ᠨᠠᠢᠮᠠᠨ ᠬᠤᠰᠢᠭᠤᠨ ᠤ 5 ᠰᠣᠨᠣᠷ ᠵᠡᠮᠳᠡᠭ ᠡᠪᠡᠳᠴᠢᠲᠡᠨ ︽ᠡᠷᠡᠭᠦᠯᠵᠢᠯ᠎ᠡ︾
ᠨᠡᠶᠢᠲᠡᠯᠡᠭᠰᠡᠨ ᠴᠠᠭ᠄
2024/2/1
- ᠮᠢᠨᠤ ᠥᠬᠢᠨ ᠰᠣᠨᠣᠰᠳᠠᠭ ᠪᠣᠯᠤᠭᠰᠠᠨ᠂ ᠪᠠᠢ ᠢᠦᠢ ᠬᠤᠩ ᠳᠠᠭᠠᠭᠠᠮᠠᠯ ᠳᠤ ᠲᠠᠯᠠᠷᠬᠠᠵᠤ ᠪᠠᠶᠢᠨ᠎ᠠ︕      ᠣᠶᠢᠷ᠎ᠠ ᠳᠤ᠂ ᠪᠠᠢ ᠢᠦᠢ ᠬᠤᠩ ᠠᠪᠠᠭ᠋ᠠᠢ ᠶᠢᠨ ︽ᠬᠢᠮᠡᠯ ᠴᠢᠬᠢᠨ ᠤ ᠲᠤᠩ︾ ᠲᠤᠰᠠᠯᠠᠭᠰᠠᠨ ᠠᠵᠢᠯᠯᠠᠭ᠎ᠠ ᠶᠢᠨ ᠲᠠᠯᠠᠷᠬᠠᠯ ᠤᠨ ᠬᠤᠷᠠᠯ ᠳᠡᠭᠡᠷ᠎ᠡ ᠰᠣᠨᠣᠷ ᠵᠡᠮᠳᠡᠭ ᠡᠪᠡᠳᠴᠢᠲᠡᠨ ᠤ ᠭᠡᠷ ᠤᠨ ᠠᠬᠠᠮᠠᠳ ᠯᠢ ᠱᠧᠨ ᠹᠦ᠋ ᠨᠢᠯᠪᠤᠰᠤ ᠠᠰᠬᠠᠷᠠᠭᠤᠯᠵᠤ᠂ ᠬᠢᠮᠡᠯ ᠴᠢᠬᠢᠨ ᠤ ᠲᠤᠩ ᠬᠠᠨᠳᠢᠪᠯᠡᠭ᠌ᠰᠠᠨ ᠲᠦᠩᠯᠢᠶᠣᠣ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ᠂ ᠱᠧᠩ ᠶᠠᠩ ᠬᠢᠮᠡᠯ ᠮᠥᠴᠢ ᠵᠢᠴᠢ ᠵᠠᠯᠠᠷᠠᠭᠤᠯᠬᠤ ᠪᠠᠭᠠᠵᠢ ᠶᠢᠨ ᠬᠢᠵᠠᠭᠠᠷᠲᠤ ᠺᠤᠮᠫᠠᠨᠢ ᠶᠢᠨ ᠶᠡᠷᠦᠩᠬᠡᠢ ᠳᠠᠭᠠᠭᠠᠮᠠᠯ ᠪᠠᠢ ᠢᠦᠢ ᠬᠤᠩ ᠳᠤ ᠲᠠᠯᠠᠷᠬᠠᠵᠤ ᠪᠠᠶᠢᠬᠤ ᠪᠠᠨ ᠡᠶᠢᠨ ᠬᠦ ᠢᠯᠡᠳᠬᠡᠵᠦ ᠪᠠᠶᠢᠯ᠎ᠠ᠃      ᠲᠤᠰ ᠡᠳᠦᠷ᠂ ᠲᠤᠰᠠᠯᠠᠮᠵᠢ ᠪᠠᠷ ᠬᠢᠮᠡᠯ ᠴᠢᠬᠢᠨ ᠤ ᠲᠤᠩ ᠤᠨ ᠮᠡᠰᠡ ᠵᠠᠰᠠᠯ ᠬᠢᠭᠡᠳ ᠠᠮᠵᠢᠯᠲᠠ ᠣᠯᠣᠭᠰᠠᠨ ᠨᠠᠰᠤᠨ ᠳᠤ ᠭᠦᠷᠦᠭᠰᠡᠨ ᠰᠣᠨᠣᠷ ᠵᠡᠮᠳᠡᠭ 5 ᠬᠥᠮᠥᠨ ᠪᠠᠢ ᠢᠦᠢ ᠬᠤᠩ ᠳᠤ ︽ᠥᠭᠭᠢᠶᠡᠮᠦᠷ ᠬᠠᠶᠢᠷ᠎ᠠ ᠰᠡᠳᠬᠢᠯ ᠢ ᠤᠮᠳᠠᠯᠠᠨ᠂ ᠠᠷᠢᠭᠤᠨ ᠦᠢᠯᠡᠰ ᠳᠡᠯᠡᠬᠡᠢ ᠶᠢ ᠪᠠᠶᠠᠰᠬᠠᠨ᠎ᠠ︾ ᠭᠡᠬᠦ ᠬᠡᠮᠡᠷᠯᠢᠭ ᠲᠤᠭ ᠬᠦᠷᠭᠡᠭᠰᠡᠨ ᠪᠠᠶᠢᠨ᠎ᠠ᠃      ᠬᠢᠮᠡᠯ ᠴᠢᠬᠢᠨ ᠤ ᠲᠤᠩ ᠪᠣᠯ ᠬᠦᠨᠳᠦ ᠪᠤᠶᠤ ᠲᠤᠶᠢᠯ ᠤᠨ ᠬᠦᠨᠳᠦ ᠳᠠᠭᠤᠨ ᠤ ᠮᠡᠳᠡᠷᠡᠯ ᠤᠨ ᠴᠢᠨᠠᠷᠲᠠᠢ ᠳᠦᠯᠡᠢ ᠶᠢ ᠵᠠᠰᠠᠬᠤ ᠲᠥᠬᠦᠭᠡᠷᠦᠮᠵᠢ ᠪᠣᠯᠣᠨ᠎ᠠ᠂ ᠪᠡᠶ᠎ᠡ ᠶᠢᠨ ᠭᠠᠳᠠᠨᠠᠬᠢ ᠦᠭᠡ ᠭᠡᠯᠡ ᠰᠢᠢᠳᠪᠦᠷᠢᠯᠡᠬᠦ ᠮᠠᠰᠢᠨ ᠠᠴᠠ ᠳᠠᠭᠤ ᠶᠢ ᠲᠣᠭᠲᠠᠭᠰᠠᠨ ᠺᠣᠳ᠋ ᠤᠨ ᠭᠡᠯᠪᠡᠷᠢ ᠪᠠᠷ ᠴᠠᠭᠢᠯᠭᠠᠨ ᠳᠣᠬᠢᠶ᠎ᠠ ᠪᠣᠯᠭᠠᠨ ᠬᠤᠪᠢᠷᠠᠭᠤᠯᠵᠤ᠂ ᠪᠡᠶ᠎ᠡ ᠶᠢᠨ ᠳᠣᠲᠣᠭᠠᠳᠤ ᠳᠤ ᠲᠠᠭᠠᠷᠠᠭᠤᠯᠤᠬᠰᠠᠨ ᠴᠠᠭᠢᠯᠭᠠᠨ ᠲᠤᠶᠢᠯ ᠤᠨ ᠰᠢᠰᠲ᠋ᠧᠮ ᠢᠶᠠᠷ ᠳᠠᠮᠵᠢᠨ ᠰᠢᠭᠤᠳ ᠰᠣᠨᠣᠷ ᠤᠨ ᠮᠡᠳᠡᠷᠡᠯ ᠢ ᠬᠥᠭᠡᠷᠦᠭᠦᠯᠦᠨ᠂ ᠳᠦᠯᠡᠢ ᠬᠥᠮᠥᠨ ᠤ ᠰᠣᠨᠣᠷ ᠤᠨ ᠴᠢᠳᠠᠪᠤᠷᠢ ᠶᠢ ᠰᠡᠷᠭᠦᠭᠡᠬᠦ ᠪᠤᠶᠤ ᠳᠠᠭᠢᠨ ᠰᠣᠨᠣᠷ ᠣᠷᠣᠭᠤᠯᠳᠠᠭ᠃ ᠭᠡᠪᠡᠴᠦ ᠡᠩ ᠤᠨ ᠭᠡᠷ ᠪᠦᠯᠢ ᠬᠢᠮᠡᠯ ᠴᠢᠬᠢᠨ ᠤ ᠲᠤᠩ ᠵᠢᠴᠢ ᠮᠡᠰᠡ ᠵᠠᠰᠠᠯ ᠤᠨ ᠥᠨᠳᠥᠷ ᠵᠠᠷᠤᠳᠠᠯ ᠢ ᠭᠠᠷᠭᠠᠬᠤ ᠳᠤ ᠬᠦᠴᠢᠷ ᠲᠠᠢ᠃ ᠨᠠᠢᠮᠠᠨ ᠬᠤᠰᠢᠭᠤᠨ ᠤ ᠨᠢᠭᠡ ᠪᠦᠯᠦᠭ ᠨᠠᠰᠤᠨ ᠳᠤ ᠭᠦᠷᠦᠭᠰᠡᠨ ᠰᠣᠨᠣᠷ ᠵᠡᠮᠳᠡᠭ ᠬᠥᠮᠥᠰ ᠬᠢᠮᠡᠯ ᠴᠢᠬᠢᠨ ᠤ ᠲᠤᠩ ᠤᠨ ᠬᠡᠷᠡᠭᠰᠡᠵᠦ ᠪᠠᠶᠢᠬᠤ ᠶᠢ ᠮᠡᠳᠡᠭᠰᠡᠨ ᠤ ᠳᠠᠷᠠᠭ᠎ᠠ᠂ ᠪᠠᠢ ᠢᠦᠢ ᠬᠤᠩ ᠤᠯᠠᠨ ᠲᠠᠯ᠎ᠠ ᠪᠠᠷ ᠬᠠᠷᠢᠯᠴᠠᠬᠤ ᠪᠠ ᠣᠯᠠᠨᠲᠠ ᠶᠠᠷᠢᠯᠴᠠᠬᠤ ᠪᠠᠷ ᠳᠠᠮᠵᠢᠨ᠂ ᠨᠠᠢᠮᠠᠨ ᠬᠤᠰᠢᠭᠤᠨ ᠤ ᠨᠠᠰᠤᠨ ᠳᠤ ᠭᠦᠷᠦᠭᠰᠡᠳ ᠲᠤ ᠬᠢᠮᠡᠯ ᠴᠢᠬᠢᠨ ᠤ ᠲᠤᠩ ᠢ ᠦᠨ᠎ᠡ ᠲᠥᠯᠥᠪᠦᠷᠢ ᠦᠭᠡᠢ ᠲᠠᠭᠠᠷᠠᠭᠤᠯᠵᠤ ᠥᠭᠬᠦ 5 ᠣᠷᠣᠨ ᠲᠤᠭ᠎ᠠ ᠶᠢ ᠣᠯᠵᠤ ᠥᠭᠴᠡᠢ᠃ ︽ᠪᠢ ᠨᠡᠩ ᠣᠯᠠᠨ ᠰᠣᠨᠣᠷ ᠤᠨ ᠰᠠᠭᠠᠳ ᠲᠠᠢ ᠬᠥᠮᠥᠰ ᠤᠨ ︿ᠳᠠᠭᠤ ᠦᠭᠡᠢ ᠶᠢᠷᠲᠢᠨᠴᠦ﹀ ᠠᠴᠠ ᠰᠠᠯᠵᠤ᠂ ᠪᠤᠰᠤᠳ ᠲᠠᠢ ᠠᠳᠠᠯᠢ ᠪᠡᠶ᠎ᠡ ᠪᠠᠨ ᠳᠠᠭᠠᠭᠠᠵᠤ ᠠᠮᠢᠳᠤᠷᠠᠨ᠂ ᠰᠢᠨ᠎ᠡ ᠠᠮᠢᠳᠤᠷᠠᠯ ᠢᠶᠠᠨ ᠡᠬᠢᠯᠡᠭᠦᠯᠬᠦ ᠶᠢ ᠬᠦᠰᠡᠵᠦ ᠪᠠᠶᠢᠨ᠎ᠠ︾ ᠭᠡᠵᠦ ᠪᠠᠢ ᠢᠦᠢ ᠬᠤᠩ ᠬᠡᠯᠡᠵᠦ ᠪᠠᠶᠢᠯ᠎ᠠ᠃      ᠨᠠᠢᠮᠠᠨ ᠬᠤᠰᠢᠭᠤᠨ ᠤ ᠵᠡᠮᠳᠡᠭᠴᠦᠳ ᠤᠨ ᠬᠤᠯᠪᠣᠭᠠᠨ ᠤ ᠬᠠᠪᠰᠤᠷᠤᠯᠭ᠎ᠠ ᠪᠠᠷ ᠲᠤᠰ ᠬᠤᠰᠢᠭᠤᠨ ᠤ ᠱᠠᠭᠠᠷᠳᠠᠯᠭ᠎ᠠ ᠳᠤ ᠨᠡᠶᠢᠴᠡᠭᠰᠡᠨ 11 ᠰᠣᠨᠣᠷ ᠵᠡᠮᠳᠡᠭ ᠬᠥᠮᠥᠰ ᠢ ᠠᠩᠬ᠎ᠠ ᠠᠯᠬᠤᠮ ᠰᠣᠩᠭᠤᠨ ᠭᠠᠷᠭᠠᠬᠤ ᠶᠢᠨ ᠬᠠᠮᠲᠤ ᠳᠡᠳᠡᠨ ᠢ ᠳᠠᠭᠠᠭᠤᠯᠤᠨ ᠤᠷᠢᠳ ᠬᠤᠵᠢᠳ ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ ᠡᠷᠡᠭᠦᠯᠵᠢᠯ ᠤᠨ ᠨᠠᠶᠢᠳᠠᠨ ᠠᠰᠠᠷᠠᠬᠤ ᠲᠥᠪ ᠲᠤ ᠬᠦᠷᠴᠦ᠂ ᠤᠯᠠᠮ ᠨᠢᠭᠡ ᠠᠯᠬᠤᠮ ᠰᠢᠭᠰᠢᠨ ᠪᠠᠶᠢᠴᠠᠭᠠᠭᠠᠳ᠂ 5 ᠬᠥᠮᠥᠨ ᠨᠢ ᠬᠢᠮᠡᠯ ᠴᠢᠬᠢᠨ ᠤ ᠲᠤᠩ ᠲᠠᠭᠠᠷᠠᠭᠤᠯᠬᠤ ᠨᠥᠬᠦᠴᠡᠯ ᠲᠠᠢ ᠪᠠᠶᠢᠬᠤ ᠶᠢ ᠲᠣᠭᠲᠠᠭᠠᠵᠠᠢ᠃ ᠣᠳᠣᠬᠠᠨ ᠳᠤ 5 ᠬᠢᠮᠡᠯ ᠴᠢᠬᠢᠨ ᠤ ᠲᠤᠩ ᠢ ᠪᠦᠭᠦᠨ ᠢ ᠮᠡᠰᠡ ᠵᠠᠰᠠᠯ ᠬᠢᠵᠦ ᠲᠠᠭᠠᠷᠠᠭᠤᠯᠤᠭᠠᠳ ᠠᠮᠵᠢᠯᠲᠠ ᠣᠯᠵᠤ᠂ 3 ᠬᠥᠮᠥᠨ ᠤ ᠬᠢᠮᠡᠯ ᠴᠢᠬᠢᠨ ᠤ ᠲᠤᠩ ᠤᠨ ᠨᠡᠭᠡᠯᠡᠭᠡᠢ ᠶᠢ ᠨᠡᠭᠡᠭᠡᠭᠡᠳ᠂ ᠰᠣᠨᠣᠷ ᠤᠨ ᠰᠡᠷᠭᠦᠯᠲᠡ ᠶᠢᠨ ᠬᠤᠭᠤᠴᠠᠭᠠᠨ ᠳᠤ ᠣᠷᠣᠵᠤ᠂ 2 ᠬᠥᠮᠥᠨ ᠤ ᠨᠡᠭᠡᠯᠡᠭᠡᠢ ᠶᠢ ᠨᠢ ᠨᠡᠭᠡᠭᠡᠬᠦ ᠪᠠᠷ ᠬᠦᠯᠢᠶᠡᠵᠦ ᠪᠠᠶᠢᠨ᠎ᠠ᠃      ᠡᠨᠡ ᠪᠣᠯ ᠨᠠᠢᠮᠠᠨ ᠬᠤᠰᠢᠭᠤ ᠠᠩᠬ᠎ᠠ ᠤᠳᠠᠭ᠎ᠠ ᠨᠠᠰᠤᠨ ᠳᠤ ᠭᠦᠷᠦᠭᠰᠡᠳ ᠲᠤ ᠬᠢᠮᠡᠯ ᠴᠢᠬᠢᠨ ᠤ ᠲᠤᠩ ᠢ ᠦᠨ᠎ᠡ ᠲᠥᠯᠥᠪᠦᠷᠢ ᠦᠭᠡᠢ ᠢᠯᠭᠤᠮ ᠤᠷᠤᠭᠰᠢᠲᠠᠢ ᠲᠠᠭᠠᠷᠠᠭᠤᠯᠤᠬᠰᠠᠨ ᠶᠠᠪᠤᠳᠠᠯ ᠪᠣᠯᠣᠨ᠎ᠠ᠃ ᠰᠢᠭᠰᠢᠨ ᠪᠠᠶᠢᠴᠠᠭᠠᠬᠤ ᠪᠠ ᠮᠡᠰᠡ ᠵᠠᠰᠠᠯ ᠬᠢᠬᠦ ᠬᠤᠭᠤᠴᠠᠭᠠᠨ ᠳᠤ ᠪᠠᠢ ᠢᠦᠢ ᠬᠤᠩ ᠪᠠᠰᠠ ᠥᠪᠡᠷ ᠤᠨ ᠵᠠᠷᠤᠳᠠᠯ ᠢᠶᠠᠷ ᠢᠶᠠᠨ 5 ᠰᠣᠨᠣᠷ ᠤᠨ ᠰᠠᠭᠠᠳ ᠲᠠᠢ ᠬᠥᠮᠥᠰ ᠤᠨ ᠬᠤᠨᠤᠭ ᠤᠨ ᠵᠠᠷᠤᠳᠠᠯ ᠢ ᠭᠠᠷᠭᠠᠨ᠂ ᠲᠤᠰᠬᠠᠢ ᠬᠥᠮᠥᠨ ᠲᠣᠬᠢᠷᠠᠭᠤᠯᠤᠨ ᠪᠦᠭᠦ ᠶᠠᠪᠤᠴᠠ ᠳᠤ ᠦᠢᠯᠡᠴᠢᠯᠡᠭᠰᠡᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号