| | | | ᠶᠢᠷᠲᠢᠨᠴᠦ ᠶᠢᠨ ᠳᠥᠷᠪᠡ | | | ᠲᠦᠷᠪᠡᠨ ᠠᠷᠢᠭᠤᠨ | | | ᠡᠨᠡᠷᠢᠯᠲᠦ ᠡᠵᠢ ᠶᠢᠨ ᠰᠦ ᠨᠢᠭᠡ ᠠᠷᠢᠭᠤᠨ | ᠡᠴᠢᠭᠡ ᠬᠥᠮᠥᠨ ᠤ ᠰᠡᠳᠬᠢᠯ ᠨᠢᠭᠡ ᠠᠷᠢᠭᠤᠨ | ᠡᠷᠳᠡᠮᠳᠤ ᠪᠠᠭᠰᠢ ᠶᠢᠨ ᠰᠤᠷᠭᠠᠯ ᠨᠢᠭᠡ ᠠᠷᠢᠭᠤᠨ | ᠡᠬᠡ ᠣᠷᠣᠨᠴᠢ ᠶᠢᠨ ᠵᠢᠳᠬᠦᠯ ᠨᠢᠭᠡ ᠠᠷᠢᠭᠤᠨ | | | | ᠲᠦᠷᠪᠡᠨ ᠠᠭᠤᠰᠳᠠᠭ | | | ᠠᠯᠢᠮ᠎ᠠ ᠭᠡᠭᠴᠢ ᠠᠷᠠᠭᠠᠨ ᠳᠤ ᠠᠭᠤᠰᠳᠠᠭ | ᠠᠮᠲᠠ ᠭᠡᠭᠴᠢ ᠬᠡᠯᠡᠨ ᠳᠤ ᠠᠭᠤᠰᠳᠠᠭ | ᠠᠷᠢᠬᠢ ᠭᠡᠭᠴᠢ ᠮᠡᠳᠡᠷᠡᠯ ᠳᠤ ᠠᠭᠤᠰᠳᠠᠭ | ᠠᠮᠠᠷᠠᠭ ᠭᠡᠭᠴᠢ ᠰᠡᠳᠬᠢᠯ ᠳᠤ ᠠᠭᠤᠰᠳᠠᠭ | | | | | ᠲᠦᠷᠪᠡᠨ ᠲᠡᠮᠳᠡᠭ | | | ᠤᠨᠲᠠᠬᠤ ᠨᠣᠶᠢᠷ ᠨᠢ ᠶᠡᠬᠡᠳᠡᠪᠡᠯ ᠮᠣᠩᠬᠠᠷᠬᠤ ᠶᠢᠨ ᠲᠡᠮᠳᠡᠭ | ᠤᠤᠭᠤᠬᠤ ᠢᠳᠡᠬᠦ ᠨᠢ ᠶᠡᠬᠡᠳᠡᠪᠡᠯ ᠦᠭᠡᠶᠢᠷᠡᠬᠦ ᠶᠢᠨ ᠲᠡᠮᠳᠡᠭ | ᠣᠮᠣᠷᠬᠠᠵᠤ ᠪᠠᠷᠳᠠᠮᠨᠠᠬᠤ ᠨᠢ ᠶᠡᠬᠡᠳᠡᠪᠡᠯ ᠳᠣᠷᠣᠶᠢᠲᠠᠬᠤ ᠶᠢᠨ ᠲᠡᠮᠳᠡᠭ | ᠣᠷᠭᠢᠵᠤ ᠭᠠᠯᠵᠠᠭᠤᠷᠬᠤ ᠨᠢ ᠶᠡᠬᠡᠳᠡᠪᠡᠯ ᠪᠠᠭᠤᠷᠠᠬᠤ ᠶᠢᠨ ᠲᠡᠮᠳᠡᠭ | | | | | ᠲᠦᠷᠪᠡᠨ ᠠᠭᠤᠳᠠᠮ | | | ᠦᠵᠡᠭᠳᠡᠵᠦ ᠬᠠᠷᠠᠭᠳᠠᠬᠤ ᠦᠭᠡᠢ ᠣᠷᠴᠢᠯᠠᠩ ᠨᠢᠭᠡ ᠠᠭᠤᠳᠠᠮ | ᠣᠯᠣᠮ ᠢᠷᠤᠭᠠᠷ ᠦᠭᠡᠢ ᠲᠠᠯᠠᠢ ᠨᠢᠭᠡ ᠠᠭᠤᠳᠠᠮ | ᠦᠵᠦᠭᠦᠷ ᠬᠢᠵᠠᠭᠠᠷ ᠦᠭᠡᠢ ᠲᠠᠯ᠎ᠠ ᠨᠢᠭᠡ ᠠᠭᠤᠳᠠᠮ | ᠣᠶᠢᠯᠠᠭᠠᠵᠤ ᠪᠠᠷᠠᠭᠳᠠᠰᠢ ᠦᠭᠡᠢ ᠤᠬᠠᠭᠠᠨ ᠨᠢᠭᠡ ᠠᠭᠤᠳᠠᠮ | | | | | ᠲᠦᠷᠪᠡᠨ ᠬᠦᠨᠳᠡᠬᠦ | | | ᠵᠥᠪ ᠦᠭᠡ ᠵᠢᠷᠦᠬᠡ ᠬᠦᠨᠳᠡᠬᠦ | ᠵᠥᠭᠡᠯᠡᠨ ᠵᠠᠩ ᠰᠡᠳᠬᠢᠯ ᠬᠦᠨᠳᠡᠬᠦ | ᠵᠥᠷᠢᠭᠦᠦ ᠮᠠᠷᠭᠤᠭᠠᠨ ᠠᠭᠤᠷ ᠬᠦᠨᠳᠡᠬᠦ | ᠵᠥᠷᠢᠴᠡᠯ ᠲᠡᠮᠡᠴᠡᠯ ᠪᠡᠶ᠎ᠡ ᠬᠦᠨᠳᠡᠬᠦ | | | | | ᠲᠦᠷᠪᠡᠨ ᠰᠠᠶᠢᠬᠠᠨ | | | ᠥᠷᠢ ᠦᠭᠡᠢ ᠪᠣᠯ ᠪᠠᠶᠠᠯᠢᠭ ᠰᠠᠶᠢᠬᠠᠨ | ᠡᠪᠡᠳᠴᠢᠨ ᠦᠭᠡᠢ ᠪᠣᠯ ᠵᠢᠷᠭᠠᠯᠠᠩ ᠰᠠᠶᠢᠬᠠᠨ | ᠥᠰ ᠦᠭᠡᠢ ᠪᠣᠯ ᠨᠦᠬᠦᠷᠰᠡᠭ ᠰᠠᠶᠢᠬᠠᠨ | ᠡᠵᠡᠷᠬᠡᠭ ᠦᠭᠡᠢ ᠪᠣᠯ ᠲᠠᠶᠢᠪᠤᠩ ᠰᠠᠶᠢᠬᠠᠨ | | | | | ᠲᠦᠷᠪᠡᠯ ᠵᠠᠰᠠᠯ | | | ᠡᠮᠡᠭᠡᠯ ᠬᠠᠵᠠᠭᠠᠷ ᠮᠣᠷᠢᠨ ᠤ ᠵᠠᠰᠠᠯ | ᠡᠭᠡᠮᠦᠭ ᠰᠦᠢᠬᠡ ᠴᠢᠬᠢᠨ ᠤ ᠵᠠᠰᠠᠯ | ᠡᠷᠳᠡᠮ ᠨᠣᠮ ᠪᠠᠶᠠᠨ ᠤ ᠵᠠᠰᠠᠯ | ᠡᠷᠳᠡᠨᠢ ᠮᠥᠩᠭᠦ ᠠᠮᠢᠳᠤᠷᠠᠯ ᠤᠨ ᠵᠠᠰᠠᠯ | | | | | ᠲᠦᠷᠪᠡᠨ ᠪᠠᠷᠠᠭᠠᠨ | | | ᠡᠳ᠋ ᠦᠭᠡᠢ ᠪᠣᠯ ᠬᠥᠮᠥᠨ ᠤ ᠠᠪᠳᠠᠷ᠎ᠠ ᠪᠠᠷᠠᠭᠠᠨ | ᠡᠪ ᠦᠭᠡᠢ ᠪᠣᠯ ᠬᠥᠮᠥᠨ ᠤ ᠠᠮᠢᠳᠤᠷᠠᠯ ᠪᠠᠷᠠᠭᠠᠨ | ᠡᠴᠢᠭᠡ ᠦᠭᠡᠢ ᠪᠣᠯ ᠬᠥᠮᠥᠨ ᠤ ᠥᠮᠥᠭ ᠪᠠᠷᠠᠭᠠᠨ | ᠡᠷᠳᠡᠮ ᠦᠭᠡᠢ ᠪᠣᠯ ᠬᠥᠮᠥᠨ ᠤ ᠦᠢᠯᠡᠰ ᠪᠠᠷᠠᠭᠠᠨ |