ᠪᠠᠶᠠᠷ ᠤᠨ ᠴᠢᠮᠡᠭᠡ︕ ︽ᠬᠦᠢᠰᠦ︾ ᠺᠢᠨᠣ᠋ ᠳᠡᠯᠡᠬᠡᠢ ᠶᠢᠨ ᠱᠠᠩᠨᠠᠯ ᠢ ᠭᠦᠷᠳᠡᠯ᠎ᠡ
ᠨᠡᠶᠢᠲᠡᠯᠡᠭᠰᠡᠨ ᠴᠠᠭ᠄
2024/2/1
     1 ᠰᠠᠷ᠎ᠠ ᠶᠢᠨ 28 ᠤ ᠡᠳᠦᠷ ᠤᠨ ᠦᠳᠡ ᠶᠢᠨ ᠬᠤᠶᠢᠨ᠎ᠠ ᠪᠧᠩᠭᠠᠯ ᠤᠯᠤᠰ ᠤᠨ 22 ᠳ᠋ᠤᠭᠠᠷ ᠬᠤᠭᠤᠴᠠᠭᠠᠨ ᠤ ᠳ᠋ᠠᠺᠠ ᠶᠢᠨ ᠣᠯᠠᠨ ᠤᠯᠤᠰ ᠤᠨ ᠺᠢᠨᠣ᠋ ᠶᠢᠨ ᠪᠠᠶᠠᠷ ᠤᠨ ᠱᠠᠩᠨᠠᠯ ᠣᠯᠭᠤᠬᠤ ᠶᠣᠰᠣᠯᠠᠯ ᠶᠠᠪᠤᠭᠳᠠᠵᠤ᠂ ᠮᠠᠨ ᠤ ᠤᠯᠤᠰ ᠤᠨ  ︽ᠬᠦᠢᠰᠦ︾  ᠺᠢᠨᠣ᠋ ᠨᠢ ᠬᠠᠮᠤᠭ ᠤᠨ ᠰᠢᠯᠢᠳᠡᠭ ᠺᠢᠨᠣ᠋ ᠪᠣᠯᠣᠨ ᠬᠠᠮᠤᠭ ᠤᠨ ᠰᠢᠯᠢᠳᠡᠭ ᠡᠮᠡᠭᠲᠡᠢ ᠭᠤᠣᠯ ᠲᠣᠭᠯᠠᠭᠴᠢ ᠶᠢᠨ ᠬᠤᠶᠠᠷ ᠲᠣᠮᠣ ᠱᠠᠩᠨᠠᠯ ᠢ ᠭᠥᠷᠳᠡᠭᠰᠡᠨ ᠪᠠᠶᠢᠨ᠎ᠠ᠃
     - ᠡᠨᠡ ᠪᠠᠶᠠᠷ ᠤᠨ ᠴᠢᠮᠡᠭᠡ ᠶᠢ ᠥᠨᠥ ᠥᠷᠯᠥᠭᠡ ᠰᠣᠨᠣᠰᠤᠭᠠᠳ ᠲᠤᠩ ᠶᠡᠭᠡ ᠪᠠᠶᠠᠷᠯᠠᠭᠰᠠᠨ︕ ᠺᠢᠨᠣ᠋ ᠪᠠᠭ ᠤᠨ ᠪᠦᠭᠦ ᠬᠥᠮᠥᠰ ᠤᠨ ᠤᠶᠤᠨ ᠤᠬᠠᠭᠠᠨ᠂ ᠬᠦᠴᠦ ᠭᠦᠳᠡᠯᠮᠤᠷᠢ ᠪᠠᠷ ᠪᠦᠲᠦᠭᠡᠭᠳᠡᠭᠰᠡᠨ ᠤᠷᠠᠨ ᠪᠦᠲᠦᠭᠡᠯ ᠮᠠᠨᠢ ᠺᠢᠨᠣ᠋ ᠰᠢᠯᠭᠠᠷᠠᠭᠤᠯᠤᠨ ᠦᠨᠡᠯᠡᠭᠴᠢᠳ ᠤᠨ ᠥᠨᠳᠥᠷ ᠦᠨᠡᠯᠡᠯᠲᠡ ᠶᠢ ᠣᠯᠵᠤ᠂  ᠳᠡᠯᠡᠬᠡᠢ ᠶᠢᠨ ᠬᠡᠮᠵᠢᠶᠡᠨ ᠤ ᠱᠠᠩᠨᠠᠯ ᠢ ᠬᠦᠷᠲᠡᠵᠦ ᠪᠠᠶᠢᠭ᠎ᠠ ᠨᠢ ᠪᠢᠳᠡᠨ ᠤ ᠬᠠᠮᠲᠤ ᠶᠢᠨ ᠪᠠᠭ᠋ᠠᠷᠬᠠᠯ᠂ ᠪᠠᠶᠠᠷᠯᠠᠭᠤᠰᠢᠲᠠᠢ ᠤᠴᠢᠷ ᠪᠣᠯᠵᠤ ᠪᠠᠶᠢᠨ᠎ᠠ ᠭᠡᠵᠦ ᠳᠤᠰ ᠺᠢᠨᠣ᠋ ᠶᠢᠨ ᠭᠤᠣᠯ ᠲᠣᠭᠯᠠᠭᠴᠢ ᠪᠠᠳᠮ᠎ᠠ ᠰᠣᠷᠪᠤᠯᠵᠢᠯᠠᠭ᠎ᠠ ᠬᠦᠯᠢᠶᠡᠬᠦ ᠳᠡᠭᠡᠨ ᠪᠠᠶᠠᠷᠲᠠᠶᠢᠬᠠᠨ ᠶᠠᠷᠢᠵᠤ ᠪᠠᠶᠢᠯ᠎ᠠ᠃
     ︽ᠬᠦᠢᠰᠦ︾  ᠺᠢᠨᠣ᠋ ᠨᠢ ᠥᠪᠥᠷ ᠮᠣᠩᠭᠤᠯ ᠤᠨ ᠵᠠᠯᠠᠭᠤ ᠤᠳᠤᠷᠢᠳᠤᠭᠠᠴᠢ ᠴᠢᠶᠤᠤ ᠰᠧ ᠰᠢᠤᠸᠠᠢ ᠶᠢᠨ ᠨᠠᠶᠢᠷᠠᠭᠤᠯᠤᠨ ᠤᠳᠤᠷᠢᠳᠤᠭᠠᠭᠰᠠᠨ ᠠᠩᠬᠠᠨ ᠤ ᠺᠢᠨᠣ᠋ ᠪᠦᠲᠦᠭᠡᠯ ᠪᠣᠯᠣᠨ᠎ᠠ᠃  ︽ᠬᠦᠢᠰᠦ︾  ᠺᠢᠨᠣ᠋ ᠶᠢ 2020 ᠣᠨ  ᠠᠴᠠ ᠬᠥᠯᠥᠨ ᠪᠤᠶᠢᠷ ᠲᠤ ᠡᠬᠢᠯᠡᠨ ᠰᠡᠭᠦᠳᠡᠷᠯᠡᠵᠦ᠂ 4 ᠵᠢᠯ ᠤᠨ ᠴᠠᠭ ᠢ ᠵᠠᠷᠤᠴᠠᠭᠤᠯᠤᠨ ᠰᠢᠩᠭᠡᠬᠡᠨ ᠦᠢᠯᠡᠳᠴᠦ᠂ 2023 ᠣᠨ ᠤ 3 ᠰᠠᠷ᠎ᠠ ᠶᠢᠨ 18 ᠤ ᠡᠳᠦᠷ ᠦᠵᠡᠭᠴᠢᠳ ᠲᠠᠢ ᠵᠣᠯᠭᠠᠭᠰᠠᠨ ᠪᠢᠯᠡ᠃ ᠡᠨᠡᠬᠦ ᠺᠢᠨᠣ᠋ ᠨᠢ ᠪᠦᠭᠦ ᠤᠯᠤᠰ ᠤᠨ ᠬᠡᠪᠴᠢᠶᠡᠨ ᠳᠤ ᠦᠵᠡᠭᠴᠢᠳ ᠤᠨ ︽ᠵᠠᠪᠠᠯ ᠦᠵᠡᠬᠦ ᠶᠣᠰᠣᠲᠠᠢ ᠺᠢᠨᠣ᠋ ᠁ ᠠᠮᠢᠳᠤᠷᠠᠯ ᠬᠠᠶᠢᠷ᠎ᠠ ᠶᠢᠨ ᠪᠦᠲᠦᠭᠡᠯ︕︾ ᠭᠡᠰᠡᠨ ᠥᠨᠳᠥᠷ ᠦᠨᠡᠯᠡᠯᠭᠡ ᠶᠢ ᠣᠯᠣᠭᠰᠠᠨ ᠪᠥᠭᠡᠳ ᠭᠧᠷᠮᠠᠨ᠂ ᠠᠦ᠋ᠰᠲᠷᠠᠯᠢᠶ᠎ᠠ᠂ ᠶᠠᠫᠤᠨ ᠵᠡᠷᠭᠡ ᠳᠡᠯᠡᠬᠡᠢ ᠶᠢᠨ ᠬᠡᠪᠴᠢᠶᠡᠨ ᠤ ᠤᠯᠠᠨ ᠤᠯᠤᠰ ᠲᠤ ᠴᠦ ᠳᠡᠯᠭᠡᠭᠳᠡᠵᠦ᠂ ᠤᠯᠠᠨ ᠤ ᠠᠩᠬᠠᠷᠤᠯ ᠳᠤ ᠭᠦᠷᠦᠭᠰᠡᠨ ᠪᠢᠯᠡ᠃      ᠺᠢᠨᠣ᠋ ᠳᠤ ᠮᠡᠨᠡᠭ ᠡᠪᠡᠳᠴᠢᠨ ᠲᠠᠢ ᠡᠵᠢ  ︵ᠪᠠᠳᠮ᠎ᠠ ᠲᠣᠭᠯᠠᠪᠠ︶   ᠪᠠᠨ ᠠᠰᠠᠷᠠᠬᠤ ᠪᠠᠷ ᠬᠤᠳᠠ ᠠᠴᠠ ᠬᠥᠳᠡᠭᠡ ᠪᠠᠨ ᠬᠠᠷᠢᠵᠤ ᠢᠷᠡᠭᠰᠡᠨ ᠤᠷᠠᠯᠢᠭᠴᠢᠨ ᠵᠠᠯᠠᠭᠤ ᠠᠯᠤᠰ ︵ᠢᠳᠡᠷ ᠲᠣᠭᠯᠠᠪᠠ︶  ᠡᠵᠢ ᠪᠠᠨ ᠮᠡᠨᠡᠭ ᠡᠪᠡᠳᠴᠢᠨ ᠨᠢ ᠬᠥᠳᠡᠯᠪᠡᠯ ᠲᠥᠭᠡᠷᠢᠵᠦ ᠶᠠᠪᠤᠬᠤ ᠠᠴᠠ ᠠᠶᠤᠵᠤ᠂ ᠠᠷᠭᠠᠮᠵᠢᠶ᠎ᠠ ᠪᠠᠷ ᠪᠡᠶ᠎ᠡ ᠠᠴᠠ ᠪᠠᠨ ᠬᠤᠯᠪᠣᠭᠰᠠᠨ ᠦᠯᠢᠭᠡᠷ ᠤᠴᠢᠷ ᠢᠶᠠᠷ ᠰᠢᠵᠢᠮᠯᠡᠵᠦ᠂ ᠭᠦᠢ ᠪᠠᠷ ᠬᠤᠯᠪᠣᠭᠠᠲᠠᠢ ᠡᠬᠡ ᠦᠷ᠎ᠡ ᠶᠢᠨ ᠬᠠᠶᠢᠷ᠎ᠠ ᠰᠡᠳᠬᠢᠯᠭᠡ᠂ ᠠᠷᠭᠠᠮᠵᠢᠵᠤ ᠦᠯᠦ ᠴᠢᠳᠠᠬᠤ ᠶᠢᠷᠲᠢᠨᠴᠦ ᠶᠢᠨ ᠡᠷᠭᠢᠯ ᠣᠷᠴᠢᠯ ᠢ ᠲᠤᠰᠬᠠᠨ ᠢᠯᠡᠷᠡᠭᠦᠯᠵᠦ᠂ ᠦᠵᠡᠭᠴᠢ ᠶᠢᠨ ᠰᠡᠳᠬᠢᠯ ᠢ ᠭᠦᠨᠳᠡᠭᠰᠡᠨ ᠪᠠᠶᠢᠳᠠᠭ᠃      ᠺᠢᠨᠣ᠋ ᠶᠢᠨ ᠬᠠᠮᠲᠤ ᠤᠯᠠᠨ ᠳᠤ ᠪᠠᠶᠠᠷ ᠬᠦᠷᠭᠡᠶ᠎ᠡ︕
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号