮᠢᠳᠤᠷᠠᠯ ᠦᠢᠯᠡᠳᠪᠦᠷᠢᠯᠡᠯ ᠳᠤᠮᠳᠠ ᠤᠯᠠᠨ ᠲᠠᠯ᠎ᠠ ᠪᠠᠷ ᠠᠰᠢᠭᠯᠠᠭᠳᠠᠬᠤ ᠪᠣᠯᠵᠠᠢ᠃
     ᠨᠢᠳᠤᠨᠤᠨ ᠵᠢᠯ ᠤᠨ 9 ᠰᠠᠷ᠎ᠠ ᠳᠤ᠂ ᠠᠯᠠᠱᠠ ᠠᠶᠢᠮᠠᠭ ᠤᠨ ᠮᠠᠯ ᠠᠵᠤ ᠠᠬᠤᠢ ᠶᠢᠨ ᠰᠤᠳᠤᠯᠭᠠᠨ ᠤ ᠭᠠᠵᠠᠷ ᠤᠨ ᠬᠤᠣᠰ ᠪᠥᠬᠦᠲᠦ ᠲᠡᠮᠡᠭᠡᠨ ᠤ ᠪᠣᠬᠢᠷᠳᠤᠯ ᠦᠭᠡᠢ ᠥᠨᠳᠥᠷ ᠦᠷ᠎ᠡ ᠠᠰᠢᠭᠲᠤ ᠲᠡᠵᠢᠭᠡᠨ ᠦᠷᠡᠵᠢᠭᠦᠯᠬᠦ ᠮᠡᠷᠭᠡᠵᠢᠯ ᠤᠨ ᠰᠤᠳᠤᠯᠭᠠᠨ ᠤ ᠲᠥᠷᠥᠯ ᠵᠦᠢᠯ ᠤᠨ ᠳᠤᠭᠤᠶᠢᠯᠠᠩ ᠤᠨ ᠬᠢᠨ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤ ᠶᠢᠨ ᠰᠢᠷᠠᠪᠤᠷᠢᠳᠦ ᠭᠠᠴᠠᠭᠠᠨ ᠤ ᠠᠯᠲᠠᠨ ᠲᠡᠮᠡᠭᠡ ᠮᠠᠯᠴᠢᠨ ᠲᠠᠷᠢᠶᠠᠴᠢᠨ ᠤ ᠬᠤᠷᠰᠢᠶ᠎ᠡ ᠶᠢᠨ ᠲᠡᠮᠡᠭᠡ ᠲᠡᠵᠢᠭᠡᠨ ᠦᠷᠡᠵᠢᠭᠦᠯᠬᠦ ᠲᠠᠯᠠᠪᠠᠶ ᠳᠤ 5 ᠲᠣᠨ ᠲᠡᠮᠡᠭᠡᠨ ᠬᠤᠷᠭᠤᠯ ᠤᠨ ᠢᠰᠬᠡᠯᠲᠡ ᠶᠢᠨ ᠲᠤᠷᠰᠢᠯᠲᠠ ᠬᠢᠵᠡᠢ᠃ ᠲᠡᠳᠡ ᠱᠠᠩᠬᠠᠢ ᠶᠢᠨ ᠾᠧ ᠢ ᠺᠤᠮᠫᠠᠨᠢ ᠶᠢᠨ ᠮᠢᠺᠷᠣᠪ ᠢᠶᠠᠷ ᠢᠰᠬᠡᠬᠦ ᠡᠳ᠋ ᠢ ᠠᠰᠢᠭᠯᠠᠨ᠂ ᠲᠡᠮᠡᠭᠡᠨ ᠤ ᠬᠤᠷᠭᠤᠯ ᠢ ᠬᠤᠳᠬᠤᠬᠤ᠂ ᠢᠰᠬᠡᠬᠦ᠂ ᠣᠪᠣᠭᠠᠯᠠᠬᠤ ᠵᠡᠷᠭᠡ ᠠᠵᠢᠯ ᠤᠨ ᠳᠠᠷᠠᠭᠠᠯᠠᠯ ᠢᠶᠠᠷ ᠲᠤᠷᠰᠢᠯᠲᠠ ᠪᠠᠨ ᠰᠠᠷ᠎ᠠ ᠭᠠᠷᠤᠢ ᠬᠤᠭᠤᠴᠠᠭ᠎ᠠ ᠲᠠᠢ ᠥᠷᠨᠢᠭᠦᠯᠪᠡ᠃ ᠲᠤᠷᠰᠢᠯᠲᠠ ᠬᠢᠬᠦ ᠪᠠᠷ ᠳᠠᠮᠵᠢᠨ᠂ ᠲᠡᠮᠡᠭᠡᠨ ᠬᠤᠷᠭᠤᠯ ᠤᠨ PH ᠬᠡᠮᠵᠢᠭᠳᠡᠯ ︵ᠬᠦᠴᠢᠯ ᠱᠦᠯᠲᠦ ᠶᠢᠨ ᠬᠡᠮᠵᠢᠶ᠎ᠡ︶᠂ ᠰᠢᠮ᠎ᠡ ᠲᠡᠵᠢᠭᠡᠯ ᠤᠨ ᠪᠦᠷᠢᠯᠳᠦᠭᠦᠨ ︵ᠠᠽᠣᠲ᠂ ᠹᠣᠰᠹᠣᠷ᠂ ᠺᠠᠯᠢ︶᠂ ᠠᠶᠤᠯ ᠦᠭᠡᠢ ᠴᠢᠨᠠᠷ︵ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ᠂ ᠰᠠᠯᠮᠤᠨᠧᠯ ᠪᠠᠺᠲ᠋ᠧᠷᠢ ᠶᠢᠨ ᠲᠤᠭ᠎ᠠ︶ᠵᠢᠴᠢ ᠠᠰᠢᠭᠲᠤ ᠴᠢᠨᠠᠷ ︵ᠨᠠᠬᠢᠶᠠᠯᠠᠬᠤ ᠨᠣᠷᠮ᠎ᠠ︶ ᠵᠡᠷᠭᠡ ᠭᠦᠢᠴᠡᠳᠬᠡᠯ ᠲᠤᠭ᠎ᠠ ᠶᠢ ᠴᠢᠩᠭ᠎ᠠ ᠰᠢᠯᠭᠠᠨ ᠪᠠᠶᠢᠴᠠᠭᠠᠵᠠᠢ᠃      ᠠᠯᠠᠱᠠ ᠠᠶᠢᠮᠠᠭ ᠤᠨ ᠮᠠᠯ ᠠᠵᠤ ᠠᠬᠤᠢ ᠶᠢᠨ ᠰᠤᠳᠤᠯᠭᠠᠨ ᠤ ᠭᠠᠵᠠᠷ ᠤᠨ ᠳᠡᠳ᠋ ᠳᠠᠷᠤᠭ᠎ᠠ᠂ ᠳᠡᠭᠡᠳᠦ ᠲᠡᠰ ᠤᠨ ᠮᠠᠯ ᠠᠵᠤ ᠠᠬᠤᠢ ᠶᠢᠨ ᠮᠡᠷᠭᠡᠵᠢᠯᠲᠡᠨ᠂ ᠲᠡᠮᠡᠭᠡᠨ ᠬᠤᠷᠭᠤᠯ ᠢᠰᠬᠡᠬᠦ ᠲᠤᠷᠰᠢᠯᠲᠠ ᠶᠢ ᠥᠷᠨᠢᠭᠦᠯᠦᠭᠴᠢ ᠵᠢᠶᠣᠣ ᠰᠢᠩ ᠭᠠᠩ ᠤᠨ ᠲᠠᠨᠢᠯᠴᠠᠭᠤᠯᠤᠭᠰᠠᠨ ᠢᠶᠠᠷ᠂ ᠰᠢᠯᠭᠠᠨ ᠪᠠᠶᠢᠴᠠᠭᠠᠭᠰᠠᠨ ᠤ ᠦᠷ᠎ᠡ ᠳ᠋ᠦᠩ ᠳᠤ PH ᠬᠡᠮᠵᠢᠭᠳᠡᠯ ᠨᠢ 8.6᠂ ᠶᠡᠷᠦᠩᠬᠡᠢ ᠠᠽᠣᠲ1.06%᠂ ᠶᠡᠷᠦᠩᠬᠡᠢ ᠹᠣᠰᠹᠣᠷ 0.97%᠂ ᠣᠷᠭᠠᠨᠢᠭ ᠪᠣᠳᠠᠰ 21.4%᠂ ᠰᠠᠯᠬᠢᠨ ᠳᠤ ᠬᠠᠲᠠᠭᠠᠬᠰᠠᠨ ᠤ ᠳᠠᠷᠠᠭᠠᠬᠢ ᠲᠤᠷᠰᠢᠯᠲᠠ ᠶᠢᠨ ᠤᠰᠤ 5.18% ᠳᠤ ᠬᠦᠷᠴᠡᠢ᠃ ᠡᠭᠦᠨ ᠳᠤ ᠰᠠᠯᠮᠤᠨᠧᠯ ᠪᠠᠺᠲ᠋ᠧᠷᠢ᠂ ᠪᠠᠭᠠᠰᠤᠨ ᠤ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ ᠨᠢ ᠤᠯᠤᠰ ᠤᠨ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠵᠦ᠂ ᠥᠷᠭᠡᠰᠦᠲᠦ ᠬᠡᠮᠬᠡ ᠶᠢᠨ ᠦᠷ᠎ᠡ ᠶᠢᠨ ᠰᠣᠶᠣᠭᠠᠯᠠᠬᠤ ᠲᠤᠷᠰᠢᠯᠲᠠ ᠪᠠᠷ ᠳᠠᠮᠵᠢᠭᠠᠳ᠂ ᠰᠣᠶᠣᠭᠠᠯᠠᠬᠤ ᠢᠯᠡᠳᠬᠡᠭᠴᠢ  ᠲᠤᠭ᠎ᠠ ᠨᠢ 78% ᠳᠤ ᠬᠦᠷᠴᠦ᠂ 73% ᠶᠢᠨ ᠪᠠᠷᠢᠮᠵᠢᠶ᠎ᠠ ᠠᠴᠠ ᠳᠠᠪᠠᠭᠰᠠᠨ ᠪᠠᠶᠢᠨ᠎ᠠ᠃      ᠵᠢᠶᠣᠣ ᠰᠢᠩ ᠭᠠᠩ᠄ ︽ᠪᠢᠳᠠ ᠪᠣᠳᠠᠲᠠᠢ ᠲᠤᠷᠰᠢᠯᠲᠠ ᠬᠢᠬᠦ ᠪᠠᠷ ᠲᠠᠮᠵᠢᠨ ᠲᠡᠮᠡᠭᠡᠨ ᠬᠤᠷᠭᠤᠯ ᠢ ᠢᠰᠭᠡᠭᠰᠡᠨ ᠤ ᠳᠠᠷᠠᠭ᠎ᠠ ᠪᠣᠬᠢᠷᠳᠤᠯ ᠦᠭᠡᠢ ᠬᠤᠯᠢᠮᠠᠭ ᠪᠣᠷᠳᠣᠭᠤᠷ ᠪᠣᠯᠭᠠᠨ ᠲᠠᠷᠢᠶᠠᠨ ᠭᠠᠵᠠᠷ ᠲᠤ ᠰᠢᠭᠤᠳ ᠣᠷᠣᠭᠤᠯᠵᠤ ᠪᠤᠯᠬᠤ ᠶᠢ ᠮᠡᠳᠡᠯ᠎ᠡ᠃ ᠲᠠᠷᠠᠭᠠᠴᠢ ᠪᠠᠷ᠂ ᠲᠡᠮᠡᠭᠡᠨ ᠬᠤᠷᠭᠤᠯ ᠢ ᠢᠰᠬᠡᠬᠦ ᠮᠡᠷᠭᠡᠵᠢᠯ ᠤᠨ ᠠᠯᠬᠤᠮ ᠳᠠᠷᠠᠭ᠎ᠠ ᠶᠢ ᠲᠠᠰᠤᠷᠠᠯᠲᠠ ᠦᠭᠡᠢ ᠰᠢᠯᠢᠳᠡᠭᠵᠢᠭᠦᠯᠵᠦ᠂ ᠢᠰᠬᠡᠬᠦ ᠦᠷ᠎ᠡ ᠪᠦᠲᠦᠮᠵᠢ ᠶᠢ ᠳᠡᠭᠡᠭᠰᠢᠯᠡᠭᠦᠯᠭᠦ ᠶᠢᠨ ᠬᠠᠮᠲᠤ ᠪᠠᠰᠠ ᠲᠡᠮᠡᠭᠡᠨ ᠬᠤᠷᠭᠤᠯ ᠢ ᠢᠰᠬᠡᠬᠦ PH ᠨᠡᠯᠢᠶᠡᠳ ᠥᠨᠳᠥᠷ᠂ ᠬᠡᠷᠡᠭᠯᠡᠬᠦ ᠬᠡᠪᠴᠢᠶ᠎ᠡ ᠨᠢ ᠢᠪᠴᠤᠤ ᠪᠠᠶᠢᠳᠠᠭ ᠣᠨᠴᠠᠯᠢᠭ ᠲᠤ ᠴᠢᠭᠯᠡᠭᠦᠯᠦᠨ᠂ ᠵᠠᠷᠢᠮ ᠰᠠᠭᠠᠷᠮᠠᠭ ᠴᠢᠨᠠᠷᠲᠠᠢ ᠨᠡᠶᠢᠯᠡᠮᠡᠯ ᠪᠣᠷᠳᠣᠭᠤᠷ ᠲᠠᠢ ᠤᠶᠠᠯᠳᠤᠭᠤᠯᠤᠨ᠂ ᠲᠡᠮᠡᠭᠡᠨ ᠬᠤᠷᠭᠤᠯ ᠢ ᠤᠯᠠᠮ ᠨᠢᠭᠡ ᠠᠯᠬᠤᠮ ᠨᠡᠭᠡᠭᠡᠨ ᠠᠰᠢᠭᠯᠠᠵᠤ ᠲᠡᠮᠡᠭᠡᠨ ᠤ ᠠᠵᠤ ᠦᠢᠯᠡᠰ ᠤᠨ ᠪᠣᠬᠢᠷᠳᠤᠯ ᠦᠭᠡᠢ᠂ ᠴᠢᠨᠠᠷ ᠰᠠᠶᠢᠲᠠᠢ ᠬᠥᠭᠵᠢᠯᠲᠡ ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠦᠴᠦᠨ ᠨᠡᠮᠡᠷᠢᠯᠡᠬᠦ ᠪᠠᠷ ᠴᠢᠷᠮᠠᠶᠢᠨ᠎ᠠ︾  ᠭᠡᠵᠦ ᠪᠠᠶᠢᠪᠠ᠃
     ᠬᠤᠶᠠᠷ   ᠬᠡᠮᠵᠢᠯᠲᠦ  ᠺᠣᠳ᠋ ᠢ   ᠰᠢᠷᠪᠢᠵᠦ  ᠨᠠᠷᠢᠨ ᠠᠭᠤᠯᠭ᠎ᠠ ᠶᠢ ᠨᠢ ᠦᠵᠡᠭᠡᠷᠡᠢ︕
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号