| | ᠣᠶᠢᠷ᠎ᠠ ᠶᠢᠨ ᠡᠳᠦᠷ᠂ ︽ᠲᠣᠷᠭᠠᠨ ᠵᠠᠮ ᠤᠨ ᠭᠡᠷᠡᠯ ᠭᠢᠯᠪᠠᠭ᠎ᠠ·ᠮᠥᠰᠥ ᠴᠠᠰᠤᠲᠤ ᠭᠦᠭᠡᠬᠤᠲᠠ︾ ᠪᠠᠷ ᠭᠤᠣᠯ | ᠰᠡᠳᠦᠪ ᠪᠤᠯᠭᠠᠬᠰᠠᠨ ᠭᠤᠷᠪᠠᠳᠤᠭᠠᠷ ᠬᠤᠭᠤᠴᠠᠭᠠᠨ ᠤ ᠭᠦᠭᠡᠬᠤᠲᠠ ᠶᠢᠨ ᠪᠠᠶᠠᠰᠤᠯᠳᠤ ᠮᠥᠰᠥ ᠴᠠᠰᠤᠨ ᠤ ᠨᠠᠶᠢᠷ | ᠶᠡᠭᠡ ᠲᠦᠷᠭᠡᠨ ᠭᠤᠣᠯ ᠤᠨ ᠴᠡᠷᠢᠭ ᠤᠨ ᠶᠠᠪᠤᠳᠠᠯ ᠤᠨ ᠰᠣᠶᠣᠯ ᠤᠨ ᠬᠦᠷᠢᠶᠡᠯᠡᠩ ᠳᠤ ᠭᠦᠷ ᠬᠥᠭᠵᠢᠶᠡᠨ ᠲᠠᠢ | ᠶᠠᠪᠤᠭᠳᠠᠪᠠ᠃ ᠮᠥᠰᠥ ᠴᠠᠰᠤᠨ ᠤ ᠨᠠᠶᠢᠷ ᠨᠢ ᠭᠡᠷ ᠪᠦᠯᠢ ᠶᠢᠨ ᠴᠡᠩᠭᠡᠯ ᠤᠨ ᠬᠦᠷᠢᠶᠡᠯᠡᠩ᠂ ᠵᠠᠯᠠᠭᠤ ᠨᠠᠰᠤᠨ ᠤ | ᠳᠠᠭᠤᠯᠠᠯ᠂ ᠴᠢᠨᠠᠷ ᠰᠠᠶᠢᠲᠠᠢ ᠵᠤᠭ᠎ᠠ ᠴᠡᠩᠭᠡᠯ ᠭᠡᠬᠦ ᠭᠤᠷᠪᠠᠨ ᠶᠡᠭᠡ ᠰᠡᠳᠦᠪ ᠤᠨ ᠲᠣᠭᠤᠷᠢᠨ ᠳᠤ᠂ ᠤᠮᠠᠷᠠᠲᠤ ᠬᠢᠯᠢ ᠶᠢᠨ | ᠰᠣᠶᠣᠯ ᠪᠠ ᠣᠷᠣᠨ ᠨᠤᠲᠤᠭ ᠤᠨ ᠵᠠᠩ ᠦᠶᠯᠡ ᠲᠠᠢ ᠤᠶᠠᠯᠳᠤᠭᠤᠯᠤᠨ᠂ ᠬᠤᠲᠠ ᠶᠢᠨ ᠠᠷᠠᠳ ᠵᠢᠴᠢ | ᠵᠢᠭᠤᠯᠴᠢᠯᠠᠬᠰᠠᠳ ᠲᠤ ᠮᠥᠰᠥ ᠴᠠᠰᠤᠨ ᠤ ᠤᠷᠠᠯᠢᠭ᠂ ᠮᠥᠰᠥ ᠴᠠᠰᠤᠨ ᠤ ᠰᠣᠶᠣᠯ᠂ ᠮᠥᠰᠥ ᠴᠠᠰᠤᠨ ᠤ ᠲᠣᠬᠯᠠᠯᠲᠠ᠂ | ᠮᠥᠰᠥ ᠴᠠᠰᠤᠨ ᠤ ᠪᠠᠷᠢᠯᠭ᠎ᠠ᠂ ᠮᠥᠰᠥ ᠴᠠᠰᠤᠨ ᠤ ᠠᠵᠢᠯᠯᠠᠭ᠎ᠠ᠂ ᠮᠥᠰᠥ ᠴᠠᠰᠤᠨ ᠤ ᠪᠡᠶ᠎ᠡ ᠶᠢᠨ ᠲᠠᠮᠢᠷ ᠢ ᠨᠢᠭᠡ | ᠴᠣᠭᠴᠠᠵᠢᠭᠤᠯᠤᠭᠰᠠᠨ ᠮᠥᠩᠭᠦᠨ ᠡᠪᠦᠯ ᠤᠨ ᠳᠣᠮᠣᠭᠯᠢᠭ ᠶᠢᠷᠲᠢᠨᠴᠦ ᠶᠢᠨ ᠴᠡᠩᠭᠡᠯ ᠤᠨ ᠬᠦᠷᠢᠶᠡᠯᠡᠩ ᠢ ᠪᠠᠶᠢᠭᠤᠯᠵᠤ | ᠥᠭᠴᠡᠢ᠃ | | | | | | | | | ᠮᠥᠰᠥ ᠴᠠᠰᠤᠨ ᠤ ᠶᠢᠷᠲᠢᠨᠴᠦ | | | 1 ᠰᠠᠷ᠎ᠠ ᠶᠢᠨ 21 ᠤ ᠡᠳᠦᠷ ᠰᠤᠷᠪᠤᠯᠵᠢᠯᠠᠬᠴᠢ ᠶᠡᠭᠡ ᠲᠦᠷᠭᠡᠨ ᠭᠤᠣᠯ ᠤᠨ ᠴᠡᠷᠢᠭ ᠤᠨ ᠶᠠᠪᠤᠳᠠᠯ ᠤᠨ | ᠰᠣᠶᠣᠯ ᠤᠨ ᠬᠦᠷᠢᠶᠡᠯᠡᠩ ᠳᠤ ᠬᠦᠷᠬᠦ ᠳᠤ᠂ ᠮᠠᠰᠢ ᠤᠯᠠᠨ ᠵᠢᠭᠤᠯᠴᠢᠯᠠᠬᠰᠠᠳ ᠵᠢᠭᠤᠯᠴᠢᠯᠠᠨ ᠨᠠᠭᠠᠳᠴᠤ ᠪᠠᠶᠢᠯ᠎ᠠ᠃ | ᠬᠦᠷᠢᠶᠡᠯᠡᠩ ᠤᠨ ᠡᠭᠦᠳᠡ ᠪᠠᠷ ᠳᠣᠲᠣᠭᠰᠢ ᠣᠷᠣᠪᠠᠯ᠂ ᠡᠩ ᠲᠡᠷᠢᠭᠦᠨ ᠳᠤ ᠮᠠᠯᠤᠷ ᠦᠳᠡᠭᠡ᠂ ᠬᠥᠮᠥᠨ ᠬᠠᠷ᠎ᠠ | ᠭᠥᠷᠥᠭᠡᠰᠦ᠂ ᠪᠠᠭᠠᠪᠠᠭᠠᠢ ᠵᠡᠷᠭᠡ ᠠᠷᠢᠶᠠᠲᠠᠨ ᠤ ᠪᠠᠭ ᠡᠮᠦᠰᠦᠭᠰᠡᠨ ᠬᠥᠮᠥᠰ ᠵᠢᠭᠳᠡᠷᠡᠨ ᠵᠢᠭᠰᠠᠵᠤ ᠵᠢᠭᠤᠯᠴᠢᠯᠠᠬᠰᠠᠳ | ᠢᠶᠠᠨ ᠤᠭᠲᠤᠨ᠎ᠠ᠃ ᠳᠣᠲᠣᠭᠰᠢ ᠬᠡᠳᠦᠨ ᠮᠸᠲᠷ ᠶᠠᠪᠤᠪᠠᠯ ᠬᠥᠭᠡᠷᠦᠬᠦᠨ ᠴᠣᠪᠣᠭᠤᠯᠢᠭ ᠬᠤᠨᠢᠨ ᠲᠡᠮᠡᠭᠡᠳ ᠤᠨ ᠵᠢᠵᠢᠭ | ᠬᠦᠷᠢᠶᠡᠨ ᠳᠤ ᠭᠦᠷᠤᠨ᠎ᠠ᠃ ᠠᠳᠡ ᠬᠤᠷᠢ ᠭᠠᠷᠤᠢ ᠬᠤᠨᠢᠨ ᠲᠡᠮᠡᠭᠡᠳ ᠪᠠᠶᠢᠵᠤ᠂ ᠪᠢᠴᠢᠬᠠᠨ ᠨᠠᠶᠢᠵᠠ ᠨᠠᠷ ᠤᠨ | ᠪᠠᠭ᠋ᠠᠷᠬᠠᠯ ᠢ ᠲᠠᠲᠠᠨ᠎ᠠ᠃ | | | ︽ᠨᠡᠬᠡᠷᠡᠨ ᠬᠥᠭᠡᠷᠦᠬᠦᠨ ᠠᠮᠢᠲᠠᠨ ᠪᠠᠶᠢᠨ᠎ᠠ᠂ ᠲᠡᠷᠡ ᠲᠣᠮᠣ ᠨᠢᠳᠦ ᠶᠢ ᠨᠢ ᠦᠵᠡ ᠯᠡ ᠳ᠋ᠠ︾ ᠬᠡᠮᠡᠨ | ᠬᠡᠦᠬᠡᠳ ᠤᠳ ᠬᠤᠨᠢᠨ ᠲᠡᠮᠡᠭᠡ ᠢ ᠡᠩᠬᠦᠷᠡᠶᠢᠯᠡᠨ ᠯᠤᠤᠪᠠᠩ ᠢᠶᠠᠷ ᠲᠡᠵᠢᠭᠡᠨ᠎ᠡ᠃ | | | | | | ᠬᠤᠯᠤᠤᠪᠠᠩ ᠢᠳᠡᠭᠡᠷᠡᠢ | | | | | | ᠬᠡᠦᠬᠡᠳ ᠤᠨ ᠪᠠᠶᠠᠰᠤᠯ | | | ᠬᠤᠨᠢᠨ ᠲᠡᠮᠡᠭᠡᠨ ᠤ ᠵᠢᠵᠢᠭ ᠬᠦᠷᠢᠶ᠎ᠡ ᠠᠴᠠ ᠳᠡᠮᠡᠢ ᠬᠤᠯᠠ ᠦᠭᠡᠢ ᠭᠠᠵᠠᠷ ᠲᠤ᠂ ᠠᠯᠤᠰ ᠬᠤᠯᠠ ᠡᠮᠦᠨᠡᠲᠦ | ᠲᠤᠶᠢᠯ ᠤᠨ ᠲᠢᠪ ᠠᠴᠠ ᠭᠦᠭᠡᠬᠤᠳᠠ ᠳᠤ ᠮᠣᠷᠢᠯᠠᠨ ᠰᠠᠭᠠᠲᠠᠭᠰᠠᠨ︽ᠵᠣᠴᠢᠨ︾ ᠪᠠᠪᠤᠶᠠ ᠶᠢᠨ ᠶᠠᠪᠠᠭᠠᠨ | ᠭᠠᠯᠠᠭᠤᠳ ᠤᠨ ᠭᠡᠷ ᠪᠤᠢ᠃ ᠡᠨᠡ ᠨᠢ ᠵᠢᠭᠤᠯᠴᠢᠯᠠᠬᠰᠠᠳ ᠤᠨ ᠰᠣᠨᠢᠷᠬᠠᠯ ᠢ ᠬᠠᠮᠤᠭ ᠠᠴᠠ ᠢᠯᠡᠭᠦᠦ ᠲᠠᠲᠠᠵᠤ ᠪᠠᠶᠢᠯ᠎ᠠ᠃ | | | | ︽ᠦᠨᠡᠬᠡᠷ ᠶᠠᠪᠠᠭᠠᠨ ᠭᠠᠯᠠᠭᠤ ᠪᠠᠶᠢᠨ᠎ᠠ︕︾ ᠦᠳᠡ ᠶᠢᠨ ᠡᠮᠦᠨᠡᠬᠢ 11 ᠴᠠᠭ ᠲᠤ᠂ ᠵᠢᠭᠤᠯᠴᠢᠯᠠᠬᠰᠠᠳ ᠤᠨ | ᠣᠷᠢᠯᠠᠬᠤ ᠳᠠᠭᠤᠨ ᠤ ᠳᠤᠮᠳᠠ᠂ 10 ᠪᠠᠪᠤᠶᠠ ᠶᠢᠨ ᠶᠠᠪᠠᠭᠠᠨ ᠭᠠᠯᠠᠭᠤ ᠵᠢᠭᠤᠯᠴᠢᠯᠠᠭᠴᠢᠳ ᠲᠠᠢ ᠠᠭᠤᠯᠵᠠᠯ᠎ᠠ᠃ | | | | | | ᠬᠠᠯᠠᠭᠤᠮᠰᠤᠭ ᠤᠭᠲᠤᠯᠭ᠎ᠠ | | | | | | ᠬᠥᠭᠡᠷᠦᠬᠦᠨ ᠶᠠᠪᠠᠭᠠᠨ ᠭᠠᠯᠠᠭᠤ | | | ︽ᠪᠢᠴᠢᠬᠠᠨ ᠶᠠᠪᠠᠭᠠᠨ ᠭᠠᠯᠠᠭᠤ᠂ ᠲᠠ ᠰᠠᠶᠢᠨ ᠤᠤ︕ ᠭᠦᠭᠡᠬᠤᠳᠠ ᠲᠠᠨ ᠢ ᠪᠠᠶᠠᠷᠯᠠᠨ ᠤᠭᠲᠤᠵᠤ ᠪᠠᠶᠢᠨ᠎ᠠ᠂ | ᠪᠢ ᠴᠢᠮ᠎ᠠ ᠶᠢ ᠲᠡᠮᠲᠡᠷᠢᠵᠦ ᠪᠤᠯᠬᠤ ᠤᠤ︖︾ ᠭᠡᠵᠦ ᠤᠳᠠᠲᠠᠯ᠎ᠠ ᠬᠦᠯᠢᠶᠡᠭᠰᠡᠨ ᠬᠡᠦᠬᠡᠳ ᠤᠳ ᠪᠠᠶᠠᠷᠯᠠᠭᠰᠠᠨ ᠰᠡᠳᠬᠢᠯ | ᠢᠶᠠᠨ ᠳᠠᠷᠤᠵᠤ ᠶᠠᠳᠠᠨ ᠬᠥᠭᠡᠷᠦᠯᠳᠦᠨ᠎ᠡ᠃ ᠲᠡᠭᠦᠨ ᠤ ᠳᠣᠲᠣᠷᠠᠬᠢ ᠰᠣᠨᠢᠭᠤᠴᠢ ᠰᠡᠳᠬᠢᠯ ᠢᠶᠠᠷ ᠴᠢᠩᠭ᠎ᠠ ᠶᠠᠪᠠᠭᠠᠨ | ᠭᠠᠯᠠᠭᠤ ᠨᠢ ᠨᠠᠩ ᠴᠤ ᠮᠥᠰᠥᠨ ᠵᠠᠮ ᠤᠨ ᠬᠡᠷᠡᠮ ᠳᠡᠭᠡᠷ᠎ᠡ ᠵᠣᠭᠰᠣᠨ᠂ ᠵᠢᠭᠤᠯᠴᠢᠯᠠᠭᠴᠢᠳ ᠤᠨ ᠥᠭᠡᠳᠡ ᠠᠴᠠ | ᠵᠢᠭᠦᠷ ᠢᠶᠠᠨ ᠳᠡᠪᠢᠵᠦ ᠬᠥᠭᠡᠷᠦᠬᠦᠨ ᠠᠭᠠᠰᠢᠯᠠᠨ᠎ᠠ᠃ | | | ᠲᠤᠬᠠᠢ ᠶᠢᠨ ᠲᠠᠯᠠᠪᠤᠷ ᠤᠨ ᠠᠵᠢᠯᠲᠠᠨ ᠤ ᠲᠠᠨᠢᠯᠴᠠᠭᠤᠯᠤᠭᠰᠠᠨ ᠢᠶᠠᠷ᠂ ᠶᠠᠪᠠᠭᠠᠨ ᠭᠠᠯᠠᠭᠤ ᠡᠳᠦᠷ ᠪᠦᠷᠢ ᠶᠢᠨ | 11 ᠴᠠᠭ᠂ 15 ᠴᠠᠭ᠂ 17 ᠴᠠᠭ᠂ 20 ᠴᠠᠭ ᠲᠤ ᠲᠣᠭᠤᠷᠢᠨ ᠲᠣᠭᠯᠠᠵᠤ᠂ ᠬᠡᠷᠪᠡ ᠪᠢᠴᠢᠬᠠᠨ ᠶᠠᠪᠠᠭᠠᠨ ᠭᠠᠯᠠᠭᠤ | ᠲᠠᠢ ᠤᠯᠠᠮ ᠨᠢᠭᠡᠨ ᠠᠯᠬᠤᠮ ᠬᠠᠷᠢᠯᠴᠠᠶ᠎ᠠ ᠭᠡᠪᠡᠯ ᠵᠢᠭᠤᠯᠴᠢᠯᠠᠭᠴᠢᠳ ᠡᠳᠡᠭᠡᠷ ᠴᠠᠭ ᠲᠤ ᠬᠦᠷᠢᠶᠡᠯᠡᠩ ᠲᠣᠭᠤᠷᠢᠭ ᠤᠨ | ᠶᠠᠪᠠᠭᠠᠨ ᠭᠠᠯᠠᠭᠤ ᠶᠢᠨ ᠭᠡᠷ ᠲᠤ ᠬᠦᠷᠴᠦ᠂ ᠶᠠᠪᠠᠭᠠᠨ ᠭᠠᠯᠠᠭᠤ ᠲᠠᠢ ᠳᠣᠲᠣᠨᠣᠰᠤᠭ ᠢᠶᠠᠷ ᠠᠭᠤᠯᠵᠠᠵᠤ ᠪᠣᠯᠣᠨ᠎ᠠ ᠭᠡᠯᠡ᠃ | | | | | | | | ᠬᠠᠮᠲᠤ ᠲᠣᠭᠯᠠᠨ᠎ᠠ | | | | | | ᠴᠠᠰᠤᠨ ᠤ ᠦᠵᠡᠮᠵᠢ | | | ᠣᠶᠢᠯᠠᠭᠠᠭᠰᠠᠨ ᠢᠶᠠᠷ᠂ ᠭᠤᠷᠪᠠᠳᠤᠭᠠᠷ ᠬᠤᠭᠤᠴᠠᠭᠠᠨ ᠤ ᠭᠦᠭᠡᠬᠤᠲᠠ ᠶᠢᠨ ᠪᠠᠶᠠᠰᠤᠯᠳᠤ ᠮᠥᠰᠥ ᠴᠠᠰᠤᠨ ᠤ | ᠨᠠᠶᠢᠷ ᠤᠨ ᠬᠦᠷᠢᠶᠡᠯᠡᠩ ᠲᠣᠭᠤᠷᠢᠭ ᠤᠨ ᠶᠡᠷᠦᠩᠬᠡᠢ ᠲᠥᠯᠦᠪᠵᠢᠭᠦᠯᠭᠡ ᠶᠢᠨ ᠲᠠᠯᠠᠪᠠᠢ ᠨᠢ 27 ᠲᠦᠮᠡᠨ ᠲᠡᠭᠰᠢ | ᠳᠥᠷᠪᠡᠯᠵᠢᠨ ᠮᠸᠲᠷ ᠪᠠᠶᠢᠵᠤ᠂ ᠵᠢᠭᠤᠯᠴᠢᠯᠠᠨ ᠨᠠᠭᠠᠳᠬᠤ ᠲᠦᠷᠦᠯ ᠵᠦᠢᠯ ᠤᠨ ᠬᠤᠪᠢ ᠳᠤ ᠶᠠᠪᠠᠭᠠᠨ ᠭᠠᠯᠠᠭᠤ ᠶᠢᠨ | ᠮᠥᠰᠥ ᠴᠠᠰᠤᠨ ᠤ ᠠᠩᠬᠠᠨ ᠤ ᠦᠵᠡᠭᠦᠯᠭᠡ᠂ ᠴᠠᠰᠤᠨ ᠳᠤ ᠭᠤᠯᠭᠤᠬᠤ᠂ ᠮᠥᠰᠥᠨ ᠳᠤ ᠲᠡᠰᠢᠬᠦ᠂ 10000 + | ᠪᠣᠰᠤᠭ᠎ᠠ ᠳᠥᠷᠪᠡᠯᠵᠢᠨ ᠮᠧᠲᠷ ᠤᠨ ᠰᠣᠳᠣᠨ ᠮᠥᠰᠥᠨ ᠱᠤᠭᠤᠮᠠᠯ ᠵᠡᠷᠭᠡ ᠵᠢᠷᠭᠤᠭᠠᠨ ᠶᠡᠭᠡ ᠣᠨᠴᠠᠯᠢᠭ ᠲᠠᠢ ᠭᠢᠯᠠᠰ | ᠴᠡᠭ ᠢ ᠪᠤᠶ ᠪᠤᠯᠭᠠᠬᠰᠠᠨ ᠪᠠᠶᠢᠨ᠎ᠠ᠃ | | | | | | | ᠴᠠᠰᠤᠨ ᠳᠤ ᠭᠤᠯᠭᠤᠨ᠎ᠠ | | | | | | ᠭᠠᠯᠲᠤ ᠲᠡᠷᠭᠡ ᠶᠢᠨ ᠦᠵᠡᠭᠦᠯᠭᠡ | | | | | | ᠲᠡᠪᠡᠷᠢᠶ᠎ᠡ ᠴᠢᠮ᠎ᠠ ᠶᠢ ᠪᠠᠨ |